︽ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ︾ ᠪᠤᠶᠤ ᠠᠰᠢᠭ ᠤᠷᠤᠯᠭ᠎ᠠ ᠵᠢᠨ ᠤᠬᠠᠭᠠᠨ
2024-12-29 04:39:55
ᠤᠷᠳᠤᠰ ᠨᠤᠲᠤᠭ ᠤᠨ ᠬᠡᠪᠴᠢᠶᠡᠨ ᠳ᠋ᠡᠬᠡᠨ ᠤᠷᠴᠢᠮ ᠤᠨ ᠲᠠᠪᠤᠨ ᠵᠢᠯ ᠤᠨ ᠠᠵᠤ ᠠᠬᠤᠢ ᠵᠢᠨ ᠪᠠᠶᠢᠳᠠᠯ ᠢ ᠠᠵᠢᠭᠯᠠᠨ ᠰᠢᠨᠵᠢᠬᠦ ᠳ᠋ᠤ ᠠᠵᠤ ᠦᠢᠯᠡᠳᠪᠦᠷᠢ ᠬᠤᠳᠠᠯᠳᠤᠭ᠎ᠠ ᠤᠤᠯ ᠡᠴᠡ ᠪᠡᠨ ᠤᠯᠠᠮ ᠬᠦᠭᠵᠢᠶᠡᠨᠲᠡᠢ ᠪᠤᠯᠵᠤ᠂ ᠪᠦᠬᠦ ᠬᠤᠲᠠ ᠵᠢᠨ ᠬᠦᠮᠦᠨ ᠲᠤᠮᠳᠠᠴᠢ ᠵᠢᠨ ᠤᠷᠤᠯᠭ᠎ᠠ ᠨᠢ ᠨᠡᠮᠡᠭᠳᠡᠯ ᠲᠠᠢ ᠪᠤᠯᠪᠠᠴᠤ ᠲᠠᠷᠬᠠᠢ ᠪᠤᠲᠠᠷᠬᠠᠢ ᠪᠠᠶᠢᠭ᠎ᠠ ᠬᠦᠳᠡᠭᠡ ᠤᠷᠤᠨ ᠨᠤᠲᠤᠭ ᠤᠨ ᠵᠠᠷᠢᠮ ᠮᠠᠯᠴᠢᠨ ᠲᠠᠷᠢᠶᠠᠴᠢᠳ ᠪᠤᠶᠤ ᠬᠡᠰᠡᠭ ᠪᠦᠯᠥᠭ ᠵᠢᠵᠢᠭ ᠪᠠᠭ᠎ᠠ ᠬᠡᠪᠴᠢᠶᠡᠨ ᠤ ᠦᠢᠯᠡᠳᠬᠡᠯ ᠤᠨ ᠭᠠᠵᠠᠷ᠂ ᠺᠤᠮᠫᠠᠨᠢ ᠵᠢᠨ ᠠᠰᠢᠭ ᠤᠷᠤᠯᠭ᠎ᠠ ᠨᠢ ᠤᠤᠯ ᠳ᠋ᠠᠭᠠᠨ ᠬᠦᠷᠬᠦ ᠦᠭᠡᠢ ᠪᠤᠯᠵᠤ᠂ ᠨᠡᠡᠭ ᠵᠠᠷᠢᠮ ᠨᠢ ᠲᠠᠮᠫᠤᠷᠠᠬᠤ ᠪᠤᠶᠤ ᠦᠷᠢ ᠵᠢᠨ ᠬᠦᠨ ᠨᠦᠬᠡᠨ ᠳ᠋ᠤ ᠤᠨᠠᠭᠰᠠᠨ ᠪᠠᠶᠢᠨ᠎ᠠ᠃ ᠡᠬᠦᠨ ᠤ ᠰᠢᠯᠲᠠᠭᠠᠨ ᠨᠢ ᠤᠯᠠᠨ ᠪᠠᠶᠢᠭ᠎ᠠ ᠴᠤ ᠡᠮᠦᠨ᠎ᠡ ᠬᠡᠳᠦᠨ ᠵᠢᠯ ᠤᠨ ᠬᠢᠵᠢᠭ ᠤᠨ ᠨᠦᠯᠥᠬᠡ ᠪᠠ ᠮᠠᠯ ᠤᠨ ᠮᠢᠬᠠᠨ ᠤ ᠬᠠᠨᠭᠰᠢ ᠵᠢᠨ ᠬᠤᠪᠢᠷᠠᠯᠲᠠ ᠨᠢ ᠮᠠᠨ ᠤ ᠨᠢᠳᠤᠨ ᠡᠮᠦᠨ᠎ᠡ ᠬᠠᠷᠠᠭᠳᠠᠵᠤ ᠪᠠᠶᠢᠭ᠎ᠠ ᠭᠠᠳᠠᠭᠠᠲᠤ ᠰᠢᠭᠤᠳ ᠰᠢᠯᠲᠠᠭᠠᠨ ᠪᠤᠯᠤᠨ᠎ᠠ᠃
ᠢᠯᠠᠨᠭᠭᠤᠶ᠎ᠠ ᠦᠬᠡᠷ ᠮᠠᠯ ᠤᠨ ᠬᠠᠨᠭᠰᠢ ᠲᠠᠪᠤᠨ ᠵᠢᠯ ᠤᠨ ᠡᠮᠦᠨ᠎ᠡ ᠮᠠᠰᠢ ᠶᠡᠭᠡ ᠦᠰᠴᠤ᠂ ᠮᠠᠯᠴᠢᠨ ᠲᠠᠷᠢᠶᠠᠴᠢᠳ ᠪᠠᠷᠤᠭ ᠪᠦᠬᠦᠳᠡᠭᠡᠷ ᠵᠢᠡᠨ ᠤᠯᠠᠮᠵᠢᠯᠠᠯᠲᠤ ᠮᠠᠯᠵᠢᠬᠤ ᠠᠷᠭ᠎ᠠ ᠬᠡᠯᠪᠡᠷᠢ ᠪᠡᠨ ᠬᠤᠪᠢᠷᠠᠭᠤᠯᠤᠨ ᠡᠬᠦᠯᠳᠡᠷ ᠤᠨ ᠮᠠᠯ ᠲᠡᠵᠢᠬᠡᠬᠦ᠂ ᠦᠨᠡᠲᠡᠢ ᠲᠡᠵᠢᠬᠡᠯ ᠪᠤᠷᠳᠤᠭ᠎ᠠ ᠠᠪᠬᠤ᠂ ᠫᠸᠡᠭ ᠬᠤᠷᠤᠭ᠎ᠠ ᠪᠠᠶᠢᠭᠤᠯᠬᠤ ᠵᠡᠷᠭᠡ ᠳ᠋ᠤ ᠮᠦᠨᠭᠭᠦ ᠪᠡᠨ ᠦᠭᠴᠤ᠂ ᠠᠰᠢᠭ ᠵᠢᠡᠨ ᠬᠦᠷᠲᠡᠵᠤ ᠠᠮᠵᠢᠭ᠎ᠠ ᠦᠭᠡᠢ ᠪᠠᠶᠢᠲᠠᠯ᠎ᠠ ᠬᠡᠨᠡᠳᠬᠡᠨ ᠵᠢᠡᠷ ᠮᠠᠯ ᠤᠨ ᠦᠨ᠎ᠡ ᠪᠠᠭᠤᠷᠠᠬᠤ ᠳ᠋ᠤ ᠡᠨᠡᠬᠦ ᠰᠢᠯᠭᠠᠯᠲᠠ ᠶ᠋ᠢ ᠶᠠᠭᠠᠬᠢᠵᠤ ᠠᠷᠭᠠᠴᠠᠬᠤ ᠪᠠᠨ ᠤᠯᠵᠤ ᠶᠠᠳᠠᠭᠰᠠᠨ ᠪᠢᠯᠡ᠃ ︽ᠲᠤᠯᠵᠤ ᠢᠷᠡᠭᠰᠡᠨ ᠶᠠᠪᠤᠳᠠᠯ ᠢ ᠲᠤᠭᠤᠯᠵᠤ ᠭᠠᠷᠬᠤ ᠡᠴᠡ ᠪᠢᠰᠢ ᠲᠤᠭᠤᠷᠢᠵᠤ ᠭᠠᠷᠳᠠᠭ ᠦᠭᠡᠢ︾ ᠵᠢᠨ ᠵᠢᠮ᠎ᠠ ᠪᠡᠷ ᠡᠶᠢᠮᠤ ᠪᠠᠶᠢᠳᠠᠯ ᠤᠨ ᠡᠮᠦᠨ᠎ᠡ ᠬᠡᠰᠡᠭ ᠪᠦᠯᠥᠭ ᠬᠦᠮᠦᠰ ᠦᠬᠡᠷ᠎ᠡ ᠦᠬᠡᠷ᠎ᠡ ᠠᠷᠭ᠎ᠠ ᠵᠠᠮ ᠬᠠᠶᠢᠵᠤ ᠡᠬᠢᠯᠡᠪᠡ᠃ ᠵᠢᠴᠢ ᠦᠬᠦᠯᠡᠬᠦ ᠳ᠋ᠤ ᠲᠡᠭᠡᠷ᠎ᠡ ᠶᠠᠷᠢᠭᠰᠠᠨ ᠡᠳᠡᠬᠡᠷ ᠬᠦᠮᠦᠰ ᠡᠴᠡ ᠭᠠᠳᠠᠨ᠎ᠠ ᠦᠬᠡᠷ᠎ᠡ ᠪᠠᠰᠠ ᠶᠡᠭᠡ ᠤᠯᠠᠨ ᠬᠦᠮᠦᠨ ᠤᠳᠤᠬᠢ ᠴᠠᠭ ᠨᠡᠶᠢᠬᠡᠮ ᠤᠨ ᠬᠦᠭᠵᠢᠯᠲᠡ ᠬᠤᠪᠢᠷᠠᠯᠲᠠ ᠶ᠋ᠢ ᠠᠵᠢᠭᠯᠠᠨ᠂ ᠠᠵᠤ ᠠᠬᠤᠢ ᠵᠢᠨ ᠠᠰᠢᠭ ᠡᠬᠦᠳᠴᠤ᠂ ᠠᠮᠢᠳᠤᠷᠠᠯ ᠦᠢᠯᠡᠳᠪᠦᠷᠢᠯᠡᠯ ᠵᠢᠡᠨ ᠨᠡᠡᠭ ᠰᠠᠶᠢᠵᠢᠷᠠᠭᠤᠯᠬᠤ ᠪᠡᠷ ᠶᠠᠨᠭᠵᠤ ᠪᠦᠷᠢ ᠵᠢᠨ ᠬᠠᠶᠢᠯᠲᠠ ᠬᠢᠵᠤ ᠪᠠᠶᠢᠭᠰᠠᠨ ᠨᠢ ᠶᠠᠷᠢᠶᠠᠨ ᠦᠭᠡᠢ᠃
ᠦᠨᠦᠳᠦᠷ ᠤᠨ ᠮᠠᠨ ᠤ ᠰᠤᠷᠪᠤᠯᠵᠢᠯᠠᠭ᠎ᠠ ᠵᠢᠨ ᠭᠤᠤᠯ ᠪᠠᠭᠠᠲᠤᠷ ︱ ᠬᠡᠰᠢᠭᠪᠠᠲᠤ ᠭᠤᠸᠠᠢ ᠤᠯᠠᠨ ᠢ ᠰᠡᠳᠬᠢᠵᠤ᠂ ᠤᠨᠴᠠᠭᠠᠢ ᠵᠦᠢᠯ ᠢ ᠡᠬᠦᠳᠴᠤ ᠬᠢᠭᠰᠡᠨ ᠵᠢᠡᠷ ᠵᠢᠡᠨ ᠤᠷᠤᠯᠭ᠎ᠠ ᠵᠠᠷᠤᠯᠭ᠎ᠠ ᠵᠢᠨ ᠲᠠᠨᠭᠰᠠ ᠪᠡᠨ ᠰᠠᠶᠢᠬᠠᠨ ᠵᠤᠬᠢᠴᠠᠭᠤᠯᠵᠤ ᠴᠢᠳᠠᠵᠠᠢ᠃ ᠬᠡᠰᠢᠭᠪᠠᠲᠤ ᠤᠲᠤᠭ ᠤᠨ ᠡᠮᠦᠨᠡᠲᠤ ᠬᠤᠰᠢᠭᠤᠨ ᠤ ᠤᠯᠵᠠᠵᠠᠢ ᠪᠠᠯᠭᠠᠰᠤ ᠵᠢᠨ ᠲᠠᠪᠤᠨᠲᠤᠯᠤᠭᠠᠢ ᠭᠠᠴᠠᠭ᠎ᠠ ᠪᠡᠷ ᠨᠤᠲᠤᠭ ᠲᠠᠢ᠃ ᠤᠤᠯ ᠳ᠋ᠠᠭᠠᠨ ᠲᠡᠷᠡ ᠱᠠᠨᠭᠬᠠᠢ ᠬᠤᠲᠠ ᠳ᠋ᠤ︽ᠮᠢᠴᠢᠯᠢᠨ︾ᠬᠤᠭᠤᠯᠠᠨ ᠬᠡᠷ ᠲᠤ ᠲᠤᠭᠤᠭᠠᠴᠢ ᠪᠡᠷ ᠲᠤᠯᠤᠭᠠᠨ ᠵᠢᠯ ᠠᠵᠢᠯᠯᠠᠵᠠᠢ᠃ ᠮᠡᠳᠡᠬᠡᠵᠢ ᠪᠡᠷ ︽ᠮᠢᠴᠢᠯᠢᠨ︾ᠬᠤᠭᠤᠯᠠᠨ ᠬᠡᠷ ᠬᠡᠪᠡᠯ ᠲᠤᠮᠳᠠᠳᠤ ᠤᠯᠤᠰ ᠲᠤ ᠮᠠᠰᠢ ᠴᠦᠬᠡᠨ ᠠᠲᠠᠯ᠎ᠠ ᠪᠡᠨ ᠬᠤᠭᠤᠯᠠᠨ ᠤ ᠲᠦᠷᠦᠯ ᠵᠦᠢᠯ ᠨᠢ ᠤᠯᠠᠨ᠂ ᠠᠮᠲᠠ ᠰᠢᠮᠲᠡ ᠨᠢ ᠰᠠᠶᠢᠬᠠᠨ ᠪᠠᠶᠢᠳᠠᠭ ᠵᠢᠡᠷ ᠵᠢᠡᠨ ᠤᠯᠠᠨ ᠤ ᠲᠠᠭᠠᠰᠢᠶᠠᠯ ᠳ᠋ᠤ ᠬᠦᠷᠳᠡᠭ᠂ ᠡᠨᠡ ᠬᠤᠭᠤᠯᠠᠨ ᠬᠡᠷ ᠲᠤ ᠲᠤᠭᠤᠭᠠᠴᠢ ᠪᠡᠷ ᠠᠵᠢᠯᠯᠠᠪᠠᠯ ᠯᠠᠪᠲᠠᠢ ᠦᠨᠳᠦᠷ ᠵᠡᠷᠭᠡ ᠵᠢᠨ ᠲᠤᠰᠬᠠᠢ ᠪᠤᠯᠪᠠᠰᠤᠷᠠᠯ ᠬᠦᠷᠲᠡᠭᠰᠡᠨ ᠪᠠᠶᠢᠬᠤ ᠬᠡᠷᠡᠭᠲᠡᠢ᠂ ᠬᠡᠰᠢᠭᠲᠤ ᠶᠠᠭ ᠡᠨᠳᠡ ᠡᠴᠡ ᠤᠯᠠᠨ ᠵᠦᠢᠯ ᠤᠨ ᠮᠡᠷᠬᠡᠵᠢᠯ ᠰᠤᠷᠴᠤ ᠴᠢᠳᠠᠭᠰᠠᠨ ᠪᠦᠭᠡᠳ ᠦᠪᠡᠷ ᠵᠢᠡᠨ ᠴᠤ ᠤᠯᠠᠨ ᠲᠦᠷᠦᠯ ᠤᠨ ᠪᠤᠳᠠᠭ᠎ᠠ ᠨᠤᠭᠤᠭ᠎ᠠ ᠬᠢᠬᠦ ᠲᠤᠷᠠᠲᠠᠢ ᠪᠤᠯᠬᠤᠷ ᠲᠡᠭᠦᠨ ᠤ ᠭᠠᠷ ᠡᠴᠡ ᠭᠠᠷᠤᠭᠰᠠᠨ ᠠᠮᠲᠠᠲᠤ ᠢᠳᠡᠭᠡᠨ ᠨᠢ ᠪᠤᠰᠤᠳ ᠤᠨ ᠮᠠᠭᠲᠠᠭᠠᠯ ᠢ ᠤᠯᠬᠤ ᠨᠢ ᠯᠠᠪᠲᠠᠢ᠃ ᠬᠡᠪᠡᠴᠤ ᠱᠠᠨᠭᠬᠠᠢ ᠬᠤᠲᠠ ᠮᠠᠨ ᠤ ᠡᠨᠳᠡ ᠡᠴᠡ ᠲᠡᠨᠭᠳᠡᠬᠦᠦ ᠬᠤᠯᠠ ᠪᠤᠯᠬᠤᠷ ᠲᠡᠷᠡ ᠰᠡᠬᠦᠯ ᠳ᠋ᠡᠬᠡᠨ ᠳ᠋ᠦᠨᠭᠱᠸᠡᠭ ᠲᠤᠭᠤᠷᠢᠭ ᠲᠤ ᠢᠷᠡᠵᠤ᠂ ᠦᠪᠡᠷ ᠤᠨ ᠵᠢᠡᠨ ᠰᠤᠷᠤᠭᠰᠠᠨ ᠮᠡᠷᠬᠡᠵᠢᠯ ᠵᠢᠡᠷ ᠵᠢᠡᠨ ᠠᠮᠲᠠᠲᠤ ᠢᠳᠡᠭᠡᠨ ᠬᠢᠵᠤ ᠡᠬᠢᠯᠡᠵᠡᠢ᠃ ᠶᠠᠭ ᠡᠨᠡ ᠦᠶ᠎ᠡ ᠳ᠋ᠤ ᠲᠡᠭᠦᠨ ᠳ᠋ᠤ ᠪᠠᠰᠠ ᠬᠤᠶᠠᠷ ᠵᠦᠢᠯ ᠤᠨ ᠠᠰᠠᠭᠤᠳᠠᠯ ᠲᠤᠯᠭᠠᠷᠠᠯ᠎ᠠ᠃ ᠨᠢᠬᠡ ᠨᠢ ᠬᠢᠵᠢᠭ ᠤᠨ ᠤᠷᠰᠢᠭ ᠡᠴᠡ ᠪᠤᠯᠵᠤ ᠲᠡᠭᠦᠨ ᠤ ᠠᠷᠠᠯᠵᠢᠶ᠎ᠠ ᠨᠢ ᠮᠠᠰᠢ ᠮᠠᠭᠤᠳᠠᠪᠠ᠂ ᠪᠠᠰᠠ ᠨᠢᠬᠡ ᠨᠢ ᠬᠦᠳᠡᠭᠡ ᠬᠡᠷ ᠲᠤ ᠨᠢ ᠬᠦᠮᠦᠨ ᠤ ᠬᠦᠴᠦ ᠬᠦᠷᠦᠯᠴᠡᠬᠦ ᠦᠭᠡᠢ᠃ ᠶᠠᠭ ᠡᠬᠦᠨ ᠡᠴᠡ ᠰᠢᠯᠲᠠᠭᠠᠯᠠᠨ ᠲᠡᠷᠡ ᠪᠡᠷ ᠨᠢᠳᠤᠨᠤᠨ ᠵᠢᠯ ᠬᠦᠳᠡᠭᠡ ᠬᠡᠷ ᠲᠡᠭᠡᠨ ᠬᠠᠷᠢᠵᠤ ᠢᠷᠡᠭᠡᠳ ᠮᠠᠯ ᠵᠢᠡᠨ ᠮᠠᠯᠵᠢᠬᠤ ᠵᠢᠨ ᠵᠡᠷᠭᠡ ᠪᠡᠷ ᠭᠠᠬᠠᠢ ᠲᠡᠵᠢᠬᠡᠵᠡᠢ᠃ ᠵᠤᠬᠢᠶᠠᠯ ᠤᠨ ᠡᠬᠢᠨ ᠳ᠋ᠤ ᠬᠡᠯᠡᠭᠰᠡᠨ ᠵᠢᠡᠷ ᠤᠷᠴᠢᠮ ᠤᠨ ᠵᠢᠯ ᠤᠳ ᠤᠨ ᠮᠠᠯ ᠤᠨ ᠦᠨ᠎ᠡ ᠵᠢᠨ ᠪᠠᠭᠤᠷᠠᠯᠲᠠ ᠨᠢ ᠲᠡᠭᠦᠨ ᠳ᠋ᠤ ᠪᠠᠰᠠ ᠶᠡᠬᠡᠬᠡᠨ ᠰᠡᠲᠡᠯᠲᠡ ᠦᠭᠴᠤ᠂ ᠬᠡᠰᠢᠭᠪᠠᠲᠤ ᠮᠠᠨᠢ ᠪᠠᠰᠠ ᠨᠢᠬᠡ ᠵᠦᠢᠯ ᠤᠨ ᠠᠰᠢᠭ ᠤᠷᠤᠯᠭ᠎ᠠ ᠡᠬᠦᠳᠬᠦ ᠠᠷᠭ᠎ᠠ ᠵᠠᠮ ᠬᠠᠶᠢᠨ ᠰᠦᠪᠡᠭᠴᠢᠯᠡᠵᠤ ᠡᠬᠢᠯᠡᠵᠡᠢ᠃ ᠢᠨᠭᠭᠢᠭᠡᠳ ᠤᠤᠯ ᠤᠨ ᠱᠠᠨᠭᠬᠠᠢ ᠳ᠋ᠤ ᠤᠳᠠᠭᠠᠨ ᠵᠢᠯ ᠠᠵᠢᠯᠯᠠᠭᠰᠠᠨ ᠲᠤᠷᠰᠢᠯᠭ᠎ᠠ ᠳ᠋ᠠᠭᠠᠨ ᠰᠠᠭᠤᠷᠢᠯᠠᠨ᠂ ᠭᠠᠷᠠᠭ ᠢᠯᠡᠬᠦᠦ ᠵᠢᠨ ᠬᠤᠭᠤᠴᠠᠭ᠎ᠠ ᠪᠡᠷ ᠳᠠᠬᠢᠨ ᠲᠡᠨᠳᠡ ᠬᠦᠷᠴᠤ ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ︵ᠲᠤᠳᠤᠳᠬᠠᠯ᠄ ᠡᠬᠦᠨ ᠢ ᠬᠢᠲᠠᠳ ᠬᠡᠯᠡ ᠪᠡᠷ ︽榴莲芝士饼︾ ᠬᠡᠳᠡᠭ᠂ ᠮᠤᠨᠭᠭᠤᠯ ᠵᠢᠡᠷ ︽ᠳ᠋ᠤᠷᠠᠶᠢᠨ ᠵᠢᠮᠢᠰ ᠤᠨ ᠪᠤᠭᠤᠷᠰᠤᠭ︾ ᠪᠤᠶᠤ ︽ᠦᠮᠡᠬᠡᠢ ᠵᠢᠮᠢᠰ ᠤᠨ ᠪᠤᠭᠤᠷᠰᠤᠭ︾ ᠬᠡᠵᠤ ᠤᠷᠴᠢᠭᠤᠯᠤᠭᠰᠠᠨ ᠴᠤ ᠡᠨᠡ ᠨᠢ ᠤᠨᠭᠰᠢᠬᠤ ᠳ᠋ᠤ ᠬᠦᠴᠢᠷ ᠪᠤᠶᠤ ᠰᠤᠨᠤᠰᠤᠪᠤᠷᠢ ᠦᠭᠡᠢ ᠪᠤᠯᠬᠤᠷ︽ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ︾ ᠬᠡᠵᠤ ᠲᠤᠰ ᠵᠤᠬᠢᠶᠠᠯ ᠳ᠋ᠤ ᠬᠡᠷᠡᠭᠯᠡᠪᠡ︶ᠬᠢᠬᠦ ᠮᠡᠷᠬᠡᠵᠢᠯ ᠢ ᠡᠵᠡᠮᠰᠢᠨ ᠰᠤᠷᠴᠠᠢ᠃ ︽ᠰᠤᠨᠭᠭᠤᠯᠲᠠ ᠵᠦᠪ ᠪᠤᠯ ᠵᠠᠮ ᠲᠠᠷᠲᠠᠡᠭ︾ᠬᠡᠭᠴᠢ ᠪᠡᠷ ᠲᠡᠭᠦᠨ ᠤ ᠡᠨᠡ ᠰᠤᠨᠭᠭᠤᠯᠲᠠ ᠨᠢ ᠬᠡᠰᠢᠭᠪᠠᠲᠤ ᠵᠢᠨ ᠠᠵᠤ ᠠᠮᠢᠳᠤᠷᠠᠯ ᠳ᠋ᠤ ᠮᠠᠰᠢ ᠶᠡᠭᠡ ᠦᠬᠡᠷᠴᠢᠯᠡᠯᠲᠡ ᠭᠠᠷᠭᠠᠵᠠᠢ᠃
2024 ᠤᠨ ᠤᠨ ᠨᠠᠮᠤᠷ᠂ ᠬᠡᠰᠢᠭᠪᠠᠲᠤ ᠨᠢᠬᠡ ᠲᠦᠮᠡ ᠢᠯᠡᠬᠦᠦ ᠲᠦᠬᠦᠷᠢᠭ ᠤᠨ ᠪᠡᠯᠡ ᠤᠷᠤᠭᠤᠯᠵᠤ᠂ ᠤᠲᠤᠭ ᠤᠨ ᠡᠮᠦᠨᠡᠲᠤ ᠬᠤᠰᠢᠭᠤᠨ ᠤ ᠲᠦᠪ ᠤᠯᠵᠠᠵᠠᠢ ᠪᠠᠯᠭᠠᠰᠤᠨ ᠤ ᠰᠦᠨᠢ ᠵᠢᠨ ᠵᠠᠬ᠎ᠠ ᠵᠢᠨ ᠨᠢᠬᠡ ᠲᠠᠰᠤᠯᠪᠤᠷᠢ ᠶ᠋ᠢ ᠲᠦᠷᠢᠶᠡᠰᠦᠯᠡᠨ ᠠᠪᠴᠤ ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ ᠵᠢᠡᠨ ᠡᠬᠢᠯᠡᠬᠦᠯᠥᠨ ᠬᠢᠵᠤ ᠬᠤᠳᠠᠯᠳᠤᠭᠰᠠᠨ ᠪᠠᠶᠢᠨ᠎ᠠ᠃ ᠰᠠᠨᠠᠭᠠᠨ ᠡᠴᠡ ᠭᠠᠳᠠᠭᠤᠷ ᠲᠡᠭᠦᠨ ᠤ ᠬᠢᠵᠤ ᠭᠠᠷᠭᠠᠭᠰᠠᠨ ᠡᠨᠡᠬᠦ ᠪᠤᠭᠤᠷᠰᠤᠭ ᠨᠢ ᠦᠨᠦᠷ ᠠᠮᠲᠠ ᠪᠡᠷ ᠰᠠᠶᠢᠬᠠᠨ ᠪᠠᠶᠢᠵᠤ᠂ ᠮᠠᠰᠢ ᠤᠯᠠᠨ ᠬᠡᠷᠡᠭᠯᠡᠭᠴᠢᠳ ᠤᠨ ᠲᠠᠭᠠᠰᠢᠶᠠᠯ ᠢ ᠤᠯᠵᠤ᠂ ᠨᠢᠬᠡ ᠡᠳᠦᠷ ᠲᠤ ᠬᠠᠮᠤᠭ ᠤᠯᠠᠨ ᠳ᠋ᠠᠭᠠᠨ 300 ᠪᠤᠭᠤᠷᠰᠤᠭ ᠬᠤᠳᠠᠯᠳᠤᠭᠰᠠᠨ ᠨᠢ ᠲᠡᠭᠦᠨ ᠢ ᠮᠠᠰᠢ ᠪᠠᠶᠠᠷᠯᠠᠭᠤᠯᠵᠠᠢ᠃ ︽ᠤᠳᠤ ᠲᠡᠭᠷᠢ ᠵᠢᠭᠠᠬᠠᠨ ᠬᠦᠢᠲᠡᠷᠡᠭᠡᠳ ᠡᠨᠡᠬᠦ ᠰᠦᠨᠢ ᠵᠢᠨ ᠵᠠᠬ᠎ᠠ ᠵᠢᠨ ᠠᠷᠠᠯᠵᠢᠶ᠎ᠠ ᠪᠠᠭ᠎ᠠ ᠵᠡᠷᠭᠡ ᠮᠠᠭᠤᠳᠠᠵᠤ ᠪᠠᠶᠢᠨ᠎ᠠ᠂ ᠦᠭᠡᠢ ᠪᠤᠯ ᠵᠤᠨ ᠨᠠᠮᠤᠷ ᠲᠠᠭᠠᠨ ᠬᠦᠮᠦᠨ ᠤᠯᠠᠨ ᠪᠤᠯᠬᠤᠷ ᠮᠢᠨᠤ ᠡᠨᠡ ᠪᠤᠭᠤᠷᠰᠤᠭ ᠢ ᠠᠪᠳᠠᠭ ᠬᠦᠮᠦᠨ ᠤᠯᠠᠨ᠂ ᠡᠨᠡᠬᠦ ᠪᠤᠭᠤᠷᠰᠤᠭ ᠤᠨ ᠬᠤᠳᠠᠯᠳᠤᠬᠤ ᠦᠨ᠎ᠡ ᠨᠢ ᠨᠢᠬᠡ ᠨᠢ 28 ᠲᠦᠬᠦᠷᠢᠭ᠂ ᠲᠡᠭᠡᠬᠦᠯᠡᠷ ᠲᠡᠭᠷᠢ ᠲᠤᠯᠠᠭᠠᠨ ᠴᠠᠭ ᠲᠤ ᠨᠢᠬᠡ ᠡᠳᠦᠷ ᠲᠤ ᠪᠢ 8000 ᠲᠦᠬᠦᠷᠢᠭ ᠤᠨ ᠤᠷᠤᠯᠭ᠎ᠠ ᠤᠯᠴᠢᠬᠠᠨ᠎ᠠ᠃ ᠬᠡᠪᠡᠴᠤ ᠡᠬᠦᠨ ᠤ ᠦᠪᠡᠷ ᠤᠨ ᠦᠷᠲᠡᠭ ᠪᠠᠰᠠ ᠦᠨᠳᠦᠷ ᠰᠢᠤ᠂ ᠮᠢᠨᠤ ᠡᠨᠡ ᠪᠤᠭᠤᠷᠰᠤᠭ ᠤᠨ ᠭᠤᠤᠯ ᠮᠠᠲᠸᠷᠢᠶᠠᠯ ᠪᠤᠯᠬᠤ ᠠᠷᠵᠠᠭᠠᠷ ᠬᠠᠯᠢᠰᠲᠤ ᠵᠢᠮᠢᠰ ᠵᠢᠡᠨ ᠱᠠᠨᠭᠬᠠᠢ ᠬᠤᠲᠠ ᠵᠢᠨ ᠨᠢᠬᠡ ᠭᠠᠳᠠᠭᠠᠳᠤ ᠠᠷᠠᠯᠵᠢᠶᠠᠨ ᠤ ᠺᠤᠮᠫᠠᠨᠢ ᠡᠴᠡ ᠤᠷᠤᠭᠤᠯᠵᠤ ᠪᠠᠶᠢᠨ᠎ᠠ᠃ ᠤᠴᠢᠷ ᠨᠢ ᠲᠡᠷᠡ ᠺᠤᠮᠫᠠᠨᠢ ᠮᠠᠰᠢ ᠶᠡᠭᠡ ᠢᠲᠡᠭᠡᠯ ᠲᠠᠢ᠂ ᠪᠢ ᠤᠤᠯ ᠨᠢ ︿ᠮᠢᠴᠢᠯᠢᠨ ᠬᠤᠭᠤᠯᠠᠨ ᠬᠡᠷ﹀ ᠲᠤ ᠠᠵᠢᠯᠯᠠᠵᠤ ᠪᠠᠶᠢᠬᠤ ᠳ᠋ᠠᠭᠠᠨ ᠲᠠᠨᠭᠳᠠ ᠲᠡᠨᠳᠡ ᠡᠴᠡ ᠡᠬᠢ ᠮᠠᠲ᠋ᠸᠷᠢᠶᠠᠯ ᠵᠢᠡᠨ ᠠᠪᠳᠠᠭ ᠪᠠᠶᠢᠭᠰᠠᠨ᠂ ᠲᠡᠳᠡ ᠡᠨᠡᠬᠦ ᠠᠷᠵᠠᠭᠠᠷ ᠬᠠᠯᠢᠰᠲᠤ ᠵᠢᠮᠢᠰ ᠵᠢᠡᠨ ᠲᠠᠶᠢᠯᠠᠨᠳ᠋ ᠤᠯᠤᠰ ᠡᠴᠡ ᠠᠪᠴᠢᠷᠠᠳᠠᠭ᠂ ᠵᠢᠮᠢᠰ ᠵᠢᠡᠨ ᠰᠤᠨᠭᠭᠤᠬᠤ ᠳ᠋ᠠᠭᠠᠨ ᠮᠤᠳᠤᠨ ᠲᠡᠭᠡᠷ᠎ᠡ ᠨᠢ ᠪᠤᠯᠪᠠᠰᠤᠷᠠᠭᠠᠳ ᠰᠢᠷᠠᠯᠠᠭᠰᠠᠨ ᠲᠠᠷᠠᠭ᠎ᠠ ᠲᠠᠰᠤᠯᠵᠤ ᠠᠪᠤᠨᠭᠭᠤᠳᠠ ᠪᠡᠨ ᠲᠦᠷᠬᠡᠨ ᠬᠦᠯᠳᠡᠬᠡᠵᠤ ᠮᠠᠨ ᠤ ᠤᠯᠤᠰ ᠲᠤ ᠤᠷᠤᠭᠤᠯᠳᠠᠭ ᠶᠤᠮ ᠪᠠᠶᠢᠨᠯᠠᠢ᠂ ᠲᠡᠭᠡᠬᠦᠯᠡᠷ ᠦᠨᠦᠷ ᠠᠮᠲᠠ ᠨᠢ ᠰᠤᠳᠤᠨ ᠰᠠᠶᠢᠬᠠᠨ ᠪᠠᠶᠢᠵᠤ᠂ ᠬᠡᠷᠡᠭᠯᠡᠭᠴᠢᠳ ᠤᠨ ᠰᠠᠨᠠᠭᠠᠨ ᠳ᠋ᠤ ᠬᠦᠷᠳᠡᠭ᠃ ᠤᠳᠤᠬᠠᠨ ᠳ᠋ᠤ ᠤᠲᠤᠭ ᠤᠨ ᠡᠮᠦᠨᠡᠲᠤ ᠬᠤᠰᠢᠭᠤᠨ ᠳ᠋ᠤ ᠡᠨᠡᠬᠦ ᠠᠷᠵᠠᠭᠠᠷ ᠬᠠᠯᠢᠰᠲᠤ ᠵᠢᠮᠢᠰ ᠵᠢᠡᠷ ᠬᠢᠭᠰᠡᠨ ᠪᠤᠭᠤᠷᠰᠤᠭ ᠦᠬᠡᠷ᠎ᠡ ᠪᠠᠶᠢᠬᠤ ᠦᠭᠡᠢ︾ᠬᠡᠵᠤ ᠬᠡᠰᠢᠭᠪᠠᠲᠤ ᠪᠢᠳᠠᠨ ᠳ᠋ᠤ ᠲᠠᠨᠢᠯᠴᠠᠭᠤᠯᠤᠯ᠎ᠠ᠃
ᠡᠨᠳᠡ ᠪᠠᠰᠠ ᠨᠢᠬᠡ ᠯᠠᠪᠰᠢᠷᠠᠭᠤᠯᠵᠤ ᠦᠬᠦᠯᠡᠬᠦ ᠶᠠᠪᠤᠳᠠᠯ ᠬᠡᠪᠡᠯ ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ ᠢ ᠵᠠᠪᠠᠯ ᠰᠢᠷ᠎ᠠ ᠲᠤᠰᠤ ᠪᠡᠷ ᠨᠤᠬᠤᠳᠠᠭ ᠶᠤᠮ ᠪᠠᠶᠢᠨ᠎ᠠ᠂ ᠱᠠᠨᠭᠬᠠᠢ ᠳ᠋ᠤ ᠡᠬᠦᠨ ᠢ ᠬᠢᠬᠦ ᠳ᠋ᠤ ᠵᠠᠪᠠᠯ ᠭᠠᠳᠠᠭᠠᠳᠤ ᠡᠴᠡ ᠤᠷᠤᠭᠤᠯᠤᠭᠰᠠᠨ ᠰᠢᠷ᠎ᠠ ᠲᠤᠰᠤ ᠪᠡᠷ ᠡᠬᠢ ᠮᠠᠲᠸᠷᠢᠶᠠᠯ ᠪᠤᠯᠭᠠᠳᠠᠭ᠂ ᠬᠡᠰᠢᠭᠪᠠᠲᠤ ᠡᠨᠳᠡ ᠢᠷᠡᠭᠰᠡᠨ ᠤ ᠬᠤᠶᠢᠨ᠎ᠠ ᠨᠤᠲᠤᠭ ᠤᠨ ᠪᠠᠶᠢᠭᠠᠯᠢᠯᠢᠭ ᠰᠢᠷ᠎ᠠ ᠲᠤᠰᠤ ᠪᠡᠷ ᠭᠤᠯᠢᠷ ᠵᠢᠡᠨ ᠨᠤᠬᠤᠵᠤ ᠲᠤᠷᠰᠢᠨ ᠬᠢᠭᠰᠡᠨ ᠳ᠋ᠤ ᠦᠨᠦᠷ ᠠᠮᠲᠠ ᠨᠢ ᠬᠤᠪᠢᠷᠠᠭ᠎ᠠ ᠦᠭᠡᠢ ᠮᠦᠷᠲᠡᠭᠡᠨ ᠤᠮᠠᠷᠠᠲᠤ ᠤᠷᠤᠨ ᠤ ᠬᠡᠷᠡᠭᠯᠡᠭᠴᠢᠳ ᠤᠨ ᠰᠠᠨᠠᠭᠠᠨ ᠳ᠋ᠤ ᠲᠠᠭᠠᠯᠠᠭᠳᠠᠭᠰᠠᠨ ᠡᠴᠡ ᠲᠡᠷᠡ ᠪᠡᠷ ᠡᠬᠡᠴᠢ ᠵᠢᠨ ᠵᠢᠡᠨ ᠰᠢᠷ᠎ᠠ ᠲᠤᠰᠤ ᠶ᠋ᠢ ᠡᠳᠦᠷ ᠪᠤᠯᠭᠠᠨ ᠨᠢᠬᠡ ᠵᠢᠡᠭ ᠬᠤᠳᠠᠯᠳᠤᠨ ᠠᠪᠴᠤ ᠦᠬᠡᠷ᠎ᠡ ᠪᠤᠰᠤᠳ ᠤᠨ ᠤᠷᠤᠯᠭ᠎ᠠ ᠶ᠋ᠢ ᠴᠤ ᠳᠠᠶᠢᠴᠢᠯᠠᠵᠤ ᠴᠢᠳᠠᠭᠰᠠᠨ ᠨᠢ ᠮᠠᠭᠲᠠᠭᠤᠰᠢᠲᠠᠢ᠃ ᠬᠡᠰᠢᠭᠪᠠᠲᠤ ᠵᠢᠨ ᠠᠵᠢᠯ ᠡᠨᠡᠬᠦᠨ ᠵᠢᠡᠷ ᠵᠤᠭᠰᠤᠭ᠎ᠠ ᠦᠭᠡᠢ ᠪᠠᠶᠢᠯ᠎ᠠ᠃ ᠲᠡᠷᠡ ᠨᠢᠬᠡ ᠡᠳᠦᠷ ᠤᠨ 24 ᠴᠠᠭ ᠤᠨ ᠠᠵᠢᠯ ᠤᠨ ᠲᠤᠬᠢᠷᠠᠭᠤᠯᠤᠯᠲᠠ ᠪᠡᠨ ᠬᠡᠯᠡᠵᠤ ᠭᠠᠷᠭᠠᠬᠤ ᠳ᠋ᠤ ᠪᠢᠳᠠ ᠭᠠᠶᠢᠬᠠᠰᠢᠷᠠᠵᠤ ᠠᠪᠤᠯ᠎ᠠ᠃︽ᠪᠢ ᠦᠷᠯᠥᠬᠡ ᠵᠢᠨ ᠨᠠᠢᠮᠠᠨ ᠴᠠᠭ ᠲᠤ ᠪᠤᠰᠤᠭᠠᠳ ᠮᠠᠯ ᠵᠢᠡᠨ ᠲᠡᠵᠢᠬᠡᠬᠦ ᠠᠵᠢᠯ ᠳ᠋ᠠᠭᠠᠨ ᠭᠠᠷᠤᠨ᠎ᠠ᠂ ᠡᠪᠡᠰᠦ ᠪᠤᠷᠳᠤᠭ᠎ᠠ ᠪᠡᠯᠡᠳᠬᠡᠬᠦ᠂ ᠦᠬᠡᠷ ᠬᠤᠨᠢ ᠪᠡᠨ ᠤᠰᠤᠯᠠᠬᠤ᠂ ᠬᠤᠷᠤᠭ᠎ᠠ ᠬᠦᠷᠢᠶ᠎ᠡ ᠪᠡᠨ ᠴᠡᠪᠡᠷᠯᠡᠬᠦ ᠬᠡᠳ ᠪᠠᠷᠤᠭ ᠨᠢᠬᠡ ᠦᠳᠡ ᠵᠢᠨ ᠡᠮᠦᠨ᠎ᠡ ᠵᠢᠨ ᠴᠠᠭ ᠵᠠᠷᠤᠴᠠᠭᠤᠯᠤᠨ᠎ᠠ᠃ ᠦᠳᠡ ᠵᠢᠨ ᠬᠤᠭᠤᠯᠠᠨ ᠤ ᠲᠠᠷᠠᠭ᠎ᠠ ᠮᠠᠰᠢᠨ ᠵᠢᠡᠨ ᠪᠠᠷᠢᠵᠤ ᠬᠤᠰᠢᠭᠤ︵ᠤᠲᠤᠭ ᠤᠨ ᠡᠮᠦᠨᠡᠲᠤ ᠬᠤᠰᠢᠭᠤ︶ ᠤᠷᠤᠨ᠎ᠠ᠂ ᠡᠨᠡ ᠵᠢᠭᠠᠬᠠᠨ ᠳᠡᠯᠬᠡᠬᠦᠷ ᠲᠡᠭᠡᠨ ᠢᠷᠡᠭᠰᠡᠨ ᠤ ᠲᠠᠷᠠᠭ᠎ᠠ ᠭᠤᠯᠢᠷ ᠵᠢᠡᠨ ᠨᠤᠬᠤᠬᠤ᠂ ᠮᠠᠲᠸᠷᠢᠶᠠᠯ ᠤᠷᠤᠭᠤᠯᠬᠤ᠂ ᠮᠢᠬ᠎ᠠ ᠪᠡᠨ ᠬᠡᠷᠴᠢᠬᠦ᠂ ᠬᠡᠷᠴᠢᠭᠰᠡᠨ ᠮᠢᠬ᠎ᠠ ᠪᠡᠨ ᠲᠡᠮᠤᠷ ᠤᠲᠠᠰᠤᠨ ᠳ᠋ᠤ ᠰᠦᠯᠵᠢᠬᠦ︵ᠰᠢᠷᠠᠯᠠᠭ᠎ᠠ ᠳ᠋ᠤ ᠬᠡᠷᠡᠭᠯᠡᠬᠦ︶ᠬᠡᠳ ᠪᠠᠷᠤᠭ ᠬᠤᠶᠠᠷ ᠡᠴᠡ ᠭᠤᠷᠪᠡᠨ ᠴᠠᠭ ᠵᠠᠷᠤᠴᠠᠭᠤᠯᠤᠨ᠎ᠠ᠃ ᠦᠳᠡ ᠵᠢᠨ ᠬᠤᠶᠢᠨ᠎ᠠ ᠵᠢᠨ ᠲᠠᠪᠤ ᠵᠢᠷᠭᠤᠭᠠᠨ ᠴᠠᠭ ᠡᠴᠡ ᠡᠬᠢᠯᠡᠬᠡᠳ ᠬᠡᠷᠡᠭᠯᠡᠭᠴᠢᠳ ᠡᠨᠡᠬᠦᠷ ᠤᠯᠠᠰᠢᠷᠠᠵᠤ ᠮᠢᠨᠤ ᠮᠠᠶᠢᠮᠠᠢ ᠴᠤ ᠬᠦᠭᠵᠢᠶᠡᠨᠲᠡᠢ ᠪᠤᠯᠤᠨ᠎ᠠ᠃ ᠲᠡᠭᠷᠢ ᠲᠤᠯᠠᠭᠠᠨ ᠳ᠋ᠠᠭᠠᠨ ᠪᠢ ᠰᠦᠨᠢ ᠵᠢᠨ 11 ᠬᠦᠷᠲᠡᠯ᠎ᠡ ᠬᠤᠳᠠᠯᠳᠤᠳᠠᠭ ᠪᠤᠯᠬᠤᠷ ᠳᠡᠯᠬᠡᠬᠦᠷ ᠵᠢᠡᠨ ᠴᠡᠪᠡᠷᠯᠡᠵᠤ ᠠᠬᠤᠶᠢᠯᠠᠭᠠᠳ ᠡᠬᠦᠳᠡ ᠪᠡᠨ ᠬᠠᠭᠠᠬᠤ ᠳ᠋ᠤ ᠪᠠᠷᠤᠭ 12 ᠴᠠᠭ ᠬᠦᠷᠳᠡᠭ᠂ ᠢᠨᠭᠭᠢᠭᠡᠳ ᠯᠠ ᠬᠦᠳᠡᠭᠡ ᠬᠡᠷ ᠲᠡᠭᠡᠨ ᠬᠠᠷᠢᠵᠤ ᠤᠴᠢᠬᠤ ᠳ᠋ᠤ ᠪᠠᠷᠤᠭ ᠦᠤᠷ ᠤᠨ 1 ᠴᠠᠭ᠂ ᠲᠠᠷᠠᠭ᠎ᠠ ᠨᠢ ᠭᠠᠬᠠᠢ ᠪᠡᠨ ᠲᠡᠵᠢᠬᠡᠨ᠎ᠡ᠂ ᠤᠨᠳᠠᠬᠤ ᠳ᠋ᠤ ᠪᠠᠷᠤᠭ 2 ᠴᠠᠭ ᠪᠤᠯᠴᠢᠬᠠᠳᠠᠭ᠃ ᠬᠡᠪᠡᠴᠤ ᠡᠪᠤᠯ ᠴᠠᠭ ᠪᠤᠯ ᠡᠬᠦᠨ ᠡᠴᠡ ᠨᠢᠬᠡ ᠴᠠᠭ ᠪᠤᠶᠤ ᠨᠢᠬᠡ ᠴᠠᠭ ᠬᠠᠭᠠᠰ ᠤᠷᠢᠳᠴᠢᠯᠠᠳᠠᠭ︾ᠬᠡᠵᠤ ᠬᠡᠰᠢᠭᠪᠠᠲᠤ ᠶᠠᠷᠢᠭᠰᠠᠨ ᠶᠤᠮ᠃ ᠦᠵᠡᠬᠦᠯ᠎ᠡ ᠲᠡᠭᠦᠨ ᠤ ᠠᠮᠠᠷᠠᠯᠲᠠ ᠵᠢᠨ ᠴᠠᠭ ᠬᠡᠵᠤ ᠮᠠᠰᠢ ᠤᠬᠤᠷ ᠪᠠᠶᠢᠵᠤ᠂ ᠪᠠᠷᠤᠭ ᠯᠠ ᠵᠤᠭᠰᠤᠭ᠎ᠠ ᠵᠢᠯᠤᠭᠤ ᠦᠭᠡᠢ ᠲᠡᠮᠡᠤᠯᠡᠵᠤ ᠪᠠᠶᠢᠭ᠎ᠠ ᠠᠵᠢ᠃
ᠢᠨᠭᠭᠢᠬᠦ ᠳ᠋ᠤ ᠪᠠᠰᠠ ᠨᠢᠬᠡ ᠵᠦᠢᠯ ᠤᠨ ᠠᠰᠠᠭᠤᠳᠠᠯ ᠭᠠᠷᠤᠭᠠᠳ ᠢᠷᠡᠯ᠎ᠡ᠃ ᠲᠡᠭᠦᠨ ᠤ ᠶᠠᠷᠢᠶᠠᠨ ᠳ᠋ᠤ ᠮᠢᠬ᠎ᠠ ᠬᠡᠷᠴᠢᠬᠦ ᠬᠢᠳᠡᠯ ᠭᠠᠷᠴᠤ ᠢᠷᠡᠭᠰᠡᠨ ᠨᠢ ᠶᠠᠭᠤᠨ ᠡᠴᠡ ᠪᠤᠯᠪᠠ︖ᠠᠷᠵᠠᠭᠠᠷ ᠬᠠᠯᠢᠰᠲᠤ ᠵᠢᠮᠢᠰ ᠵᠢᠡᠷ ᠬᠢᠭᠰᠡᠨ ᠪᠤᠭᠤᠷᠰᠤᠭ ᠬᠢᠵᠤ ᠪᠠᠶᠢᠭ᠎ᠠ ᠬᠦᠮᠦᠨ ᠶᠠᠭᠤ ᠬᠡᠵᠤ ᠮᠢᠬ᠎ᠠ ᠬᠡᠷᠴᠢᠬᠦ ᠪᠢᠯᠡ︖ ᠤᠤᠯ ᠨᠢ ᠲᠡᠷᠡ ᠡᠨᠡᠬᠦ ᠳᠡᠯᠬᠡᠬᠦᠷ ᠤᠨ ᠵᠢᠡᠨ ᠨᠢᠬᠡ ᠦᠨᠴᠦᠭ ᠵᠢᠡᠨ ᠠᠰᠢᠭᠯᠠᠭᠠᠳ ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ ᠬᠢᠬᠦ ᠵᠢᠨ ᠳᠠᠭᠠᠤ ᠮᠠᠯ ᠤᠨ ᠮᠢᠬᠠᠨ ᠱᠤᠷᠤᠯᠭ᠎ᠠ ᠬᠢᠵᠤ ᠬᠤᠳᠠᠯᠳᠤᠳᠠᠭ ᠪᠠᠶᠢᠯ᠎ᠠ᠃ ᠶᠠᠷᠤ ᠨᠢ ︽ᠤᠷᠤᠯᠳᠤᠯᠭ᠎ᠠ ᠰᠠᠶᠢᠲᠤ ᠤᠷᠤᠢ ᠳ᠋ᠤ ᠨᠢ ᠭᠠᠷᠤᠨ᠎ᠠ︾ ᠬᠡᠵᠤ ᠬᠡᠯᠡᠳᠡᠭ ᠦᠨᠡᠨ ᠠᠵᠢ᠃ ᠲᠡᠷᠡ ᠤᠬᠤᠷᠬᠠᠨ ᠬᠤᠶᠠᠷ ᠰᠠᠷ᠎ᠠ ᠵᠢᠨ ᠬᠤᠭᠤᠴᠠᠭᠠᠨ ᠳ᠋ᠤ ᠲᠠᠪᠢᠭᠠᠳ ᠬᠤᠨᠢ ᠪᠡᠨ ᠠᠯᠠᠵᠤ ᠨᠢᠳᠤᠯᠠᠨ ᠮᠢᠬᠠᠨ ᠱᠤᠷᠤᠯᠭ᠎ᠠ ᠬᠢᠵᠤ ᠬᠤᠳᠠᠯᠳᠤᠭᠰᠠᠨ ᠪᠠᠶᠢᠵᠠᠢ᠃ ᠡᠨᠡ ᠲᠤᠬᠠᠢ ᠲᠡᠷᠡ᠄︽ᠤᠷᠴᠢᠮ ᠤᠨ ᠵᠢᠯ ᠤᠳ ᠤᠨ ᠮᠠᠯ ᠤᠨ ᠮᠢᠬᠠᠨ ᠤ ᠦᠨ᠎ᠡ ᠵᠢᠨ ᠪᠠᠭᠤᠷᠠᠯᠲᠠ ᠬᠡᠲᠦᠷᠬᠡᠢ ᠶᠡᠭᠡ ᠡᠴᠡ ᠪᠤᠯᠵᠤ ᠮᠠᠯᠴᠢᠳ ᠪᠢᠳᠠ ᠦᠢᠯᠡᠳᠪᠦᠷᠢᠯᠡᠯ ᠤᠨ ᠪᠦᠲᠦᠬᠡᠭᠳᠡᠬᠦᠨ ᠵᠢᠡᠨ ᠭᠠᠷᠭᠠᠬᠤ ᠬᠡᠵᠤ ᠶᠠᠨᠭᠵᠤ ᠪᠦᠷᠢ ᠪᠡᠷ ᠴᠢᠷᠮᠠᠶᠢᠵᠤ ᠪᠠᠶᠢᠨ᠎ᠠ᠂ ᠤᠳᠤ ᠨᠢᠬᠡ ᠬᠤᠨᠢᠨ ᠤ ᠦᠨ᠎ᠡ ᠨᠠᠢᠮᠠ ᠶ᠋ᠢᠰᠦᠨ ᠵᠠᠭᠤ᠂ ᠰᠠᠶᠢᠨ ᠳ᠋ᠠᠭᠠᠨ ᠨᠢᠬᠡ ᠮᠢᠨᠭᠭᠠᠨ ᠲᠦᠬᠦᠷᠢᠭ ᠯᠠ ᠬᠦᠷᠴᠤ ᠪᠠᠶᠢᠨ᠎ᠠ᠂ ᠬᠠᠷᠢᠨ ᠬᠤᠨᠢ ᠪᠡᠨ ᠠᠯᠠᠵᠤ ᠨᠢᠲᠤᠯᠠᠭᠠᠳ ᠪᠡᠯᠡᠨ ᠢᠳᠡᠭᠡᠨ ᠪᠤᠯᠭᠠᠭᠠᠳ ᠬᠤᠳᠠᠯᠳᠤᠪᠠᠯ ᠡᠬᠦᠨ ᠡᠴᠡ ᠬᠤᠯᠠ ᠲᠡᠭᠡᠷ᠎ᠡ ᠪᠠᠶᠢᠬᠤ ᠬᠡᠵᠤ ᠪᠤᠳᠤᠭᠠᠳ ᠬᠤᠨᠢᠨ ᠮᠢᠬᠠᠨ ᠱᠤᠷᠤᠯᠭ᠎ᠠ ᠬᠢᠵᠤ ᠡᠬᠢᠯᠡᠭᠰᠡᠨ ᠶᠤᠮ᠃ ᠰᠠᠨᠠᠭᠠᠨ ᠡᠴᠡ ᠭᠠᠳᠠᠭᠤᠷ ᠡᠨᠡ ᠠᠵᠢᠯ ᠨᠢ ᠶᠡᠭᠡ ᠠᠰᠢᠭ ᠬᠦᠷᠲᠡᠬᠡᠯᠡ᠃ ᠢᠨᠭᠭᠢᠵᠤ ᠬᠤᠳᠠᠯᠳᠤᠪᠠᠯ ᠨᠢᠬᠡ ᠬᠤᠨᠢ ᠪᠠᠷᠤᠭ ᠭᠤᠷᠪᠠᠨ ᠮᠢᠨᠭᠭᠠ ᠡᠴᠡ ᠲᠦᠷᠪᠡᠨ ᠮᠢᠨᠭᠭᠠᠨ ᠲᠦᠬᠦᠷᠢᠭ ᠲᠤ ᠬᠦᠷᠴᠤ ᠪᠠᠶᠢᠨ᠎ᠠ᠃ ᠲᠡᠭᠷᠢ ᠬᠠᠯᠠᠭᠤᠨ ᠴᠠᠭ ᠲᠤ ᠨᠢᠬᠡ ᠡᠳᠦᠷ ᠲᠤ ᠨᠢᠬᠡ ᠬᠤᠨᠢ ᠬᠤᠳᠠᠯᠳᠤᠵᠤ ᠲᠡᠶᠢᠯᠤᠨ᠎ᠠ᠂ ᠤᠳᠤ ᠨᠢᠬᠡ ᠡᠳᠦᠷ ᠲᠤ ᠬᠠᠭᠠᠰ ᠬᠤᠨᠢ ᠬᠤᠳᠠᠯᠳᠤᠵᠤ ᠪᠠᠶᠢᠨ᠎ᠠ᠃ ᠶᠠᠷᠤ ᠨᠢ ︿ᠵᠦᠬᠡᠷ ᠰᠠᠭᠤᠬᠤ ᠪᠡᠷ ᠵᠦᠯᠬᠦᠵᠤ ᠰᠠᠭᠤ﹀ ᠬᠡᠳᠡᠭ ᠠᠷᠠᠳ ᠤᠨ ᠰᠡᠴᠡᠨ ᠦᠭᠡ ᠪᠠᠶᠢᠳᠠᠭ᠂ ᠪᠢᠳᠠ ᠨᠡᠶᠢᠬᠡᠮ ᠤᠨ ᠬᠤᠪᠢᠷᠠᠯᠲᠠ ᠡᠴᠡ ᠪᠤᠯᠵᠤ ᠪᠡᠶ᠎ᠡ ᠳ᠋ᠡᠬᠡᠨ ᠭᠤᠮᠤᠳᠠᠭᠠᠳ ᠬᠡᠷ ᠲᠡᠭᠡᠨ ᠶᠠᠭᠤ ᠴᠤ ᠬᠢᠬᠦ ᠦᠭᠡᠢ ᠭᠠᠷ ᠤᠲᠠᠰᠤ ᠱᠠᠬᠠᠶᠢᠭᠠᠳ ᠪᠠᠶᠢᠪᠠᠯ ᠲᠠᠷᠢᠬᠢ ᠲᠤᠯᠤᠭᠠᠢ ᠤᠯᠠᠮ ᠪᠢᠳᠠᠭᠤ ᠪᠤᠯᠵᠤ᠂ ᠨᠢᠳᠤ ᠴᠤ ᠮᠠᠭᠤᠳᠠᠨ᠎ᠠ᠂ ᠲᠡᠭᠡᠬᠦ ᠪᠡᠷ ᠵᠢᠡᠨ ᠶᠠᠭᠠᠬᠢᠪᠠᠯ ᠠᠮᠢᠳᠤᠷᠠᠯ ᠵᠢᠡᠨ ᠨᠡᠡᠭ ᠰᠠᠶᠢᠨ ᠪᠤᠯᠭᠠᠬᠤ ᠲᠤᠬᠠᠢ ᠰᠡᠳᠬᠢᠨ ᠪᠤᠳᠤᠯᠬᠢᠯᠠᠵᠤ᠂ ᠢᠯᠡᠬᠦᠭᠡᠨ ᠭᠠᠷ ᠬᠦᠳᠡᠯᠵᠤ ᠨᠢᠬᠡᠨ ᠵᠦᠢᠯ ᠢ ᠤᠷᠤᠯᠳᠤᠭᠠᠳ ᠪᠠᠶᠢᠪᠠᠯ ᠯᠠᠪᠲᠠᠢ ᠦᠷ᠎ᠡ ᠠᠰᠢᠭ ᠤᠯᠵᠤ ᠴᠢᠳᠠᠨ᠎ᠠ ᠬᠡᠵᠤ ᠪᠢ ᠪᠤᠳᠤᠳᠠᠭ︾ᠬᠡᠮᠡᠨ ᠪᠢᠳᠠᠨ ᠳ᠋ᠤ ᠶᠠᠷᠢᠯ᠎ᠠ᠃
ᠤᠳᠤᠬᠢ ᠴᠠᠭ ᠤᠨ ᠰᠤᠷᠪᠤᠯᠵᠢᠯᠠᠭ᠎ᠠ ᠳ᠋ᠤ ᠲᠦᠷᠰᠦ ᠪᠢᠴᠢᠯᠬᠡ ᠲᠤᠳᠠᠭᠳᠠᠵᠤ ᠪᠤᠯᠬᠤ ᠦᠭᠡᠢ ᠮᠦᠷᠲᠡᠬᠡᠨ ᠡᠯᠪᠡᠭ ᠲᠠᠢ ᠠᠪᠬᠤ ᠬᠡᠷᠡᠭᠲᠡᠢ ᠪᠤᠯᠬᠤᠷ ᠬᠡᠰᠢᠭᠪᠠᠲᠤ ᠮᠢᠬ᠎ᠠ ᠪᠡᠨ ᠬᠡᠷᠴᠢᠬᠦ ᠡᠴᠡ ᠡᠬᠢᠯᠡᠬᠡᠳ ᠱᠤᠷᠤᠯᠠᠬᠤ᠂ ᠰᠢᠷᠠᠵᠤ ᠭᠠᠷᠭᠠᠬᠤ ᠬᠦᠷᠲᠡᠯ᠎ᠡ ᠶᠡᠭᠡ ᠨᠢᠮᠪᠠᠢ ᠠᠵᠢᠯᠯᠠᠵᠤ᠂ ᠨᠡᠡᠭ ᠴᠤ ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ ᠵᠢᠡᠨ ᠲᠦᠷᠪᠡ ᠲᠠᠪᠤ ᠶ᠋ᠢ ᠬᠢᠵᠤ ᠭᠠᠷᠭᠠᠯ᠎ᠠ᠃ ᠲᠡᠭᠦᠨ ᠤ ᠳᠡᠯᠬᠡᠬᠦᠷ ᠡᠴᠡ ᠬᠠᠨᠭᠬᠤᠯᠠᠭᠰᠠᠨ ᠠᠷᠵᠠᠭᠠᠷ ᠬᠠᠯᠢᠰᠲᠤ ᠵᠢᠮᠢᠰ ᠤᠨ ᠪᠤᠭᠤᠷᠰᠤᠭ ᠤᠨ ᠦᠨᠦᠷ ᠨᠢ ᠤᠨᠴᠠ ᠰᠤᠳᠤᠨ ᠰᠠᠶᠢᠬᠠᠨ ᠪᠠᠶᠢᠵᠤ᠂ ᠵᠠᠮ ᠵᠢᠡᠷ ᠦᠨᠭᠬᠡᠷᠡᠵᠤ ᠭᠠᠷᠬᠤ ᠬᠦᠮᠦᠰ ᠴᠤᠬᠤᠮ ᠴᠤ︽ᠮᠠᠯᠠᠭᠠᠢ ᠪᠠᠨ ᠠᠪᠴᠤ ᠭᠠᠶᠢᠬᠠᠭᠰᠠᠨ ᠶᠤᠮ ᠬᠡᠨ᠎ᠡ ᠯᠠᠢ᠂ ᠮᠠᠰᠢᠨ ᠵᠢᠡᠨ ᠵᠤᠭᠰᠤᠭᠠᠵᠤ ᠱᠠᠭᠰᠢᠭᠰᠠᠨ ᠶᠤᠮ ᠬᠡᠨ᠎ᠡ ᠯᠠᠢ︾ᠬᠡᠳᠡᠭ ᠨᠢ ᠪᠤᠯᠵᠤ᠂ ᠤᠬᠤᠷᠬᠠᠨ ᠴᠠᠭ ᠲᠤ ᠨᠡᠯᠢᠶᠡᠳ ᠬᠦᠮᠦᠰ ᠬᠤᠳᠠᠯᠳᠤᠨ ᠠᠪᠴᠠᠢ᠂ ᠬᠤᠨᠢᠨ ᠮᠢᠬᠠᠨ ᠱᠤᠷᠤᠯᠭ᠎ᠠ ᠨᠢ ᠴᠤ ᠡᠲᠡᠭᠡᠳ ᠰᠠᠶᠢᠬᠠᠨ ᠠᠮᠲᠠ ᠲᠠᠢ ᠪᠠᠶᠢᠵᠤ᠂ ᠲᠠᠯ᠎ᠠ ᠨᠤᠲᠤᠭ ᠲᠠᠭᠠᠨ ᠲᠠᠪᠠ ᠪᠡᠷ ᠵᠢᠡᠨ ᠪᠡᠯᠴᠢᠭᠰᠡᠨ ᠦᠷᠡᠵᠢᠯᠲᠤ ᠰᠦᠷᠦᠭ ᠤᠨ ᠦᠨᠡᠨ ᠪᠠᠶᠢᠭᠠᠯᠢᠯᠢᠭ ᠮᠢᠬ᠎ᠠ ᠪᠤᠯᠬᠤᠷ ᠬᠤᠲᠠ ᠭᠠᠵᠠᠷ ᠤᠨ ᠵᠠᠷᠢᠮ ᠰᠢᠨᠤᠬᠠᠢ ᠠᠷᠠᠯᠵᠢᠶᠠᠴᠢᠨ ᠤ ᠶᠠᠭᠤᠨ ᠤ ᠮᠢᠬ᠎ᠠ ᠪᠡᠷ ᠬᠢᠭᠰᠡᠨ ᠨᠢ ᠦᠯᠥ ᠮᠡᠳᠡᠭᠳᠡᠬᠦ ᠱᠤᠷᠤᠯᠭ᠎ᠠ ᠲᠠᠢ ᠲᠠᠰᠤ ᠦᠭᠡᠷ᠎ᠡ ᠪᠠᠶᠢᠯ᠎ᠠ᠃
ᠪᠠᠰᠠ ᠨᠢᠬᠡ ᠠᠵᠢᠭᠯᠠᠭᠳᠠᠭᠰᠠᠨ ᠵᠦᠢᠯ ᠨᠢ ᠬᠡᠰᠢᠭᠪᠠᠲᠤ ᠪᠤᠯ ᠬᠦᠳᠡᠭᠡ ᠵᠢᠨ ᠨᠠᠷᠠ ᠰᠠᠯᠬᠢᠨ ᠳ᠋ᠤ ᠪᠤᠷᠤᠯᠠᠭᠰᠠᠨ ︽ᠪᠤᠷᠤᠪᠠᠨᠳᠢ︾ᠠᠲᠠᠯ᠎ᠠ ᠪᠡᠨ ᠡᠳᠡᠬᠡᠷ ᠠᠵᠢᠯ ᠵᠢᠡᠨ ᠬᠢᠬᠦ ᠳ᠋ᠤ ᠲᠡᠭᠦᠨ ᠤ ᠭᠠᠷ ᠤᠨ ᠤᠷᠠᠨ ᠨᠢ ᠬᠤᠲᠠ ᠵᠢᠨ ᠴᠡᠮᠴᠡᠬᠡᠷ ᠬᠡᠤᠬᠡᠨ ᠡᠴᠡ ᠢᠯᠡᠬᠦᠦ ᠨᠠᠷᠢᠯᠢᠭ ᠪᠠᠶᠢᠭᠰᠠᠨ ᠢ ᠶᠠᠭᠠᠬᠢᠶ᠎ᠠ᠂ ᠶᠠᠷᠤ ᠨᠢ ᠭᠠᠳᠠᠨ᠎ᠠ ᠡᠴᠡ ᠨᠢ ᠬᠠᠷᠠᠭᠠᠳ ᠶᠠᠮᠠᠷ ᠨᠢᠬᠡᠨ ᠬᠦᠮᠦᠨ ᠶᠠᠮᠠᠷ ᠬᠡᠳᠡᠭ ᠢ ᠤᠭᠲᠤ ᠲᠤᠭᠲᠠᠭᠠᠵᠤ ᠪᠤᠯᠬᠤ ᠪᠡᠷ ᠦᠭᠡᠢ ᠠᠵᠢ᠃ ᠬᠡᠰᠢᠭᠪᠠᠲᠤ ᠵᠢᠨ ᠠᠮᠲᠠ ᠰᠢᠮᠲᠠ ᠲᠠᠢ ᠰᠠᠶᠢᠬᠠᠨ ᠢᠳᠡᠭᠡᠨ ᠨᠢ ᠠᠷᠠᠳ ᠤᠯᠠᠨ ᠤ ᠰᠡᠳᠬᠢᠯ ᠳ᠋ᠤ ᠬᠦᠷᠬᠦ ᠵᠢᠨ ᠬᠠᠮᠲᠤ ᠠᠮᠢᠳᠤᠷᠠᠯ ᠦᠢᠯᠡᠳᠪᠦᠷᠢᠯᠡᠯ ᠳ᠋ᠤ ᠨᠢ ᠮᠠᠰᠢ ᠶᠡᠭᠡ ᠬᠦᠴᠦᠨ ᠪᠤᠯᠵᠤ ᠴᠢᠳᠠᠵᠠᠢ᠃
ᠲᠡᠭᠦᠨ ᠤ ᠶᠠᠭᠤ ᠰᠠᠨᠠᠭᠰᠠᠨ ᠶ᠋ᠢᠰᠦᠨ ᠴᠠᠭᠠᠨ ᠬᠦᠰᠡᠯ ᠨᠢ ᠪᠡᠶᠡᠯᠡᠬᠦ ᠪᠤᠯᠲᠤᠭᠠᠢ︕