ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰᠤ

2025-04-01 10:19:28

ᠬᠠᠶᠢᠴᠢᠨ ᠴᠢᠬᠢ ᠲᠠᠢ ᠬᠥᠯᠥᠭ ᠤᠨ

ᠮᠣᠨᠳᠠᠭ᠎ᠠ ᠨᠣᠷᠭᠠᠵᠣ ᠬᠠᠶᠠᠯᠠᠨ

ᠬᠠᠵᠠᠭᠠᠷ ᠤᠨ ᠮᠥᠩᠬᠦᠨ ᠲᠣᠯᠢᠨ ᠳᠡᠬᠡᠷ᠎ᠡ

ᠤᠭᠠᠯᠵᠠ ᠰᠡᠶᠢᠯᠵᠣ ᠤᠷᠤᠰᠤᠨ᠎ᠠ

ᠣᠯᠠᠷᠢᠯ ᠤᠨ ᠲᠠᠷᠬᠠᠨ ᠵᠠᠢ ᠢᠢ

ᠠᠶᠢᠵᠠᠮ ᠴᠡᠪᠡᠷᠬᠡᠨ ᠬᠥᠪᠥᠷᠢᠳᠴᠦ

ᠤᠷᠭᠤᠮᠠᠯ ᠤᠨ ᠲᠣᠷᠭᠠᠨ ᠳᠡᠯᠪᠢᠨ ᠳᠤ

ᠠᠮᠢᠯᠠᠯ ᠤᠨ ᠨᠣᠲ ᠴᠢᠪᠬᠠᠳᠠᠨ᠎ᠠ

ᠡᠷᠤᠬᠡ ᠬᠡᠷ ᠤᠨ ᠬᠠᠶᠠᠭ᠎ᠠ ᠪᠠᠷ

ᠴᠠᠭ ᠤᠨ ᠥᠩᠭᠡ ᠢᠢ ᠬᠥᠥᠷᠨᠢᠵᠣ

ᠡᠪᠣᠭᠡᠳ ᠤᠨ ᠬᠠᠯᠠᠭᠤᠨ ᠶᠠᠷᠢᠶᠠᠨ ᠳᠤ

ᠴᠠᠢ ᠢᠢᠨ ᠵᠣᠭᠤᠭ ᠨᠡᠮᠡᠷᠢᠯᠡᠨ᠎ᠡ

ᠰᠠᠭᠠᠯᠢ ᠢᠢᠨ ᠥᠨᠥᠷ ᠲᠠᠢ ᠬᠤᠳᠠ ᠠᠴᠠ

ᠲᠥᠯ ᠤᠨ ᠮᠠᠶᠢᠯᠠᠭᠠᠨ ᠳᠤ ᠤᠶᠠᠷᠠᠵᠣ

ᠰᠠᠴᠣᠯᠢ ᠡᠷᠭᠦᠭ᠍ᠰᠡᠨ ᠡᠵᠢ ᠢᠢᠨ

ᠰᠢᠨᠠᠭᠠᠨ ᠪᠠᠷᠢᠭᠤᠯ ᠳᠡᠬᠡᠷ᠎ᠡ ᠬᠠᠶᠢᠯᠤᠨ᠎ᠠ

ᠤᠷᠭᠤᠭ᠎ᠠ ᠮᠣᠳᠣᠨ ᠮᠥᠴᠢᠷ ᠲᠤ

ᠨᠣᠭᠤᠭᠠᠨ ᠠᠯᠴᠢᠭᠤᠷ ᠰᠠᠵᠢᠯᠠᠨ

ᠤᠶᠠᠩᠭ᠎ᠠ ᠰᠣᠳᠣᠨ ᠰᠢᠪᠠᠭᠤᠳ

ᠲᠣᠯᠣᠭᠠᠨ ᠠᠶᠠᠯᠭᠤ ᠪᠠᠷ ᠵᠢᠮᠪᠣᠷᠳᠡᠨ᠎ᠠ

ᠬᠠᠵᠠᠭᠠᠷ ᠤᠨ ᠴᠢᠮᠡᠭᠡ ᠲᠠᠢ ᠯᠠᠪᠰᠠᠯᠠᠬᠤ

ᠴᠡᠩᠬᠡᠷ ᠴᠠᠰᠤᠨ ᠤ ᠠᠶᠠᠯᠭᠤ

ᠬᠠᠮᠤᠭ ᠳᠥᠮᠡᠨ ᠤ ᠰᠡᠳᠭᠢᠯ ᠢ

ᠴᠢᠯᠡᠭᠡ ᠲᠠᠶᠢᠯᠵᠤ ᠵᠢᠷᠭᠠᠭᠠᠨ᠎ᠠ︕

(ᠳᠥᠮᠡᠳ ᠥᠯᠵᠡᠶᠢᠪᠠᠭᠠᠳᠣᠷ)

X