ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰᠤ
2025-04-01 10:16:08
ᠲᠡᠭ᠍ᠷᠢ ᠢᠢᠨ ᠲᠠᠩᠨᠠᠢ ᠠᠴᠠ ᠬᠠᠶᠠᠯᠠᠬᠤ ᠴᠠᠰᠤᠨ
ᠲᠡᠨᠢᠭᠡᠷ ᠬᠤᠷᠸ᠎ᠠ ᠢᠢᠨ ᠡᠯᠢᠭᠡᠨ ᠳᠤ ᠪᠠᠭᠤᠬᠤ ᠪᠠᠷ
ᠲᠡᠯᠡᠮᠡᠨ ᠵᠢᠷᠤᠭ᠎ᠠ ᠮᠣᠷᠢᠨ ᠤ ᠮᠢᠨᠢ
ᠲᠣᠯᠢ ᠮᠥᠩᠭᠦᠨ ᠬᠠᠵᠠᠭᠠᠷ ᠤᠨ ᠵᠢᠩᠭᠢᠨᠡᠭᠡ ᠲᠠᠢ
ᠲᠣᠭᠰᠢᠨ ᠪᠤᠭᠤᠷᠤᠯ ᠡᠪᠦᠭᠡᠳ ᠤᠨ ᠮᠢᠨᠢ
ᠳᠣᠮᠤᠭ ᠱᠠᠰᠲᠢᠷ ᠢ ᠬᠠᠶᠢᠯᠠᠭᠰᠠᠨ ᠰᠢᠭ
ᠳᠡᠭᠡᠳᠦᠰ ᠠᠴᠠ ᠬᠠᠶᠢᠷᠠᠯᠠᠭᠰᠠᠨ ᠨᠤᠲᠤᠭ ᠲᠤ
ᠳᠡᠭᠡᠵᠢ ᠨᠢ ᠪᠣᠯᠣᠭᠰᠠᠨ ᠰᠢᠮ᠎ᠡ
ᠳᠡᠨᠵᠢ ᠢᠢᠨ ᠴᠡᠩᠬᠡᠷ ᠨᠣᠭᠤᠭᠠᠨ ᠤ
ᠳᠡᠯᠪᠢ ᠢᠢ ᠳᠡᠯᠭᠡᠬᠦ ᠷᠠᠰᠢᠶᠠᠨ
ᠬᠠᠶᠠᠯᠠᠬᠤ ᠴᠠᠰᠤᠨ ᠬᠠᠴᠠᠷ ᠨᠢᠭᠤᠷ ᠢ ᠢᠯᠪᠢᠨ
ᠬᠠᠷᠢ ᠬᠤᠯᠠ ᠠᠴᠠ ᠬᠠᠷᠢᠭᠠᠳ ᠢᠷᠡᠭ᠍ᠰᠡᠨ ᠮᠡᠲᠦ
ᠬᠠᠵᠠᠭᠠᠷ ᠤᠨ ᠴᠢᠮᠡᠭᠡ ᠲᠠᠢ ᠴᠡᠩᠬᠡᠷ ᠴᠠᠰᠤ
ᠬᠠᠨᠠᠭᠠᠷ ᠨᠤᠲᠤᠭ ᠢ ᠪᠥᠷᠬᠦᠨ ᠯᠠᠪᠰᠠᠯᠠᠨ᠎ᠠ
ᠬᠠᠶᠢᠯ ᠶᠡᠬᠡᠳᠴᠦ ᠴᠡᠴᠡᠭ ᠨᠢ ᠳᠡᠯᠭᠡᠷᠡᠨ
ᠬᠠᠨ ᠬᠤᠷᠸ᠎ᠠ ᠰᠢᠨ᠎ᠡ ᠥᠩᠭᠡ ᠪᠠᠷ ᠰᠣᠯᠢᠭᠳᠠᠨ᠎ᠠ᠃
(ᠣᠢᠭᠤᠳ ᠣᠶᠤᠨᠪᠢᠯᠢᠭ᠌)