ᠭᠠᠬᠠᠢ ᠲᠡᠵᠢᠬᠡᠭᠰᠡᠨ ᠤᠶᠤᠳᠠᠨ ᠬᠡᠤᠬᠡᠨ

2026-02-09 11:24:45

ᠨᠤᠲᠤᠭ ᠤᠨ ᠦᠩᠭᠡ ᠶ᠋ᠢ ᠬᠦᠮᠦᠨ ᠴᠢᠮᠡᠳᠡᠭ᠃ ᠰᠢᠨᠡᠪᠠᠯᠭᠠᠰᠤᠨ ᠳ᠋ᠤ ᠨᠤᠲᠤᠭ ᠳᠠᠢ ᠸᠠᠡᠭ ᠶᠠᠨ ᠴᠢᠤ ᠶᠡᠬᠡ ᠰᠤᠷᠭᠠᠭᠤᠯᠢ ᠪᠠᠨ ᠲᠡᠭᠦᠰᠬᠡᠬᠡᠳ ᠨᠤᠲᠤᠭ ᠲᠠᠭᠠᠨ ᠪᠤᠴᠠᠵᠦ ᠠᠪᠤ ᠪᠡᠨ ᠬᠠᠮᠵᠢᠵᠦ ᠲᠡᠵᠢᠭᠡᠨ ᠦᠷᠡᠵᠢᠭᠦᠯᠬᠦ ᠦᠢᠯᠡᠰ ᠡᠷᠬᠢᠯᠡᠨ᠂ ᠦᠶ᠎ᠡ ᠶ᠋ᠢᠨ ᠦᠶ᠎ᠡ ᠪᠠᠷ ᠤᠷᠤᠰᠢᠨ ᠠᠮᠢᠳᠤᠷᠠᠬᠰᠠᠨ ᠬᠠᠯᠠᠭᠤᠨ ᠬᠦᠷᠦᠰᠦᠨ ᠳ᠋ᠤ᠌ ᠠᠵᠤ ᠠᠮᠢᠳᠤᠷᠠᠯ ᠤᠨ ᠰᠢᠨ᠎ᠡ ᠬᠦᠰᠡᠯ ᠵᠢᠠᠨ ᠬᠦᠬᠡᠬᠡᠴᠡᠯᠳᠤᠨ᠎ᠠ᠃ ᠰᠤᠷᠪᠤᠯᠵᠢᠯᠠᠭᠴᠢ ᠬᠠᠩᠭᠢᠨ ᠬᠣᠰᠢᠭᠤᠨ ᠤ ᠯᠢᠦᠶ ᠮᠧᠶ ᠲᠠᠷᠢᠶᠠᠯᠠᠩ ᠮᠠᠯ ᠠᠵᠤ ᠠᠬᠤᠶ ᠶ᠋ᠢᠨ ᠨᠡᠭᠡᠭᠡᠨ ᠬᠥᠭᠵᠢᠭᠦᠯᠦᠯᠲᠡ ᠶ᠋ᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶ᠋ᠢᠨ ᠲᠡᠵᠢᠬᠡᠨ ᠦᠷᠡᠵᠢᠬᠦᠯᠬᠦ ᠰᠠᠭᠤᠷᠢᠨ ᠳ᠋ᠤ᠌ ᠬᠦᠷᠬᠦ ᠳ᠋ᠤ ᠸᠠᠡᠭ ᠶᠠᠨ ᠴᠢᠤ ᠭᠠᠷ ᠤᠳᠠᠰᠤᠨ ᠰᠢᠭᠤᠳ ᠨᠡᠪᠲᠡᠷᠡᠬᠦᠯᠭᠡ ᠬᠢᠵᠦ ᠰᠦᠯᠵᠢᠶᠠᠨ ᠨᠠᠶᠢᠵᠠ ᠨᠠᠷ ᠲᠠᠭᠠᠨ ᠲᠡᠵᠢᠬᠡᠭᠰᠡᠨ ᠭᠠᠬᠠᠢ ᠶ᠋ᠢᠨ ᠲᠤᠷᠤᠢ ᠪᠡᠨ ᠲᠠᠨᠢᠯᠴᠠᠭᠤᠯᠵᠦ᠂ ᠦᠨᠡᠨᠴᠢ ᠬᠦᠳᠡᠯᠮᠤᠷᠢ ᠶ᠋ᠢᠨ ᠪᠦᠳᠦᠮᠵᠢ ᠪᠡᠨ ᠭᠠᠶᠢᠬᠠᠭᠤᠯᠤᠨ᠎ᠠ᠃

ᠬᠤᠷᠢᠨ ᠲᠠᠪᠤᠳᠡᠢ ᠸᠠᠩ ᠶᠠᠨ ᠴᠢᠦ ᠶᠡᠬᠡ ᠰᠤᠷᠭᠠᠭᠤᠯᠢ ᠲᠡᠬᠦᠰᠤᠬᠡᠳ ᠬᠣᠶᠠᠷ ᠵᠢᠯ ᠬᠤᠳᠠ ᠳ᠋ᠤ ᠠᠵᠢᠯᠯᠠᠭᠠᠳ ᠰᠡᠭᠦᠯᠡᠷ ᠨᠢ ᠨᠤᠲᠤᠭ ᠲᠠᠭᠠᠨ ᠪᠤᠴᠠᠵᠦ ᠠᠪᠤ ᠪᠡᠨ ᠬᠠᠪᠰᠤᠷᠴᠦ ᠭᠠᠬᠠᠢ ᠲᠡᠵᠢᠬᠡᠵᠡᠢ᠃ ᠤᠳᠤ ᠲᠡᠷᠡ ᠬᠠᠩᠭᠢᠨ ᠬᠣᠰᠢᠭᠤᠨ ᠤ ᠯᠢᠦᠶ ᠮᠧᠶ ᠲᠠᠷᠢᠶᠠᠯᠠᠩ ᠮᠠᠯ ᠠᠵᠤ ᠠᠬᠤᠶ ᠶ᠋ᠢᠨ ᠨᠡᠭᠡᠭᠡᠨ ᠬᠥᠭᠵᠢᠭᠦᠯᠦᠯᠲᠡ ᠶ᠋ᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶ᠋ᠢᠨ ᠡᠯᠧᠺᠲᠷᠣᠨ ᠬᠤᠳᠠᠯᠳᠤᠭᠠᠨ ᠤ ᠬᠡᠯᠲᠡᠰ ᠤᠨ ᠬᠠᠷᠢᠭᠤᠴᠠᠯᠭᠠᠲᠠᠨ ᠤ ᠡᠬᠦᠷᠬᠡ ᠵᠢ ᠡᠬᠦᠷᠬᠡᠯᠡᠵᠦ᠂ ᠭᠠᠬᠠᠶ ᠦᠬᠡᠷ ᠬᠤᠨᠢᠨ ᠮᠢᠬ᠎ᠠ ᠢᠢ ᠰᠦᠯᠵᠢᠶᠡᠨ ᠳᠡᠭᠡᠷ᠎ᠡ ᠪᠣᠷᠣᠯᠠᠭᠤᠯᠬᠤ ᠠᠵᠢᠯ ᠢ ᠭᠠᠷᠳᠠᠨ ᠬᠢᠨ᠎ᠠ᠃ ᠸᠠᠩ ᠶᠠᠨ ᠴᠢᠦ ᠬᠡᠳᠦᠢᠪᠠᠷ ᠨᠠᠰᠤ ᠪᠠᠭ᠎ᠠ ᠴᠢᠰᠤ ᠰᠢᠡᠭᠬᠡᠨ ᠴᠦ ᠪᠤᠷᠳᠤᠭ᠎ᠠ ᠨᠠᠶᠢᠷᠠᠭᠤᠯᠬᠤ᠂ ᠲᠡᠵᠢᠬᠡᠬᠦ᠂ ᠪᠤᠷᠤᠯᠠᠭᠤᠯᠬᠤ ᠠᠷᠭ᠎ᠠ ᠳᠡᠮ  ᠢ ᠰᠢᠷᠭᠠᠭᠤ ᠬᠢᠨᠠᠮᠠᠭᠠᠢ ᠰᠤᠷᠴᠦ᠂ ᠲᠡᠵᠢᠭᠡᠨ ᠦᠷᠡᠵᠢᠭᠦᠯᠬᠦ ᠠᠷᠭ᠎ᠠ ᠵᠠᠮ ᠢ ᠡᠷᠢᠯᠬᠢᠯᠡᠵᠤ ᠶᠠᠪᠤᠨ᠎ᠠ᠃ ᠡᠴᠢᠭᠡ ᠸᠠᠩ ᠬᠤᠸᠠᠢ ᠱᠤ ᠶ᠋ᠢᠨ ᠰᠢᠷᠭᠠᠭᠤ ᠬᠠᠲᠠᠭᠤᠵᠢᠯᠲᠠᠶ ᠡᠵᠡᠩᠨᠡᠭᠰᠡᠨ ᠰᠢᠬᠢᠷ ᠡᠪᠡᠰᠦ ᠢᠳᠡᠭᠰᠡᠨ ᠭᠠᠬᠠᠶ ᠶ᠋ᠢᠨ ᠮᠢᠬ᠎ᠠ ᠵᠢᠨ ᠲᠦᠷᠦᠯ ᠳᠡᠮᠳᠡᠭᠳᠤ ᠨᠢ ᠡᠳᠡᠬᠡᠷ ᠵᠢᠯ  ᠤᠳ ᠲᠸ᠋ ᠨᠤᠲᠤᠭ ᠤᠷᠤᠨ ᠳ᠋ᠠᠭᠠᠨ ᠨᠡᠷ᠎ᠡ ᠠᠯᠳᠠᠷᠰᠢᠨ ᠵᠠᠬ᠎ᠠ ᠳᠡᠯᠬᠡᠭᠦᠷ ᠳᠡᠭᠡᠷ᠎ᠡ ᠦᠪᠡᠷ ᠤᠨ ᠤᠷᠤᠨ ᠵᠡᠢ ᠪᠡᠨ ᠤᠯᠵᠤ ᠴᠢᠳᠠᠬᠰᠠᠨ ᠰᠠᠭᠤᠷᠢᠨ ᠲᠡᠭᠡᠷ᠎ᠡ ᠸᠠᠩ ᠶᠠᠨ ᠴᠢᠦ ᠡᠯᠸᠺᠲᠷᠣᠨ ᠬᠤᠳᠠᠯᠳᠤᠭ᠎ᠠ ᠵᠢᠨ ᠵᠠᠮ ᠢ ᠪᠦᠳᠦᠮᠵᠢᠳᠡᠢ ᠡᠷᠢᠯᠬᠢᠯᠡᠵᠡᠢ᠃ ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ ᠭᠡᠳᠡᠭ ᠵᠢᠡᠷ ᠲᠡᠬᠦᠨ ᠦ ᠤᠷᠤᠯᠳᠤᠯᠭ᠎ᠠ ᠪᠠᠷ ᠰᠢᠬᠢᠷ ᠡᠪᠡᠰᠦ ᠢᠳᠡᠭᠰᠡᠨ ᠭᠠᠬᠠᠶ ᠶ᠋ᠢᠨ ᠮᠢᠬ᠎ᠠ ᠵᠢᠨ ᠪᠤᠷᠤᠯᠠᠭᠤᠯᠭ᠎ᠠ ᠰᠠᠶᠢᠳᠡᠢ ᠪᠤᠯᠵᠦ᠂ ᠦᠢᠷᠠᠳᠬᠠᠨ 2025 ᠤᠨ ᠤ︽ᠥᠪᠥᠷ ᠮᠣᠩᠭᠣᠯ ᠤᠨ ᠲᠠᠯ᠎ᠠ ᠨᠤᠲᠤᠭ ᠤᠨ ᠰᠢᠯᠢᠳᠡᠭ ᠪᠦᠲᠦᠭᠡᠭᠳᠡᠬᠦᠨ ᠢ ᠰᠢᠶᠦ᠋ᠩ ᠠᠨ ᠳᠤ ᠬᠦᠷᠬᠡᠬᠦ︾ᠦᠢᠯᠡᠳᠪᠤᠷᠢᠯᠡᠯ ᠪᠣᠷᠣᠯᠠᠭᠤᠯᠭ᠎ᠠ ᠶ᠋ᠢᠨ ᠵᠣᠯᠭᠠᠭᠤᠯᠭ᠎ᠠ ᠵᠢᠴᠢ ᠬᠡᠷᠡᠭᠯᠡᠭᠡ ᠪᠠᠷ ᠬᠠᠪᠰᠤᠷᠤᠨ ᠲᠡᠳᠬᠦᠬᠦ ᠰᠢᠷᠢᠰ ᠠᠵᠢᠯᠯᠠᠭ᠎ᠠ ᠳ᠋ᠤ ᠤᠷᠤᠯᠴᠠᠨ ᠪᠦᠳᠦᠭᠡᠭᠳᠡᠬᠦᠨ ᠵᠢᠠᠨ ᠲᠠᠨᠢᠯᠴᠠᠭᠤᠯᠤᠭᠠᠳ ᠪᠦᠬᠦ ᠤᠯᠤᠰ ᠤᠨ ᠡᠯ᠎ᠡ ᠭᠠᠵᠠᠷ ᠤᠷᠤᠨ ᠤ ᠬᠡᠷᠡᠭᠯᠡᠭᠴᠢᠳ ᠲᠤ ᠬᠦᠷᠢᠶᠡᠯᠡᠭᠳᠡᠨ᠂ ᠲᠦᠷᠦᠯ ᠲᠡᠮᠲᠡᠭᠳᠤ ᠵᠢᠨ ᠨᠡᠷ᠎ᠡ ᠠᠯᠳᠠᠷᠰᠢᠯ᠂ ᠨᠦᠯᠦᠬᠡᠯᠡᠬᠦ ᠬᠦᠴᠦᠨ ᠵᠢᠡᠨ ᠦᠷᠭᠡᠳᠬᠡᠭᠰᠡᠨ ᠪᠠᠶᠢᠨ᠎ᠠ᠃

︽ᠰᠢᠬᠢᠷ ᠡᠪᠡᠰᠤ ᠪᠠᠷ ᠳᠡᠵᠢᠬᠡᠭᠰᠡᠨ ᠪᠤᠬᠢᠷᠳᠤᠯ ᠦᠬᠡᠢ ᠴᠤᠯ ᠪᠠᠶᠢᠭᠠᠯᠢᠯᠢᠭ ᠭᠠᠬᠠᠢ ᠶ᠋ᠢᠨ ᠮᠢᠬ᠎ᠠ ᠵᠢ ᠰᠦᠯᠵᠢᠶ᠎ᠡ ᠪᠠᠷ ᠲᠠᠮᠵᠢᠨ ᠪᠥᠬᠥ ᠤᠯᠤᠰ ᠦᠨ ᠡᠯ᠎ᠡ ᠭᠠᠵᠠᠷ ᠤᠷᠤᠨ ᠳ᠋ᠤ᠌ ᠪᠤᠷᠤᠯᠠᠭᠤᠯᠤᠬᠳᠠᠬᠤ ᠪᠤᠯᠤᠯ᠎ᠠ᠂ ᠡᠨᠡ ᠬᠦ ᠨᠤᠲᠤᠭ ᠤᠨ ᠲᠦᠷᠦᠯ ᠳᠡᠮᠳᠡᠭᠲᠦ ᠪᠡᠨ ᠬᠦᠭᠵᠢᠬᠦᠯᠦᠨ ᠳᠠᠭᠤᠷᠢᠰᠤᠭᠤᠯᠵᠦ᠂ ᠤᠷᠤᠨ ᠨᠤᠳᠤᠭ ᠤᠨ ᠮᠠᠯ ᠠᠵᠦ ᠠᠬᠤᠢ ᠶ᠋ᠢᠨ ᠬᠦᠭᠵᠢᠯᠲᠡ ᠳ᠋ᠤ᠌ ᠦᠪᠡᠷ ᠦᠨ ᠬᠦᠴᠦᠨ ᠴᠢᠳᠠᠯ ᠢᠶᠠᠨ ᠡᠷᠬᠦᠨ᠎ᠡ ︾ᠭᠡᠵᠦ ᠸᠠᠩ ᠶᠠᠨ ᠴᠢᠦ ᠢᠳᠡᠬᠡᠯ ᠲᠡᠬᠦᠯᠳᠡᠷ ᠶᠠᠷᠢᠨ᠎ᠠ᠃

ᠵᠠᠯᠠᠭᠤ ᠬᠦᠮᠦᠨ ᠵᠤᠷᠢᠬᠰᠠᠨ ᠳ᠋ᠠᠭᠠᠨ ᠭᠡᠳᠡᠭ ᠵᠢᠡᠷ ᠲᠡᠭᠦᠨ ᠤ ᠰᠢᠷᠭᠠᠭᠤ ᠴᠢᠷᠮᠠᠶᠢᠯᠭ᠎ᠠ ᠨᠢ ᠦᠢᠯᠡᠰ ᠦᠨ ᠵᠠᠮ ᠵᠢᠡᠨ ᠢᠯᠭᠤᠮ ᠰᠢᠯᠤᠭᠤᠳᠴᠤ᠂ ᠠᠮᠢᠳᠤᠷᠠᠯ ᠦᠬᠡᠳᠡ ᠡᠰᠡᠷᠡᠭ ᠪᠤᠯᠬᠤ ᠨᠢ ᠯᠠᠪᠲᠠᠢ᠃

X