ᠡᠷᠡᠨ ᠴᠠᠭ ᠤᠨ ᠪᠠᠶᠠᠰᠬᠤᠯᠠᠡᠭ ᠡᠬᠡᠰᠢᠭ ᠳᠠᠭᠤᠨ ᠤ ᠳᠠᠭᠤᠷᠢᠰᠬᠤᠯᠠᠡᠭ

2025-03-23 03:27:41

ᠤᠯᠠᠮᠵᠢᠯᠠᠯᠲᠤ ᠰᠤᠶᠤᠯ ᠤᠨ ᠡᠴᠢᠨ᠎ᠠ ᠬᠦᠨ ᠢ ᠰᠢᠨ᠎ᠠ ᠴᠠᠭ ᠦᠶ᠎ᠡ ᠵᠢᠨ ᠰᠤᠳᠤᠨ ᠤᠷᠤᠰᠬᠠᠯ ᠲᠠᠢ ᠠᠭᠤᠰᠤᠯᠴᠠᠭᠤᠯᠤᠨ᠂ ᠡᠬᠡ ᠪᠠᠶᠢᠭᠠᠯᠢ᠂ ᠬᠦᠮᠦᠨ ᠵᠤᠨ᠂ ᠠᠮᠢᠲᠠᠨ ᠤᠷᠭᠤᠮᠠᠯ ᠤᠨ ᠬᠤᠭᠤᠷᠤᠨᠳᠤᠬᠢ ᠤᠷᠤᠰᠢᠨ ᠲᠤᠭᠲᠠᠨᠢᠯ᠂ ᠦᠰᠢᠯ ᠬᠢᠰᠠᠯ᠂ ᠡᠶ᠎ᠡ ᠨᠠᠶᠢᠷ ᠢ ᠲᠠᠶᠢᠰᠠᠨ ᠳ᠋ᠤ ᠠᠮᠢᠯᠠᠭᠤᠯᠤᠨ᠂ ᠦᠵᠡᠭᠴᠢᠳ ᠤᠨ ᠤᠤᠬᠠᠢ ᠵᠢᠨ ᠲᠦᠷᠢᠯᠬᠡ᠂ ᠰᠡᠳᠬᠢᠯ ᠤᠨ ᠬᠡᠶᠢᠷᠬᠡᠯ ᠢ ᠨᠢᠬᠡᠨ ᠬᠡᠮᠵᠢᠶᠡᠨ ᠳ᠋ᠤ ᠲᠠᠲᠠᠨ ᠠᠪᠴᠢᠷᠠᠵᠤ᠂ ᠤᠷᠠᠯᠢᠭ ᠤᠨ ᠲᠡᠭᠡᠳᠦ ᠬᠤᠷᠢᠶᠠᠨᠭᠭᠤᠢ ᠪᠤᠯᠤᠭᠰᠠᠨ ᠳᠠᠭᠤᠯᠠᠯᠲᠤ ᠪᠦᠵᠢᠭᠲᠤ ᠵᠦᠴᠦᠬᠡ︽ᠬᠦᠷᠦ ᠳᠠᠭᠤᠤ︾3 ᠰᠠᠷ᠎ᠠ ᠵᠢᠨ 17 ᠤ ᠤᠷᠤᠢ ᠤᠷᠳᠤᠰ ᠲᠢᠶᠠᠲᠷ ᠲᠤ ᠲᠤᠭᠯᠠᠭᠳᠠᠯ᠎ᠠ᠃

ᠪᠢᠴᠢᠬᠠᠨ ᠦᠬᠢᠨ ᠢᠷᠭᠤᠢ ᠡᠪᠦᠬᠡ ᠠᠪᠤ ᠲᠠᠢ ᠪᠠᠨ ᠳᠠᠭᠤᠲᠤ ᠨᠠᠭᠤᠷ ᠤᠨ ᠬᠦᠪᠡᠬᠡᠨ ᠳ᠋ᠤ ᠠᠯᠬᠤᠯᠠᠬᠤ ᠵᠠᠭᠤᠷ᠎ᠠ ᠦᠨᠢ ᠡᠷᠲᠡᠨ ᠤ ᠬᠦᠷᠦ ᠳᠠᠭᠤᠨ ᠤ ᠲᠤᠬᠠᠢ ᠦᠯᠢᠬᠡᠷ ᠲᠤᠮᠤᠭ ᠰᠤᠨᠤᠰᠴᠤ ᠲᠡᠭᠦᠨ ᠤ ᠲᠤᠮᠳᠠ ᠰᠤᠭᠲᠤᠭᠤᠷᠠᠨ ᠭᠠᠶᠢᠬᠠᠮᠰᠢᠭᠲᠤ ᠳᠡᠯᠳᠡ ᠶ᠋ᠢᠷᠲᠢᠨᠴᠤ ᠳ᠋ᠡᠬᠢ ᠠᠶᠠᠯᠠᠯ ᠳ᠋ᠠᠭᠠᠨ ᠭᠠᠷᠤᠯ᠎ᠠ ᠁ ᠵᠦᠴᠦᠬᠡ ᠢᠨᠭᠭᠢᠵᠤ ᠡᠬᠢᠯᠡᠨ᠎ᠡ᠂ ᠵᠦᠴᠦᠬᠡ ᠬᠡᠵᠤ ᠬᠡᠯᠡᠬᠦ ᠡᠴᠡ ᠢᠯᠡᠬᠦᠦ ᠠᠮᠢᠳᠤᠷᠠᠯ ᠴᠤ ᠢᠨᠭᠭᠢᠵᠤ ᠲᠤᠭᠯᠠᠭᠳᠠᠨ᠎ᠠ᠂ ᠬᠦᠮᠦᠨ ᠤ ᠬᠦᠰᠡᠯ ᠰᠢᠨᠤᠯ ᠤᠨ ᠡᠷᠭᠡ ᠪᠡᠷ ᠡᠬᠡ ᠪᠠᠶᠢᠭᠠᠯᠢ᠂ ᠡᠯᠳᠡᠪ ᠠᠷᠢᠶᠠᠲᠠᠨ ᠠᠮᠢᠲᠠᠨ ᠭᠤᠨᠢᠭᠲᠤ ᠶᠠᠪᠤᠳᠠᠯ ᠳ᠋ᠤ ᠦᠷᠲᠡᠳᠡᠭ ᠠᠵᠢ᠂ ᠠᠨᠭᠴᠢᠨ ᠵᠠᠯᠠᠭᠤ ᠬᠦᠪᠴᠢᠨ ᠤ ᠪᠠᠷᠠᠭᠠᠨ ᠰᠡᠬᠦᠳᠡᠷ ᠪᠠ ᠨᠢᠨᠭᠵᠢᠨ ᠰᠡᠳᠬᠢᠯ ᠬᠤᠭᠤᠷᠤᠨᠳᠤ ᠪᠡᠨ ᠦᠰᠢᠯᠳᠦᠨ ᠡᠨᠡ ᠨᠤᠲᠤᠭ ᠤᠨ ᠬᠦᠨ ᠳ᠋ᠤ ᠦᠢᠯᠡ ᠵᠢᠨ ᠦᠷ᠎ᠡ ᠲᠠᠷᠢᠨ᠎ᠠ᠂ ᠬᠡᠪᠡᠴᠤ ᠡᠬᠡ ᠵᠢᠨ ᠰᠡᠳᠬᠢᠯ ︱ ᠡᠨᠡᠷᠢᠨᠭᠭᠦᠢ ᠲᠡᠷᠡ ᠵᠢᠷᠦᠬᠡ ᠯᠠ ᠡᠨᠡ ᠪᠦᠬᠦ ᠠᠳᠠ ᠶ᠋ᠢ ᠠᠷᠢᠯᠭᠠᠨ᠂ ᠤᠳᠬ᠎ᠠ ᠵᠢᠨ ᠢᠷᠠᠭᠤ ᠠᠶᠢᠵᠢᠮᠲᠤ ᠬᠦᠷᠦ ᠳᠠᠭᠤᠨ ᠤ ᠡᠬᠡᠰᠢᠭ ᠲᠤ ᠠᠯᠢᠪᠠ ᠪᠦᠬᠦᠨ ᠰᠠᠶᠢᠬᠠᠨ ᠪᠤᠯᠪᠠ ᠁

ᠶᠡᠷᠤᠨᠭᠬᠡᠢ ᠤᠳᠤᠷᠢᠳᠤᠭᠠᠴᠢ ᠴᠠᠭᠳᠤᠷᠰᠡᠷᠡᠡᠭ᠂ ᠵᠦᠴᠦᠬᠡ ᠨᠠᠶᠢᠷᠠᠭᠤᠯᠤᠭᠴᠢ ᠴᠢ‍·ᠪᠢᠯᠢᠭ ᠵᠡᠷᠭᠡ ᠡᠯ᠎ᠡ ᠬᠦᠷᠢᠶ᠎ᠡ ᠴᠠᠷᠠᠨ ᠳ᠋ᠡᠬᠢ ᠡᠷᠳᠡᠮᠲᠡᠨ ᠮᠡᠷᠬᠡᠳ ᠵᠢᠡᠷ ᠪᠦᠷᠢᠯᠳᠦᠭᠰᠡᠨ ᠡᠬᠦᠳᠦᠨ ᠪᠦᠲᠦᠬᠡᠭᠴᠢᠳ ᠤᠨ ᠪᠠᠭ ᠵᠢᠴᠢ 8 ᠨᠠᠰᠤᠲᠠᠢ ᠪᠠᠭᠠᠴᠤᠳ ᠡᠴᠡ ᠠᠬᠢᠭᠤᠯᠤᠭᠠᠳ ᠨᠠᠶᠠᠨ ᠨᠠᠰᠤᠲᠠᠢ ᠪᠤᠭᠤᠷᠤᠯ ᠬᠦᠷᠲᠡᠯ᠎ᠡ ᠤᠷᠤᠯᠴᠠᠭᠰᠠᠨ 100 ᠭᠠᠷᠤᠢ ᠲᠤᠭᠯᠠᠭᠴᠢᠳ ᠨᠢ 10 ᠰᠠᠷ᠎ᠠ ᠭᠠᠷᠤᠢ ᠵᠢᠨ ᠬᠤᠭᠤᠴᠠᠭ᠎ᠠ ᠲᠠᠢ ᠪᠡᠷ ᠬᠦᠷᠦ ᠳᠠᠭᠤᠤ ᠵᠢᠨ ᠦᠯᠥᠬᠡᠢ ᠬᠡᠮᠡᠭᠳᠡᠭᠰᠡᠨ ᠬᠠᠨᠭᠭᠢᠨ ᠬᠤᠰᠢᠭᠤᠨ ᠤ ᠬᠦᠪᠴᠢ ᠵᠢᠨ ᠬᠦᠨ ᠳ᠋ᠤ ᠬᠦᠨᠵᠡᠬᠡᠶᠢᠷᠡᠨ᠂ 20 ᠭᠠᠷᠤᠢ ᠤᠳᠠᠭ᠎ᠠ ᠵᠦᠴᠦᠬᠡ ᠵᠢᠨ ᠲᠡᠪᠲᠡᠷ ᠵᠢᠡᠨ ᠵᠠᠰᠠᠵᠤ᠂ ᠳᠠᠭᠤᠤ ᠬᠦᠭᠵᠢᠮ ᠵᠢᠡᠨ ᠡᠬᠦᠳᠦᠨ ᠪᠦᠲᠦᠬᠡᠬᠦ ᠳ᠋ᠤ 13 ᠰᠠᠷ᠎ᠠ ᠬᠡᠷᠡᠭᠰᠡᠵᠤ᠂ ᠪᠦᠵᠢᠭ ᠤᠨ ᠰᠢᠨ᠎ᠡ ᠶ᠋ᠢ ᠡᠬᠦᠳᠬᠦ ᠳ᠋ᠤ 6 ᠰᠠᠷ᠎ᠠ ᠵᠢᠨ ᠴᠠᠭ ᠵᠠᠷᠤᠴᠠᠭᠤᠯᠤᠨ᠂ ᠪᠦᠬᠦ ᠵᠦᠴᠦᠬᠡ ᠶ᠋ᠢ ᠵᠤᠬᠢᠶᠠᠨ ᠦᠢᠯᠡᠳᠬᠦ ᠳ᠋ᠤ ᠨᠡᠶᠢᠲᠡ ᠳ᠋ᠡᠬᠡᠨ 3 ᠵᠢᠯ ᠤᠨ ᠴᠠᠭ ᠬᠡᠷᠡᠭᠯᠡᠭᠰᠡᠨ ᠠᠵᠢ᠃ ᠡᠶᠢᠮᠤ ᠤᠷᠲᠤ ᠴᠠᠭ ᠬᠤᠭᠤᠴᠠᠭ᠎ᠠ᠂ ᠡᠶᠢᠮᠤ ᠤᠯᠠᠨ ᠬᠦᠮᠦᠨ ᠤ ᠬᠦᠴᠦ ᠬᠦᠯᠥᠰᠦ᠂ ᠤᠶᠤᠨ ᠤᠬᠠᠭᠠᠨ ᠰᠢᠨᠭᠭᠡᠭᠰᠡᠨ ᠲᠤᠰ ᠵᠦᠴᠦᠬᠡ ᠶ᠋ᠢ ᠬᠠᠨᠭᠭᠢᠨ ᠬᠤᠰᠢᠭᠤᠨ ᠤ ᠤᠬᠠᠭᠤᠯᠬᠤ ᠬᠡᠯᠲᠡᠰ ᠵᠢᠴᠢ ᠬᠠᠨᠭᠭᠢᠨ ᠬᠤᠰᠢᠭᠤᠨ ᠤ ᠰᠤᠶᠤᠯ ᠪᠠ ᠵᠢᠭᠤᠯᠴᠢᠯᠠᠯ ᠤᠨ ᠲᠤᠪᠴᠢᠶ᠎ᠠ ᠡᠷᠬᠢᠯᠡᠨ ᠬᠢᠵᠤ᠂ ᠬᠠᠨᠭᠭᠢᠨ ᠬᠤᠰᠢᠭᠤᠨ ᠤ ᠤᠯᠠᠭᠠᠨᠮᠦᠴᠢᠷ ᠪᠠ ᠬᠠᠨᠭᠭᠢᠨ ᠬᠤᠰᠢᠭᠤᠨ ᠤ ᠰᠤᠶᠤᠯ ᠤᠨ ᠤᠷᠳᠤᠨ︵ᠪᠤᠳᠠᠰ ᠤᠨ ᠪᠤᠰᠤ ᠰᠤᠶᠤᠯ ᠤᠨ ᠦᠪ ᠤᠨ ᠲᠦᠪ︶ ᠤ ᠬᠢᠨ ᠲᠠᠶᠢᠰᠠᠨ ᠳ᠋ᠤ ᠠᠮᠢᠯᠠᠭᠤᠯᠤᠨ ᠲᠤᠭᠯᠠᠭᠰᠠᠨ ᠪᠠᠶᠢᠨ᠎ᠠ᠃

ᠮᠡᠳᠡᠬᠡᠵᠢ ᠪᠡᠷ ᠬᠠᠩᠬᠢᠨ ᠬᠤᠰᠢᠭᠤᠨ ᠤ ᠠᠷᠠᠳ ᠲᠥᠮᠡᠨ ᠬᠠᠮᠤᠭ ᠮᠤᠩᠭᠤᠯ ᠤᠨ︽ᠠᠮᠢᠲᠤ ᠴᠢᠯᠠᠭᠤᠵᠢᠮᠠᠯ︾ᠪᠤᠯᠤᠭᠰᠠᠨ ︽ᠬᠥᠷᠥ ᠲᠠᠭᠤᠤ︾ᠪᠠᠨ ᠬᠠᠶᠢᠷᠠᠯᠠᠨ ᠬᠠᠮᠠᠭᠠᠯᠠᠵᠤ᠂ ᠤᠯᠠᠮᠵᠢᠯᠠᠨ ᠵᠠᠯᠭᠠᠮᠵᠢᠯᠠᠬᠤ ᠲᠠᠯ᠎ᠠ ᠪᠠᠷ ᠲᠤᠪᠤᠶᠢᠮ᠎ᠠ ᠥᠢᠯᠡᠲᠥᠯ ᠥᠵᠡᠬᠦᠯᠥᠭ᠍ᠰᠡᠨ ᠭᠡᠵᠤ ᠬᠡᠯᠡᠵᠤ ᠪᠤᠯᠤᠨ᠎ᠠ᠃ 20 ᠳ᠋ᠤᠭᠠᠷ ᠵᠠᠭᠤᠨ ᠤ ᠨᠠᠶᠠᠭᠠᠳ ᠤᠨ ᠠᠴᠠ ᠡᠬᠢᠯᠡᠨ ᠬᠠᠩᠬᠢᠨ ᠬᠤᠰᠢᠭᠤᠨ ᠤ ᠬᠥᠷᠥᠪᠠᠨᠽᠠᠷ ᠵᠡᠷᠭᠡ ᠬᠦᠮᠦᠰ ᠠᠷᠠᠳ ᠤᠨ ᠲᠤᠮᠲᠠ ᠠᠮᠠ ᠲᠠᠮᠵᠢᠨ ᠲᠠᠭᠤᠯᠠᠭᠲᠠᠭᠰᠠᠭᠠᠷ ᠢᠷᠡᠭ᠍ᠰᠡᠨ︽ᠬᠥᠷᠥ ᠲᠠᠭᠤᠤ︾ᠨᠤᠭᠤᠳ ᠢ ᠡᠮᠬᠢᠯᠡᠨ ᠴᠤᠭᠯᠠᠭᠤᠯᠵᠤ᠂ ᠬᠠᠲᠠᠭᠠᠯᠠᠨ ᠥᠯᠡᠲᠡᠬᠡᠬᠡᠳ ᠥᠪᠯᠡᠨ ᠤᠯᠠᠮᠵᠢᠯᠠᠬᠤ ᠳᠤ ᠰᠠᠭᠤᠷᠢ ᠲᠠᠯᠪᠢᠭᠰᠠᠨ ᠪᠠᠶᠢᠲᠠᠭ᠃ ᠲᠡᠬᠦᠨ ᠤ ᠲᠠᠷᠠᠭ᠎ᠠ ᠮᠥᠡᠭ᠍ᠬᠡᠲᠤᠶᠠᠭ᠎ᠠ ᠨᠠᠷ ᠠᠷᠠᠳ ᠤᠨ ᠲᠤᠮᠲᠠ ᠲᠠᠭᠤᠯᠠᠭᠲᠠᠭᠰᠠᠭᠠᠷ ᠢᠷᠡᠭ᠍ᠰᠡᠨ ︽ᠬᠥᠷᠥ ᠲᠠᠭᠤᠤ︾ ᠢᠢ ᠲᠠᠬᠢᠨᠲᠠ ᠪᠥᠷᠢᠳᠭᠡᠨ ᠴᠤᠭᠯᠠᠭᠤᠯᠵᠤ᠂ ᠡᠮᠬᠢᠳᠭᠡᠨ ᠰᠢᠩᠬᠡᠬᠡᠵᠤ ᠬᠤᠶᠢᠴᠢᠰ  ᠲᠠᠭᠠᠨ ᠰᠢᠩᠬᠡᠬᠡᠯᠲᠡ ᠪᠤᠯᠭᠠᠨ ᠥᠯᠡᠲᠡᠬᠡᠭ᠍ᠰᠡᠨ ᠪᠠᠶᠢᠲᠠᠭ᠃ 2009 ᠣᠨ ᠳᠤ ᠬᠠᠩᠭᠢᠨ ᠬᠤᠰᠢᠭᠤ ᠬᠦᠷᠦ ᠳᠠᠭᠤᠤ ᠢᠢ ᠰᠤᠳᠤᠯᠬᠤ ᠨᠡᠶᠢᠭᠡᠮᠯᠢᠭ ᠪᠠᠶᠢᠭᠤᠯᠵᠤ᠂ ᠲᠠᠷᠠᠭ᠎ᠠ ᠨᠢ ᠪᠠᠰᠠ ᠬᠦᠷᠦ ᠲᠠᠭᠤᠤ ᠢᠢᠨ ᠤᠷᠠᠯᠢᠭ ᠤᠨ ᠪᠦᠯᠬᠦᠮ ᠢ ᠪᠠᠶᠢᠭᠤᠯᠤᠨ᠂ ᠬᠦᠷᠦ ᠲᠠᠭᠤᠤ ᠢᠢ ᠰᠤᠳᠤᠯᠬᠤ ᠪᠠ ᠤᠯᠠᠮᠵᠢᠯᠠᠬᠤ ᠠᠵᠢᠯ ᠢ ᠰᠢᠰᠲ᠋ᠧᠮ ᠲᠠᠢ ᠠᠳᠬᠤᠵᠦ ᠡᠬᠢᠯᠡᠭ᠍ᠰᠡᠨ ᠪᠢᠯᠡ᠃ ᠮᠦᠨ ᠡᠬᠦᠨ ᠤ ᠳᠠᠭᠠᠤ ᠠᠷᠠᠳ ᠤᠨ ᠲᠤᠮᠲᠠ︽ᠬᠥᠷᠥ ᠲᠠᠭᠤᠤ ᠵᠢᠨ ᠨᠡᠶᠢᠬᠡᠮᠯᠢᠭ︾᠂ ︽ᠬᠥᠷᠥ ᠲᠠᠭᠤᠤ ᠵᠢᠨ ᠪᠥᠯᠬᠦᠮ︾᠂ ︽ᠬᠥᠷᠥ ᠲᠠᠭᠤᠤ ᠵᠢᠨ ᠲᠤᠭᠤᠶᠢᠯᠠᠩ︾ᠮᠡᠲᠥ ᠢᠢᠨ ᠤᠯᠠᠨ ᠠᠷᠪᠢᠨ︽ᠬᠥᠷᠥ ᠲᠠᠭᠤᠤ︾ ᠪᠠᠨ ᠤᠯᠠᠮᠵᠢᠯᠠᠨ ᠪᠠᠲᠠᠷᠠᠭᠤᠯᠬᠤ᠂ ᠵᠠᠯᠭᠠᠮᠵᠢᠯᠠᠨ ᠥᠪᠯᠡᠬᠦ ᠬᠠᠮᠲᠤ ᠨᠢᠬᠡᠴᠢ ᠪᠠ ᠬᠤᠪᠢ ᠬᠥᠮᠥᠨ ᠭᠠᠷᠴᠤ᠂ ᠬᠠᠩᠬᠢᠨ ︽ᠬᠥᠷᠥ ᠲᠠᠭᠤᠤ︾ᠢᠢ ᠤᠷᠤᠨ ᠲᠠᠶᠠᠭᠠᠷ᠂ ᠤᠯᠤᠰ ᠲᠠᠶᠠᠭᠠᠷ᠂ ᠴᠢᠨᠠᠭᠰᠢᠯᠠᠪᠠᠯ ᠪᠥᠮᠪᠥᠷᠴᠡᠭ ᠲᠠᠶᠠᠭᠠᠷ ᠲᠤ ᠲᠠᠬᠢᠨᠲᠠ ᠲᠠᠨᠢᠭᠤᠯᠵᠤ᠂ ᠮᠡᠲᠡᠷᠡᠬᠦᠯᠵᠤ᠂ ᠲᠠᠭᠤᠯᠠᠭᠤᠯᠵᠤ ᠶᠠᠪᠤᠭᠰᠠᠨ ᠶᠤᠮ᠃ 2018 ᠤᠨ ᠬᠠᠩᠬᠢᠨ ᠬᠥᠷᠥ ᠲᠠᠭᠤᠤ ᠢᠢᠨ ᠨᠡᠶᠢᠬᠡᠮᠯᠢᠭ ᠤᠨ ᠬᠢᠨ ᠤᠯᠤᠰ ᠤᠨ ᠺᠢᠨᠤ᠋ ᠵᠥᠴᠥᠬᠡ ᠢᠢᠨ ᠲᠢᠶᠠᠲ᠋ᠷ ᠲᠤ ᠤᠷᠢᠭᠲᠠᠨ ︽ᠬᠥᠷᠥ ᠲᠠᠭᠤᠤ︾ᠢᠢᠨ ᠥᠵᠡᠬᠦᠯᠬᠡ ᠬᠢᠵᠤ ᠬᠥᠷᠥ ᠲᠠᠭᠤᠤ ᠢᠢ ᠤᠯᠤᠰ ᠲᠠᠶᠠᠭᠠᠷ ᠲᠤ ᠲᠠᠨᠢᠭᠤᠯᠤᠭᠰᠠᠨ ᠪᠠᠶᠢᠲᠠᠭ᠂ 2019 ᠤᠨ ᠤ 6 ᠰᠠᠷ᠎ᠠ ᠳᠤ ᠮᠤᠩᠭᠤᠯ ᠤᠯᠤᠰ ᠲᠤ ᠪᠤᠯᠤᠭᠰᠠᠨ ᠠᠽᠢᠶ᠎ᠠ ᠲᠢᠪ ᠤᠨ ᠵᠠᠩ ᠥᠢᠯᠡ ᠤᠷᠠᠯᠢᠭ ᠤᠨ ᠨᠠᠭᠠᠲᠤᠮ ᠳᠤ ᠮᠥᠡᠭ᠍ᠬᠦᠨ ᠮᠧᠳᠠᠯ ᠲᠤᠰᠴᠤ᠂ ᠲᠤᠰ ᠵᠢᠯ ᠤᠨ 8 ᠰᠠᠷ᠎ᠠ ᠳᠤ ᠪᠤᠯᠭᠠᠷᠢᠶ᠎ᠠ ᠳᠤ ᠪᠤᠯᠤᠭᠰᠠᠨ ᠶ᠋ᠢᠰᠥᠳᠥᠬᠡᠷ ᠬᠤᠭᠤᠴᠠᠭᠠᠨ ᠤ ᠲᠡᠯᠡᠬᠡᠢ ᠢᠢᠨ ᠵᠠᠩ ᠥᠢᠯᠡ ᠤᠷᠠᠯᠢᠭ ᠤᠨ ᠮᠠᠩᠯᠠᠢ ᠰᠢᠯᠭᠠᠷᠠᠭᠤᠯᠬᠤ ᠤᠷᠤᠯᠲᠤᠭᠠᠨ ᠳᠤ ᠠᠯᠲᠠᠨ ᠮᠧᠲᠠᠯ ᠲᠤᠰᠴᠤ᠂ ᠮᠤᠩᠭᠤᠯ ᠠᠷᠠᠳ ᠲᠥᠮᠡᠨ ᠤ ︽ᠠᠮᠢᠲᠤ ᠴᠢᠯᠠᠭᠤᠵᠢᠮᠠᠯ︾ᠪᠤᠯᠤᠭᠰᠠᠨ ᠬᠥᠷᠥ ᠲᠠᠭᠤᠤ  ᠢᠢ ᠶ᠋ᠢᠷᠲᠢᠨᠴᠥ ᠢᠢᠨ ᠴᠢᠬᠢᠨ᠎ᠡ ᠰᠤᠨᠤᠷᠲᠠᠭᠤᠯᠵᠤ᠂ ︽ᠬᠥᠷᠥ ᠲᠠᠭᠤᠤ︾ ᠪᠠᠷ ᠲᠡᠯᠡᠬᠡᠢ ᠢᠢᠨ ᠰᠤᠨᠤᠷ ᠢ ᠮᠢᠯᠢᠶᠡᠬ᠍ᠰᠠᠨ ᠪᠠᠶᠢᠲᠠᠭ᠃

ᠤᠯᠠᠮᠵᠢᠯᠠᠯᠲᠤ ᠰᠤᠶᠤᠯ ᠤᠨ ᠡᠷᠴᠢ ᠬᠦᠴᠦᠨ ᠤ ᠨᠢᠬᠡᠨ ᠲᠦᠯᠥᠬᠡᠯᠡᠯ ᠪᠤᠯᠤᠭᠰᠠᠨ ᠬᠦᠷᠦ ᠳᠠᠭᠤᠤ ᠨᠢ ᠡᠶᠢᠮᠤ ᠤᠯᠠᠨ ᠦᠢᠯᠡ ᠶᠠᠪᠤᠴᠠ ᠶ᠋ᠢ ᠦᠨᠭᠬᠡᠷᠭᠡᠭᠡᠳ ᠦᠨᠦᠳᠦᠷ ᠰᠢᠨ᠎ᠡ ᠴᠠᠭ ᠤᠨ ᠰᠤᠳᠤᠨ ᠤᠷᠤᠰᠬᠠᠯ ᠲᠠᠢ ᠠᠶᠢᠵᠢᠮ ᠨᠢᠬᠡᠳᠭᠡᠨ᠂ ᠠᠯᠬᠤᠭ᠎ᠠ ᠵᠡᠷᠭᠡᠴᠡᠬᠦᠯᠥᠨ᠂ ᠤᠷᠠᠯᠢᠭ ᠤᠨ ᠲᠡᠭᠡᠳᠦ ᠦᠵᠡᠬᠦᠯᠪᠦᠷᠢ ᠪᠤᠯᠵᠤ ᠳᠠᠭᠤᠯᠠᠯᠲᠤ ᠪᠦᠵᠢᠭᠲᠤ ᠵᠦᠴᠦᠬᠡ ᠪᠤᠯᠤᠨ ᠠᠮᠢᠯᠠᠭᠠᠳ ᠤᠷᠳᠤᠰ ᠲᠢᠶᠠᠲᠷ ᠲᠤ ᠲᠤᠭᠯᠠᠭᠳᠠᠭᠰᠠᠨ ᠨᠢ ᠡᠨᠡᠬᠦ ᠰᠤᠶᠤᠯ ᠤᠨ ᠠᠭᠠᠷ ᠤᠰᠤ ᠨᠢ ᠳᠠᠷᠠᠨ ᠤ ᠬᠠᠵᠠᠭᠤ ᠳ᠋ᠤ ᠪᠠᠶᠢᠵᠤ ᠪᠠᠶᠢᠭᠠᠳ ᠳᠡᠯᠡᠬᠡᠢ ᠵᠢᠨ ᠲᠠᠶᠢᠲᠠᠢ ᠲᠡᠯᠡᠷᠡᠵᠤ ᠬᠦᠷᠬᠦ ᠬᠠᠷᠭᠤᠢ ᠳ᠋ᠡᠬᠢ ᠨᠢᠬᠡᠨ ᠮᠦᠷᠦᠨ ᠤ ᠬᠦᠴᠦ ᠪᠤᠯᠵᠠᠢ᠃

ᠲᠤᠰ ᠵᠦᠴᠦᠬᠡ ᠨᠢ ᠬᠠᠨᠭᠭᠢᠨ ᠬᠤᠰᠢᠭᠤᠨ ᠤ ᠬᠦᠷᠦᠰᠦᠨ ᠳ᠋ᠤ ᠦᠨᠳᠤᠰᠦᠯᠠᠵᠤ᠂ ᠬᠦᠪᠴᠢ ᠵᠢᠨ ᠡᠯᠡᠰᠦᠨ ᠳ᠋ᠡᠬᠢ ᠳᠠᠭᠤᠲᠤ ᠨᠠᠭᠤᠷ ᠵᠢᠡᠷ ᠠᠷᠤ ᠦᠵᠡᠭᠳᠡᠯ ᠵᠢᠡᠨ ᠪᠤᠯᠭᠠᠵᠤ᠂ ᠬᠦᠷᠦ ᠳᠠᠭᠤᠤ ᠪᠡᠷ ᠰᠦᠭ ᠰᠦᠨᠡᠰᠦ ᠪᠡᠨ ᠱᠤᠭᠤᠵᠤ᠂ ᠳᠠᠭᠤᠤ ᠪᠠ ᠪᠦᠵᠢᠭ ᠵᠢᠡᠷ ᠤᠷᠠᠯᠢᠭᠵᠢᠭᠤᠯᠤᠨ ᠢᠯᠡᠳᠬᠡᠵᠤ᠂ ᠠᠮᠢ ᠠᠬᠤᠢ᠂ ᠠᠮᠢ ᠨᠠᠰᠤ᠂ ᠤᠶᠠᠨᠭᠭ᠎ᠠ ᠡᠬᠡᠰᠢᠭ ᠬᠡᠬᠦ ᠤᠬᠠᠭᠳᠠᠬᠤᠨ ᠢ ᠨᠢᠬᠡᠨ ᠴᠠᠭ ᠲᠤ ᠲᠤᠯᠢᠯᠠᠭᠤᠯᠤᠨ ᠦᠵᠡᠬᠦᠯᠵᠡᠢ᠃ ᠦᠶ᠎ᠡ ᠦᠶᠡᠬᠡᠨ ᠨᠦᠵᠢᠬᠢᠨᠡᠨ ᠰᠤᠨᠤᠰᠳᠠᠬᠤ ᠬᠦᠴᠦᠲᠤ︽ᠴᠤᠤᠷᠢᠶ᠎ᠠ︾᠂ ᠦᠨᠡᠨ ᠰᠡᠳᠬᠢᠯ ᠤᠨ ᠬᠦᠪᠴᠢ ᠶ᠋ᠢ ᠠᠯᠳᠠᠷᠠᠭᠤᠯᠤᠨ ᠤᠶᠠᠰᠬᠠᠬᠤ ᠵᠦᠬᠡᠯᠡᠬᠡᠨ︽ᠡᠬᠡᠰᠢᠭ︾ᠨᠢ ᠦᠵᠡᠭᠴᠢᠳ ᠤᠨ ᠬᠠᠯᠠᠭᠤᠨ ᠨᠢᠯᠪᠤᠰᠤ ᠶ᠋ᠢ ᠤᠷᠤᠰᠬᠠᠨ ᠬᠠᠰᠬᠢᠷᠤᠯ ᠤᠤᠬᠠᠶᠢᠯᠠᠯ ᠢ ᠳᠠᠭᠤᠳᠠᠨ ᠰᠡᠷᠢᠬᠡᠵᠤ ᠪᠠᠶᠢᠯ᠎ᠠ᠃

ᠤᠲᠤᠭ ᠬᠤᠰᠢᠭᠤᠨ ᠤ ᠦᠵᠦᠬᠦᠷ ᠪᠠᠯᠭᠠᠰᠤᠨ ᠤ ᠮᠠᠯᠴᠢᠨ ᠨᠠᠰᠤᠨᠴᠡᠴᠡᠭ ᠲᠤᠰ ᠬᠤᠰᠢᠭᠤᠨ ᠤ ᠭᠤᠴᠢ ᠭᠠᠷᠤᠢ ᠮᠠᠯᠴᠢᠳ ᠲᠠᠢ ᠪᠠᠨ ᠬᠠᠮᠲᠤ ᠲᠤᠰ ᠲᠤᠭᠯᠠᠯᠲᠠ ᠶ᠋ᠢ ᠦᠵᠡᠬᠦ ᠪᠡᠷ ᠬᠦᠷᠦᠯᠴᠡᠨ ᠢᠷᠡᠭᠰᠡᠨ ᠪᠠᠶᠢᠯ᠎ᠠ᠃ ᠲᠡᠭᠦᠨ ᠲᠠᠢ ᠠᠳᠠᠯᠢᠬᠠᠨ ᠮᠠᠯᠵᠢᠬᠤ ᠲᠠᠷᠢᠶᠠᠯᠠᠬᠤ ᠤᠷᠤᠨ ᠡᠴᠡ ᠢᠷᠡᠭᠰᠡᠨ ᠦᠵᠡᠭᠴᠢᠳ ᠪᠠᠰᠠ ᠬᠡᠳᠦᠢ ᠪᠠᠶᠢᠭ᠎ᠠ ᠶ᠋ᠢ ᠪᠤᠤ ᠮᠡᠳᠡ᠂ ᠮᠦᠨ ᠴᠤ ᠤᠷᠳᠤᠰ ᠬᠤᠲᠠ ᠵᠢᠨ ᠡᠯ᠎ᠡ ᠬᠤᠰᠢᠭᠤ ᠲᠤᠭᠤᠷᠢᠭ ᠤᠨ ᠤᠯᠠᠭᠠᠨᠮᠦ᠋ᠴᠢᠷ ᠤᠨ ᠬᠢᠨ᠂ ᠬᠡᠰᠡᠭ ᠪᠦᠯᠥᠭ ᠠᠯᠪᠠᠨ ᠪᠠᠶᠢᠭᠤᠯᠭ᠎ᠠ ᠵᠢᠨ ᠠᠵᠢᠯᠲᠠᠳ᠂ ᠬᠤᠪᠢ ᠵᠢᠨ ᠡᠵᠡᠨᠭᠨᠡᠭᠴᠢ ᠁ ᠶᠠᠷᠤ ᠨᠢ ᠶᠠᠮᠠᠷ ᠴᠤ ᠠᠵᠢᠯ ᠲᠦᠷᠦᠯ ᠤᠨ ᠠᠯᠢ ᠴᠤ ᠨᠠᠰᠤᠨ ᠤ ᠬᠦᠮᠦᠰ ᠦᠨᠦᠳᠦᠷ ᠡᠨᠡ ᠲᠠᠨᠭᠭᠢᠮ ᠢ ᠲᠦᠬᠦᠷᠭᠡᠵᠡᠢ᠃ ᠲᠡᠳᠡ ᠪᠦᠬᠦᠨ ᠤᠳᠬ᠎ᠠ ᠤᠶᠠᠨᠭᠭ᠎ᠠ᠂ ᠤᠷᠠᠯᠢᠭ ᠰᠤᠶᠤᠯ ᠤᠨ ᠡᠷᠮᠡᠬᠦᠨ ᠴᠤᠭᠯᠢᠭ᠂ ᠡᠴᠢᠨ᠎ᠠ ᠨᠢᠭᠤᠴᠠᠭᠠᠢ ᠶ᠋ᠢ ᠨᠢᠳᠤ ᠪᠡᠨ ᠬᠤᠵᠢᠷᠯᠠᠨ᠂ ᠰᠤᠨᠤᠷ ᠵᠢᠡᠨ ᠪᠠᠶᠠᠰᠬᠠᠨ ᠮᠡᠳᠡᠷᠡᠭᠰᠡᠨ ᠪᠠᠶᠢᠨ᠎ᠠ᠃

X