ᠠᠷᠪᠠᠰ ᠤᠨ ᠮᠠᠯᠴᠢᠨ ᠤ ᠴᠠᠭᠠᠨ ᠰᠠᠷ᠎ᠠ ᠪᠤᠶᠤ ᠠᠳᠤᠭᠤᠨ ᠲᠦᠪᠡᠷᠬᠡᠨ

2025-02-09 04:29:00

ᠬᠦᠭᠡᠭᠴᠢᠨ ᠮᠤᠭᠠᠢ ᠵᠢᠯ ᠤᠨ ᠴᠠᠭᠠᠨ ᠰᠠᠷ᠎ᠠ ᠵᠢᠨ ᠠᠷᠪᠠᠨ ᠭᠤᠷᠪᠡᠨ ᠤ ᠦᠯᠵᠡᠢ ᠪᠡᠯᠭᠡᠲᠤ ᠡᠳᠦᠷ᠂ ᠤᠲᠤᠭ ᠬᠤᠰᠢᠭᠤᠨ ᠤ ᠠᠷᠪᠠᠰ ᠰᠤᠮᠤᠨ ᠤ ᠨᠤᠭᠤᠭᠠᠨᠳᠠᠢ ᠭᠠᠴᠠᠭᠠᠨ ᠤ ᠠᠳᠤᠭᠤᠴᠢᠨ ᠵᠢᠷᠭᠠᠯᠲᠤ ᠵᠢᠨ ᠳ᠋ᠤ ᠬᠦᠯᠥᠭ ᠮᠤᠷᠢᠳ ᠤᠨ ᠰᠢᠨᠳᠠᠰᠤ ᠶ᠋ᠢ ᠰᠢᠯᠭᠠᠭᠠᠰᠠᠨ ᠮᠤᠷᠢᠨ ᠤᠷᠤᠯᠳᠤᠭᠠᠨ ᠶᠠᠪᠤᠭᠳᠠᠬᠤ ᠵᠢᠨ ᠬᠠᠮᠲᠤ ᠨᠤᠭᠤᠭᠠᠨᠳᠠᠢ ᠭᠠᠴᠠᠭᠠᠨ ᠤ ᠠᠳᠤᠭᠤᠴᠢᠳ ᠤᠨ ᠰᠢᠨ᠎ᠡ ᠵᠢᠨ ᠴᠠᠶᠢᠯᠠᠯᠭ᠎ᠠ ᠪᠤᠯᠤᠯ᠎ᠠ᠃

ᠤᠶᠢᠯᠠᠭᠠᠭᠰᠠᠨ ᠵᠢᠡᠷ ᠨᠤᠭᠤᠭᠠᠨᠳᠠᠢ ᠭᠠᠴᠠᠭᠠᠨ ᠳ᠋ᠤ ᠤᠳᠤᠬᠠᠨ ᠳ᠋ᠤ ᠨᠢᠬᠡ ᠮᠢᠨᠭᠭ᠎ᠠ ᠢᠯᠡᠬᠦᠦ ᠠᠳᠤᠭᠤ ᠲᠠᠢ ᠪᠠᠶᠢᠵᠤ᠂ ᠡᠨᠡ ᠨᠢ ᠤᠷᠳᠤᠰ ᠨᠤᠲᠤᠭ ᠲᠠᠭᠠᠨ ᠬᠠᠮᠤᠭ ᠤᠯᠠᠨ ᠠᠳᠤᠭᠤ ᠲᠠᠢ ᠭᠠᠴᠠᠭ᠎ᠠ ᠪᠤᠯᠬᠤ ᠶᠤᠮ ᠪᠠᠶᠢᠨ᠎ᠠ᠃ ᠮᠦᠨᠴᠤ ᠡᠨᠡ ᠨᠤᠲᠤᠭ ᠲᠤ ᠪᠠᠶᠢᠭ᠎ᠠ ᠪᠠᠶᠠᠠ ᠤᠪᠤᠭᠠᠨ ᠳ᠋ᠤ ᠡᠵᠡᠨ ᠴᠢᠨᠭᠭᠢᠰ ᠬᠠᠭᠠᠨ ᠤ ᠬᠤᠶᠠᠷ ᠵᠠᠭᠠᠯ ᠤᠨ ᠬᠢᠨᠢ ᠪᠠᠭ᠎ᠠ ᠵᠠᠭᠠᠯ ᠤᠨ ᠲᠤᠯᠤᠭᠠᠢ ᠶ᠋ᠢ ᠤᠷᠤᠰᠢᠭᠤᠯᠤᠭᠰᠠᠨ ᠬᠡᠬᠦ ᠤᠯᠠᠮᠵᠢᠯᠠᠯ ᠶᠠᠷᠢᠶ᠎ᠠ ᠪᠠᠶᠢᠭ᠎ᠠ ᠪᠤᠯᠬᠤᠷ ᠬᠤᠯᠠ ᠤᠶᠢᠷ᠎ᠠ ᠳ᠋ᠠᠭᠠᠨ︽ᠬᠤᠶᠠᠷ ᠵᠠᠭᠠᠯ ᠤᠨ ᠨᠤᠲᠤᠭ︾ᠬᠡᠬᠦ ᠰᠠᠶᠢᠬᠠᠨ ᠨᠡᠷ᠎ᠡ ᠪᠡᠷ ᠠᠯᠳᠠᠷᠰᠢᠵᠠᠢ᠃ ᠵᠢᠷᠭᠠᠯᠲᠤ ᠵᠢᠨ ᠬᠡᠷ ᠡᠴᠡ ᠪᠠᠷᠠᠭᠤᠨ ᠡᠮᠦᠨᠡᠰᠢ ᠬᠠᠷᠠᠪᠠᠯ ᠠᠳᠠᠷᠭ᠎ᠠ ᠵᠢᠨ ᠠᠭᠤᠯᠠ ᠬᠠᠷᠠᠭᠳᠠᠵᠤ᠂ ᠵᠡᠬᠦᠨ ᠡᠮᠦᠨᠡᠰᠢ ᠪᠡᠨ ᠪᠤᠯ ᠰᠤᠪᠤᠷᠭ᠎ᠠ ᠵᠢᠨ ᠠᠭᠤᠯᠠ ᠦᠵᠡᠭᠳᠡᠳᠡᠭ᠃ ᠡᠬᠡᠷᠡᠮ᠎ᠡ ᠰᠢᠯᠢ ᠵᠢᠨ ᠲᠤᠮᠳᠠ ᠬᠡᠨᠡᠳᠬᠡᠨ ᠵᠢᠡᠷ ᠰᠡᠬᠦᠢᠨ ᠪᠤᠰᠤᠭᠰᠠᠨ ᠡᠨᠡ ᠬᠡᠳᠦᠨ ᠬᠡᠰᠡᠭ ᠤᠷᠤᠢ ᠲᠤᠯᠤᠭᠠᠳ ᠨᠢ ᠲᠤᠮᠤᠭ ᠶᠠᠷᠢᠶᠠᠨ ᠳ᠋ᠡᠬᠢ ᠶᠤᠯᠳᠤᠷᠮ᠎ᠠ ᠲᠠᠷᠬᠠᠨ ᠤ ᠬᠦᠯ ᠤᠨ ᠬᠤᠷᠤᠭᠤᠳ ᠠᠵᠢ᠃

ᠦᠯᠢᠬᠡᠷ ᠲᠤᠮᠤᠭ ᠤᠨ ᠶᠤᠮᠰᠢᠭ᠂ ᠦᠨᠡᠨ ᠲᠡᠤᠬᠡ ᠴᠤ ᠶᠤᠮᠰᠢᠭ ᠤᠯᠠᠨ ᠰᠠᠶᠢᠬᠠᠨ ᠶᠠᠷᠢᠶ᠎ᠠ ᠬᠠᠭᠤᠴᠢ ᠲᠠᠢ ᠡᠨᠡ ᠨᠤᠲᠤᠭ ᠤᠨ ᠮᠠᠯᠴᠢᠳ ᠦᠶ᠎ᠡ ᠵᠢᠨ ᠦᠶ᠎ᠡ ᠪᠡᠷ ᠠᠳᠤᠭᠤ ᠪᠡᠨ ᠬᠠᠷᠢᠭᠤᠯᠤᠨ ᠪᠠᠶᠢᠵᠤ᠂ ᠦᠨᠦᠳᠦᠷ ᠪᠤᠯᠬᠤ ᠳ᠋ᠤ ᠬᠡᠳᠦᠢ ᠪᠡᠷ ᠲᠤᠭ᠎ᠠ ᠲᠤᠯᠤᠭᠠᠢ ᠨᠢ ᠤᠤᠯ ᠤᠨ ᠬᠢ ᠡᠴᠡ ᠪᠡᠨ ᠴᠦᠬᠡᠷᠡᠭᠰᠡᠨ ᠪᠤᠯᠪᠠᠴᠤ ᠬᠡᠤᠬᠡᠳ ᠵᠠᠯᠠᠭᠤᠴᠤᠳ ᠤᠨ ᠬᠤᠷᠮᠤᠢ ᠳ᠋ᠤ ᠠᠳᠤᠭᠤᠨ ᠤ ᠬᠡᠢ ᠰᠢᠷᠭᠤᠵᠤ ᠮᠤᠷᠢ ᠦᠵᠡᠭᠰᠡᠭᠡᠷ ᠨᠢᠳᠤ ᠨᠢ ᠬᠡᠷᠡᠯᠲᠦᠬᠡᠳ ᠢᠷᠡᠬᠦ ᠶ᠋ᠢ ᠪᠢᠳᠠ ᠦᠵᠡᠯ᠎ᠡ᠃ ᠵᠢᠷᠭᠠᠯᠲᠤ ᠵᠢᠨ ᠬᠡᠷ ᠤᠨ ᠵᠡᠬᠦᠨ ᠡᠮᠦᠨ᠎ᠡ ᠪᠠᠶᠢᠭ᠎ᠠ ᠨᠢᠬᠡ ᠤᠷᠤᠢ ᠶ᠋ᠢ ᠲᠤᠭᠤᠶᠢᠯᠠᠭᠠᠳ ᠠᠳᠤᠭᠤᠨ ᠤ ᠬᠦᠶᠦᠳᠡᠯ ᠵᠢᠡᠷ ᠴᠤᠪᠤᠭ᠎ᠠ ᠭᠠᠷᠤᠭᠰᠠᠨ ᠪᠠᠶᠢᠪᠠ᠃ ᠡᠨᠡ ᠴᠤᠪᠤᠭ᠎ᠠ ᠳᠠᠭᠠᠤ ᠦᠨᠦᠳᠦᠷ ᠤᠨ ᠮᠤᠷᠢᠨ ᠤᠷᠤᠯᠳᠤᠭᠠᠨ ᠶᠠᠪᠤᠭᠳᠠᠨ᠎ᠠ᠃ ᠦᠨᠳᠦᠷ᠂ ᠪᠤᠭᠤᠨᠢ᠂ ᠳᠠᠭ᠎ᠠ᠂ ᠦᠷᠢᠶ᠎ᠡ᠂ ᠰᠢᠷᠭ᠎ᠠ᠂ ᠵᠡᠭᠡᠷᠳᠡ ᠬᠡᠳ ᠵᠦᠢᠯ ᠪᠦᠷᠢ ᠵᠢᠨ ᠮᠤᠷᠢᠳ ᠡᠨᠡ ᠤᠷᠤᠢ ᠳ᠋ᠤ ᠴᠤᠭᠯᠠᠷᠠᠨ᠂ ᠪᠠᠰᠠ ᠵᠠᠷᠢᠮ ᠨᠢ ᠱᠠᠭᠰᠢᠭᠠᠨ ᠬᠤᠨᠭᠬᠤ ᠱᠠᠵᠢᠬᠢᠨᠠᠭᠤᠯᠤᠨ ᠡᠬᠡ ᠪᠠᠶᠢᠭᠠᠯᠢ ᠳ᠋ᠤ ᠡᠬᠡᠰᠢᠭ ᠳᠠᠭᠤ ᠨᠡᠮᠡᠬᠦ ᠨᠢ ᠡᠲᠡᠭᠡᠳ ᠰᠠᠶᠢᠬᠠᠨ᠂ ᠪᠠᠷᠢᠶᠠᠨ ᠤ ᠭᠠᠵᠠᠷ ᠡᠴᠡ ᠬᠤᠷᠳᠤᠯᠠᠵᠤ ᠭᠠᠷᠤᠭᠰᠠᠨ ᠮᠤᠷᠢᠳ ᠨᠢᠬᠡ ᠲᠤᠭᠤᠷᠢᠭ ᠡᠷᠬᠢᠭᠡᠳ ᠡᠨᠡᠬᠦᠷ ᠦᠨᠭᠬᠡᠷᠡᠬᠦ ᠳ᠋ᠤ ᠤᠯᠠᠨ ᠮᠤᠷᠢᠳ ᠤᠨ ᠲᠦᠪᠡᠷᠬᠡᠨ ᠪᠠᠰᠠ ᠴᠤ ᠰᠠᠶᠢᠬᠠᠨ ᠰᠤᠨᠤᠰᠳᠠᠵᠤ ᠤᠯᠠᠨ ᠬᠦᠮᠦᠨ ᠤ ᠬᠡᠶᠢᠮᠤᠷᠢ ᠰᠡᠷᠬᠦᠬᠡᠵᠤ ᠤᠷᠮ᠎ᠠ ᠶ᠋ᠢ ᠲᠠᠳᠠᠨ᠎ᠠ ᠪᠢᠯᠡ᠃ ᠵᠢᠷᠭᠠᠯᠲᠤ ᠪᠢᠳᠠᠨ ᠳ᠋ᠤ᠄︽ᠮᠠᠨ ᠤ ᠨᠤᠭᠤᠭᠠᠨᠳᠠᠢ ᠭᠠᠴᠠᠭᠠᠨ ᠤ ᠠᠳᠤᠭᠤᠴᠢᠳ ᠵᠢᠯ ᠪᠦᠷᠢ ᠵᠢᠨ ᠴᠠᠭᠠᠨ ᠰᠠᠷ᠎ᠠ ᠵᠢᠨ ᠠᠷᠪᠠᠨ ᠭᠤᠷᠪᠠᠨ ᠳ᠋ᠤ ᠲᠤᠭᠤᠶᠢᠯᠠᠡᠭ ᠲᠤᠭᠤᠷᠢᠨ ᠴᠤᠭᠯᠠᠷᠠᠵᠤ ᠮᠤᠷᠢᠨ ᠤ ᠪᠠᠨ ᠰᠢᠨᠳᠠᠰᠤ ᠶ᠋ᠢ ᠰᠢᠯᠭᠠᠳᠠᠭ᠃ ᠦᠨᠦᠳᠦᠷ ᠮᠠᠨ ᠤ ᠳ᠋ᠤ ᠲᠦᠴᠢ ᠲᠠᠪᠢ ᠭᠠᠷᠤᠢ ᠠᠶᠢᠯ ᠡᠷᠦᠬᠡ ᠵᠢᠨ ᠵᠠᠭᠤᠭᠠᠳ ᠮᠤᠷᠢ ᠢᠷᠡᠭᠰᠡᠨ ᠪᠠᠶᠢᠨ᠎ᠠ᠃ ᠡᠨᠡ ᠤᠯᠠᠨ ᠮᠤᠷᠢᠳ ᠢ ᠳᠠᠭ᠎ᠠ᠂ ᠰᠠᠷᠪᠠ᠂ ᠦᠷᠢᠶ᠎ᠡ᠂ ᠨᠠᠰᠤ ᠬᠦᠢᠴᠡᠭᠰᠡᠨ ᠮᠤᠷᠢᠳ ᠬᠡᠵᠤ ᠬᠤᠪᠢᠶᠠᠬᠤ ᠵᠢᠨ ᠬᠠᠮᠲᠤ ᠦᠨᠳᠦᠷ᠂ ᠲᠤᠮᠳᠠ᠂ ᠪᠤᠭᠤᠨᠢ ᠬᠡᠵᠤ ᠪᠡᠶ᠎ᠡ ᠵᠢᠨ ᠪᠢᠯᠳᠠᠷ ᠵᠢᠡᠷ ᠨᠢ ᠢᠯᠭᠠᠵᠤ ᠮᠦᠷᠦᠢᠴᠡᠭᠰᠡᠨ ᠶᠤᠮ᠂ ᠮᠦᠨᠴᠤ ᠪᠠᠰᠠ ᠵᠢᠷᠤᠭ᠎ᠠ ᠪᠠ ᠬᠦᠶᠦᠳᠡᠭ ᠬᠡᠵᠤ ᠬᠤᠶᠠᠷ ᠰᠠᠯᠭᠠᠭᠰᠠᠨ ᠡᠴᠡ ᠨᠡᠶᠢᠲᠡ ᠳ᠋ᠡᠬᠡᠨ ᠠᠷᠪᠠᠨ ᠬᠤᠶᠠᠷ ᠲᠦᠷᠦᠯ ᠪᠤᠯᠵᠤ᠂ ᠤᠷᠤᠯᠳᠤᠭᠠᠨ ᠶᠡᠭᠡ ᠰᠠᠶᠢᠬᠠᠨ ᠶᠠᠪᠤᠭᠳᠠᠯ᠎ᠠ᠃ ᠮᠠᠨ ᠤ ᠭᠠᠴᠠᠭ᠎ᠠ ᠳ᠋ᠤ ᠤᠯᠠᠨ ᠠᠳᠤᠭᠤ ᠲᠠᠢ ᠪᠤᠯᠬᠤᠷ ᠪᠢᠳᠠ ᠦᠨᠡᠨᠳᠡᠬᠡᠨ ᠪᠠᠭ᠎ᠠ ᠬᠡᠮᠵᠢᠶᠡᠨ ᠤ ᠤᠷᠤᠯᠳᠤᠭᠠᠨ ᠢ ᠭᠠᠷᠠᠭ ᠪᠤᠯᠭᠠᠨ ᠨᠢᠬᠡ ᠵᠤᠬᠢᠶᠠᠨ ᠪᠠᠶᠢᠭᠤᠯᠤᠨ ᠬᠢᠳᠡᠭ᠂ ᠡᠨᠡ ᠨᠢ ᠬᠡᠨ ᠤ ᠶᠠᠮᠠᠷ ᠮᠤᠷᠢ ᠨᠢ ᠰᠤᠶᠢᠯᠠᠭ᠎ᠠ ᠰᠠᠶᠢᠲᠠᠢ ᠪᠠᠶᠢᠨ᠎ᠠ᠂ ᠠᠯᠢ ᠮᠤᠷᠢ ᠨᠢ ᠦᠬᠡᠷ᠎ᠡ ᠭᠠᠵᠠᠷ ᠤᠴᠢᠵᠤ ᠲᠤᠮᠤ ᠲᠤᠮᠤ ᠤᠷᠤᠯᠳᠤᠭᠠᠨ ᠳ᠋ᠤ ᠤᠷᠤᠯᠴᠠᠪᠠᠯ ᠪᠤᠯᠬᠤ ᠶᠤᠮ ᠪᠠᠶᠢᠨ᠎ᠠ ᠬᠡᠳᠡᠭ ᠵᠢᠡᠨ ᠮᠡᠳᠡᠳᠡᠭ᠂ ᠬᠡᠷᠪᠡ ᠢᠨᠭᠭᠢᠵᠤ ᠮᠡᠳᠡᠬᠦ ᠦᠭᠡᠢ ᠪᠤᠯ ᠢᠯᠡᠬᠦᠴᠡ ᠬᠦᠴᠦ ᠭᠠᠷᠬᠤ ᠠᠶᠤᠯ ᠲᠠᠢ᠂ ᠭᠠᠷᠠᠭ ᠪᠤᠯᠭᠠᠨ ᠢᠨᠭᠭᠢᠵᠤ ᠬᠢᠳᠡᠭ ᠤᠨ ᠪᠠᠰᠠ ᠨᠢᠬᠡ ᠵᠤᠷᠢᠯᠭ᠎ᠠ ᠨᠢ ᠤᠯᠠᠨ ᠤᠳᠠᠭ᠎ᠠ ᠮᠦᠷᠦᠢᠴᠡᠬᠡᠨ ᠳ᠋ᠤ ᠤᠷᠤᠯᠴᠠᠭᠰᠠᠨ ᠮᠤᠷᠢᠳ ᠤᠷᠤᠯᠳᠤᠭᠠᠨ ᠤ ᠭᠠᠵᠠᠷ ᠳ᠋ᠡᠬᠢ ᠲᠡᠷᠭᠡ ᠮᠠᠰᠢᠨ᠂ ᠪᠦᠷᠢᠶᠡᠨ ᠳᠠᠭᠤᠨ᠂ ᠲᠤᠭ ᠳᠠᠯᠪᠠᠭ᠎ᠠ ᠡᠴᠡ ᠦᠷᠬᠦᠵᠤ ᠰᠤᠴᠢᠬᠤ ᠦᠭᠡᠢ ᠪᠠᠶᠢᠳᠠᠭ᠂ ᠨᠢᠬᠡ ᠰᠠᠶᠢᠨ ᠬᠦᠶᠦᠳᠡᠭ ᠮᠤᠷᠢ ᠪᠠᠶᠢᠪᠠᠴᠤ ᠶᠠᠭ ᠤᠷᠤᠯᠳᠤᠭᠠᠨ ᠳ᠋ᠤ ᠤᠷᠤᠬᠤ ᠳ᠋ᠤ ᠦᠷᠬᠦᠵᠤ ᠰᠤᠴᠢᠭᠠᠳ ᠪᠠᠶᠢᠪᠠᠯ ᠱᠠᠨᠭᠨᠠᠯ ᠠᠪᠴᠤ ᠳᠡᠶᠢᠯᠬᠦ ᠦᠭᠡᠢ ᠨᠢ ᠮᠡᠳᠡᠬᠡᠵᠢ︾ᠬᠡᠵᠤ ᠶᠠᠷᠢᠯ᠎ᠠ᠃

ᠨᠤᠭᠤᠭᠠᠨᠳᠠᠢ ᠭᠠᠴᠠᠭᠠᠨ ᠤ ᠮᠠᠯᠴᠢᠳ ᠢᠨᠭᠭᠢᠵᠤ ᠯᠠ ᠤᠷᠴᠢᠨ ᠦᠶ᠎ᠡ ᠵᠢᠨ ᠠᠶᠢᠵᠢᠮ ᠳ᠋ᠤ ᠵᠤᠬᠢᠴᠠᠭᠤᠯᠵᠤ ᠠᠳᠤᠭᠤ ᠮᠤᠷᠢᠳ ᠵᠢᠡᠨ ᠦᠰᠬᠡᠵᠤ ᠦᠷᠡᠵᠢᠬᠦᠯᠬᠦ ᠵᠢᠨ ᠬᠠᠮᠲᠤ ᠬᠤᠷᠳᠤᠨ ᠮᠤᠷᠢ ᠪᠡᠨ ᠰᠤᠶᠢᠵᠤ ᠪᠠᠶᠢᠳᠠᠭ ᠨᠢ ᠮᠠᠭᠲᠠᠭᠤᠰᠢᠲᠠᠢ᠃ ᠲᠡᠳᠡ ᠡᠶᠢᠮᠤᠷᠬᠦᠦ ᠪᠠᠭ᠎ᠠ ᠬᠡᠪᠴᠢᠶᠡᠨ ᠤ ᠰᠤᠷᠢᠯᠲᠠ ᠪᠤᠶᠤ ᠴᠠᠭᠠᠨ ᠰᠠᠷ᠎ᠠ ᠵᠢᠨ ᠠᠷᠪᠠᠨ ᠭᠤᠷᠪᠡᠨ ᠤ ᠮᠤᠷᠢᠨ ᠤᠷᠤᠯᠳᠤᠭᠠᠨ ᠳ᠋ᠠᠭᠠᠨ ᠲᠤᠰ ᠭᠠᠴᠠᠭᠠᠨ ᠡᠴᠡ ᠭᠠᠳᠠᠨᠠᠬᠢ ᠮᠤᠷᠢᠳ ᠢ ᠤᠷᠤᠯᠴᠠᠭᠤᠯᠳᠠᠭ ᠦᠭᠡᠢ ᠪᠠᠶᠢᠵᠤ᠂ ᠡᠨᠡ ᠤᠳᠠᠭ᠎ᠠ ᠨᠢ ᠠᠮᠠᠷᠴᠢᠷᠭ᠎ᠠ ᠤᠰᠤᠨ ᠲᠤᠭᠤᠶᠢᠯᠠᠡᠭ ᠤᠨ ᠬᠢᠨ ᠡᠷᠬᠢᠯᠡᠵᠤ ᠬᠢᠭᠰᠡᠨ ᠪᠤᠯ ᠲᠠᠷᠠᠭ᠎ᠠ ᠤᠳᠠᠭ᠎ᠠ ᠨᠢ ᠨᠦᠬᠦᠭᠡ ᠲᠤᠭᠤᠶᠢᠯᠠᠡᠭ ᠨᠢ ᠡᠷᠬᠢᠯᠡᠨ ᠬᠢᠭᠡᠳ ᠡᠪ ᠨᠠᠶᠢᠷᠠᠮᠳᠠᠭᠤ ᠪᠡᠷ ᠦᠷᠬᠦᠯᠵᠢᠯᠡᠭᠰᠡᠭᠡᠷ ᠪᠠᠶᠢᠭ᠎ᠠ ᠠᠵᠢ᠃

ᠤᠷᠳᠤᠰ ᠨᠤᠲᠤᠭ ᠤᠨ ᠬᠡᠪᠴᠢᠶᠡᠨ ᠳ᠋ᠤ ᠪᠠᠶᠢᠭ᠎ᠠ ᠤᠯᠠᠨᠭᠭᠢ ᠮᠠᠯᠴᠢᠳ ᠴᠠᠭ ᠨᠡᠶᠢᠬᠡᠮ ᠤᠨ ᠤᠷᠤᠰᠬᠠᠯ ᠳᠠᠭᠠᠵᠤ᠂ ᠮᠠᠯ ᠠᠵᠤ ᠠᠬᠤᠢ ᠪᠡᠨ ᠬᠡᠪᠴᠢᠶᠡᠵᠢᠬᠦᠯᠥᠯᠲᠡ᠂ ᠲᠦᠷᠭᠡᠨ ᠦᠢᠯᠡᠳᠪᠦᠷᠢᠵᠢᠬᠦᠯᠥᠯᠲᠡ ᠬᠡᠳ ᠫᠸᠡᠭ ᠬᠤᠷᠢᠶ᠎ᠠ ᠪᠠᠷᠢᠵᠤ᠂ ᠲᠡᠵᠢᠬᠡᠯ ᠪᠤᠷᠳᠤᠭ᠎ᠠ ᠠᠪᠴᠤ ᠡᠬᠦᠯᠳᠡᠷ ᠤᠨ ᠮᠠᠯ ᠢ ᠶᠡᠭᠡᠪᠡᠷ ᠤᠷᠤᠭᠤᠯᠤᠨ ᠮᠠᠯᠵᠢᠭᠰᠠᠨ ᠪᠠᠶᠢᠬᠤ ᠳ᠋ᠤ ᠨᠤᠭᠤᠭᠠᠨᠳᠠᠢ ᠭᠠᠴᠠᠭᠠᠨ ᠤ ᠶᠡᠬᠡᠨᠭᠬᠢ ᠮᠠᠯᠴᠢᠳ ᠶᠠᠭᠠᠬᠢᠬᠤ ᠪᠡᠷ ᠵᠢᠡᠨ ᠲᠡᠷᠡ ᠪᠤᠯᠭᠠᠨ ᠢ ᠦᠯᠥ ᠬᠠᠶᠢᠬᠤᠷᠤᠨ ᠠᠳᠤᠭᠤ ᠪᠡᠨ ᠮᠠᠯᠵᠢᠭᠰᠠᠭᠠᠷ ᠪᠠᠶᠢᠭ᠎ᠠ ᠪᠢᠯᠡ︖ ᠮᠦᠨ ᠡᠬᠦᠨ ᠤ ᠬᠠᠮᠲᠤ 2022 ᠤᠨ ᠳ᠋ᠤ ᠤᠷᠳᠤᠰ ᠨᠤᠲᠤᠭ ᠲᠠᠭᠠᠨ ᠭᠠᠶᠢᠬᠠᠭᠳᠠᠭᠰᠠᠨ ᠮᠢᠨᠭᠭᠠᠨ ᠠᠳᠤᠭᠤᠨ ᠤ ᠨᠠᠶᠢᠷ ᠢ ᠡᠷᠬᠢᠯᠡᠨ ᠬᠢᠭᠰᠡᠨ ᠪᠢᠯᠡ︖ ᠡᠨᠡ ᠲᠤᠬᠠᠢ ᠵᠢᠷᠭᠠᠯᠲᠤ ᠰᠤᠷᠪᠤᠯᠵᠢᠯᠠᠭᠴᠢ ᠳ᠋ᠤ᠄︽ᠮᠠᠨ ᠤ ᠤᠲᠤᠭ ᠤᠨ ᠰᠢᠯᠢ ᠬᠡᠵᠤ ᠲᠡᠭᠡᠷ᠎ᠡ ᠵᠠᠭᠤᠨ ᠤ ᠶᠡᠭᠡ ᠬᠠᠮᠲᠤ ᠪᠠᠶᠢᠬᠤ ᠵᠢᠨ ᠦᠶ᠎ᠡ ᠡᠴᠡ ᠡᠬᠢᠯᠡᠬᠡᠳ ᠦᠬᠡᠷ᠎ᠡ ᠪᠤᠰᠤᠳ ᠬᠤᠰᠢᠭᠤᠨ ᠤ ᠮᠠᠯᠴᠢᠳ ᠤᠨ ᠠᠳᠤᠭᠤ ᠤᠲᠤᠷᠯᠠᠳᠠᠭ ᠭᠠᠵᠠᠷ ᠪᠠᠶᠢᠭᠰᠠᠨ᠂ ᠮᠠᠨ ᠤ ᠡᠨᠳᠡ ᠡᠪᠤᠯ ᠤᠨ ᠲᠡᠰᠬᠢᠮ᠎ᠡ ᠬᠦᠢᠲᠡᠨ ᠠᠭᠤᠷ ᠠᠮᠢᠰᠬᠤᠯ ᠬᠠᠪᠤᠷ ᠤᠷᠤᠢ ᠬᠦᠷᠲᠡᠯ᠎ᠡ ᠦᠷᠬᠦᠯᠵᠢᠯᠡᠳᠡᠭ ᠪᠤᠯᠬᠤᠷ ᠤᠳᠤᠬᠠᠨ ᠳ᠋ᠤ ᠦᠬᠡᠷ ᠪᠤᠶᠤ ᠬᠤᠨᠢ ᠳᠠᠭᠠᠭᠠᠵᠤ ᠭᠠᠷᠬᠤ ᠳ᠋ᠤ ᠶᠡᠭᠡ ᠬᠦᠴᠢᠷ᠂ ᠲᠡᠶᠢᠮᠤ ᠡᠴᠡ ᠠᠳᠤᠭᠤ ᠠᠳᠤᠭᠤᠯᠠᠬᠤ ᠳ᠋ᠤ ᠶᠡᠭᠡ ᠲᠤᠬᠢᠷᠠᠮᠵᠢᠲᠠᠢ᠃ ᠡᠨᠡ ᠪᠤᠯ ᠪᠠᠶᠢᠭᠠᠯᠢ ᠵᠢᠨ ᠤᠷᠴᠢᠨ ᠲᠤᠭᠤᠷᠢᠨ ᠤ ᠨᠢᠬᠡ ᠰᠢᠯᠲᠠᠭᠠᠨ᠃ ᠬᠤᠶᠠᠷ ᠲᠤ ᠮᠠᠨ ᠤ ᠭᠠᠴᠠᠭ᠎ᠠ ᠨᠢ︿ᠬᠤᠶᠠᠷ ᠵᠠᠭᠠᠯ ᠤᠨ ᠨᠤᠲᠤᠭ﹀ᠬᠡᠵᠤ ᠬᠤᠯᠠ ᠤᠶᠢᠷ᠎ᠠ ᠳ᠋ᠠᠭᠠᠨ ᠠᠯᠳᠠᠷᠰᠢᠵᠤ᠂ ᠠᠶᠢᠯ ᠡᠷᠦᠬᠡ ᠪᠤᠯᠭᠠᠨ ᠠᠳᠤᠭᠤ ᠲᠠᠢ ᠪᠤᠯᠬᠤᠷ ᠤᠯᠠᠨᠭᠭᠢ ᠬᠦᠮᠦᠰ ᠨᠢ ᠠᠳᠤᠭᠤᠨ ᠳ᠋ᠤ ᠠᠳᠠ ᠲᠠᠢ ᠪᠤᠯᠵᠤ᠂ ᠬᠡᠤᠬᠡᠳ ᠪᠠᠭᠠᠴᠤᠳ ᠨᠢ ᠴᠤ ᠮᠤᠷᠢ ᠦᠵᠡᠪᠡᠯ ᠨᠢᠬᠡ ᠮᠤᠷᠳᠠᠵᠤ ᠭᠠᠷᠬᠤ ᠰᠠᠨ ᠬᠡᠵᠤ ᠪᠤᠳᠤᠳᠠᠭ ᠪᠤᠯᠤᠭᠰᠠᠨ ᠪᠠᠶᠢᠨ᠎ᠠ᠂ ᠡᠨᠡ ᠪᠤᠯ ᠦᠵᠡᠯ ᠰᠠᠨᠠᠭᠠᠨ ᠤ ᠲᠠᠯ᠎ᠠ ᠵᠢᠨ ᠨᠢᠬᠡ ᠵᠦᠢᠯ ᠤᠨ ᠬᠦᠴᠦᠨ᠃ ᠶᠠᠭ ᠡᠶᠢᠮᠤ ᠡᠴᠡ ᠮᠠᠨ ᠤ ᠭᠠᠴᠠᠭᠠᠨ ᠤ ᠮᠠᠯᠴᠢᠳ ᠠᠳᠤᠭᠤ ᠪᠡᠨ ᠠᠷᠠᠴᠢᠯᠠᠭᠰᠠᠭᠠᠷ ᠯᠠ ᠪᠠᠶᠢᠨ᠎ᠠ᠃ ᠮᠤᠷᠢ ᠬᠡᠵᠤ ᠰᠠᠶᠢᠬᠠᠨ ᠠᠮᠢᠲᠠᠨ᠂︿ᠬᠦᠮᠦᠨ ᠤ ᠮᠦᠷ ᠵᠢᠡᠷ ᠴᠢᠰᠤ᠂ ᠮᠠᠯ ᠤᠨ ᠮᠦᠷ ᠵᠢᠡᠷ ᠲᠤᠰᠤ﹀ᠬᠡᠵᠤ ᠠᠬᠠᠮᠠᠳ ᠲᠤᠮᠤᠭᠠᠲᠠᠳ ᠶᠠᠷᠢᠳᠠᠭ ᠨᠢ ᠦᠨᠡᠨ ᠪᠠᠶᠢᠨ᠎ᠠ ᠯᠠᠢ᠂ ᠪᠢᠳᠠ ᠡᠨᠡ ᠤᠯᠠᠨ ᠮᠤᠷᠢᠳ ᠡᠴᠡ ᠰᠢᠨᠳᠠᠰᠤ ᠰᠢᠷᠪᠤᠰᠤ ᠰᠠᠶᠢᠲᠠᠢ ᠶ᠋ᠢ ᠨᠢ ᠤᠷᠤᠯᠳᠤᠭᠠᠨ ᠲᠡᠮᠡᠴᠡᠬᠡᠨ ᠳ᠋ᠤ ᠤᠷᠤᠯᠴᠠᠭᠤᠯᠤᠨ ᠱᠠᠡᠭ ᠬᠡᠰᠢᠭ ᠬᠦᠷᠲᠡᠬᠦ ᠵᠢᠨ ᠬᠠᠮᠲᠤ ᠬᠤᠷᠳᠤᠨ ᠮᠤᠷᠢ ᠰᠤᠷᠠᠭᠯᠠᠵᠤ ᠢᠷᠡᠭᠰᠡᠨ ᠠᠳᠤᠭᠤᠨ ᠤ ᠮᠠᠶᠢᠮᠠᠴᠢᠨ ᠳ᠋ᠤ ᠦᠨ᠎ᠡ ᠬᠠᠨᠭᠰᠢ ᠲᠠᠭᠠᠷᠠᠪᠠᠯ ᠵᠠᠷᠤᠴᠢᠬᠠᠳᠠᠭ᠂ ᠵᠠᠷᠢᠮ ᠮᠤᠷᠢ ᠬᠡᠳᠦᠨ ᠠᠷᠪᠠᠨ ᠲᠦᠮᠡ ᠬᠦᠷᠬᠦ ᠨᠢ ᠪᠤᠢ᠂ ᠡᠬᠦᠨ ᠤ ᠬᠠᠮᠲᠤ ᠵᠢᠷᠤᠭ᠎ᠠ ᠶᠠᠪᠤᠳᠠᠯ ᠦᠭᠡᠢ᠂ ᠬᠤᠷᠳᠤᠯᠠᠵᠤ ᠬᠦᠶᠦᠳᠡᠭ ᠦᠭᠡᠢ ᠮᠤᠷᠢᠳ ᠵᠢᠡᠨ ᠨᠢᠨᠭᠰᠢᠶᠠ᠂ ᠭᠠᠨᠰᠤ ᠵᠡᠷᠭᠡ ᠭᠠᠵᠠᠷ ᠤᠳ ᠲᠤ ᠪᠤᠷᠤᠯᠠᠭᠤᠯᠬᠤ ᠪᠤᠶᠤ ᠬᠡᠬᠦᠳ ᠢ ᠨᠢ ᠦᠯᠡᠳᠡᠬᠡᠵᠤ ᠴᠡᠭᠡ ᠰᠠᠭᠠᠵᠤ ᠲᠡᠬᠦᠪᠡᠷ ᠵᠢᠡᠨ ᠤᠷᠤᠯᠭ᠎ᠠ ᠤᠯᠳᠠᠭ︾ᠬᠡᠵᠤ ᠤᠴᠢᠷᠯᠠᠯ᠎ᠠ᠃

ᠦᠨᠦᠳᠦᠷ ᠤᠨ ᠤᠷᠤᠯᠳᠤᠭᠠᠨ ᠤ ᠭᠠᠵᠠᠷ ᠲᠤ ᠪᠠᠰᠠ ᠨᠢᠬᠡ ᠵᠦᠢᠯ ᠤᠨ ᠦᠵᠡᠭᠳᠡᠯ ᠪᠢᠳᠠᠨ ᠤ ᠬᠠᠷᠠᠭ᠎ᠠ ᠶ᠋ᠢ ᠪᠤᠯᠢᠶᠠᠯ᠎ᠠ᠃ ᠦᠨᠳᠦᠷ ᠬᠠᠮᠠᠷ ᠲᠠᠢ᠂ ᠬᠤᠲᠤᠶᠢᠭᠰᠠᠨ ᠰᠢᠷᠠᠪᠲᠤᠷ ᠨᠢᠳᠤ ᠲᠠᠢ ᠬᠤᠶᠠᠷ ᠵᠠᠯᠠᠭᠤ ᠪᠠᠷᠤᠭ ᠲᠦᠷᠦᠯ ᠪᠦᠷᠢ ᠵᠢᠨ ᠤᠷᠤᠯᠳᠤᠭᠠᠨ ᠳ᠋ᠤ ᠮᠤᠷᠢ ᠤᠨᠤᠵᠤ ᠪᠠᠶᠢᠪᠠ᠃ ᠮᠠᠨ ᠤ ᠡᠨᠳᠡᠬᠢ ᠵᠢᠨ ᠬᠦᠮᠦᠨ ᠤ ᠵᠢᠰᠦ ᠪᠠᠶᠢᠳᠠᠯ ᠦᠭᠡᠢ ᠡᠨᠡ ᠬᠤᠶᠠᠷ ᠵᠠᠯᠠᠭᠤ ᠲᠠᠢ ᠤᠷᠤᠯᠳᠤᠭᠠᠨ ᠤ ᠲᠠᠷᠠᠭ᠎ᠠ ᠠᠭᠤᠯᠵᠠᠵᠤ ᠶᠠᠷᠢᠯᠴᠠᠬᠤ ᠳ᠋ᠤ ᠨᠢᠬᠡ ᠨᠢ ᠬᠦᠬᠡᠨᠠᠭᠤᠷ ᠮᠤᠵᠢ ᠪᠡᠷ ᠨᠤᠲᠤᠭ ᠲᠠᠢ ᠤᠶᠢᠭᠤᠷ ᠵᠠᠯᠠᠭᠤ ᠪᠠᠶᠢᠵᠤ᠂ ᠨᠦᠬᠦᠭᠡ ᠨᠢᠬᠡ ᠨᠢ ᠰᠢᠨᠵᠢᠶᠠᠡᠭ ᠤᠨ ᠤᠶᠢᠭᠤᠷ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠤ ᠲᠦᠷᠫᠠᠨ ᠵᠢᠡᠷ ᠨᠤᠲᠤᠭ ᠲᠠᠢ ᠤᠶᠢᠭᠤᠷ ᠦᠨᠳᠦᠰᠦᠲᠡᠨ ᠪᠠᠶᠢᠪᠠ᠃ ᠡᠨᠡ ᠬᠤᠶᠠᠭᠤᠯᠠ ᠪᠡᠨ ᠴᠦᠮ ᠨᠤᠭᠤᠭᠠᠨᠳᠠᠢ ᠭᠠᠴᠠᠭᠠᠨ ᠳ᠋ᠤ ᠢᠷᠡᠭᠡᠳ ᠬᠤᠶᠠᠷ ᠵᠢᠯ ᠭᠠᠷᠤᠢ ᠵᠢᠨ ᠨᠢᠭᠤᠷ ᠢ ᠦᠵᠡᠵᠤ᠂ ᠲᠤᠰ ᠭᠠᠴᠠᠭᠠᠨ ᠤ ᠠᠶᠢᠯ ᠡᠷᠦᠬᠡ ᠳ᠋ᠤ ᠮᠤᠷᠢ ᠠᠷᠠᠴᠢᠯᠠᠭᠴᠢ ᠪᠡᠷ ᠠᠵᠢᠯᠯᠠᠬᠤ ᠵᠢᠨ ᠬᠠᠮᠲᠤ ᠤᠷᠤᠯᠳᠤᠭᠠᠨ ᠤ ᠮᠤᠷᠢᠳ ᠤᠨᠤᠳᠠᠭ ᠠᠵᠢ᠃ ᠰᠢᠨᠵᠢᠶᠠᠡᠭ ᠨᠤᠲᠤᠭ ᠲᠠᠢ ᠡᠨᠡ ᠵᠠᠯᠠᠭᠤ ᠶ᠋ᠢ ᠠᠯᠢᠺᠦᠳ ᠬᠡᠨ᠎ᠡ᠃ ᠲᠡᠷᠡ ᠪᠡᠷ ᠡᠨᠡ ᠵᠢᠯ ᠬᠤᠷᠢᠨ ᠬᠤᠶᠠᠷ ᠨᠠᠰᠤᠲᠠᠢ ᠴᠤ ᠬᠡᠷ ᠨᠤᠲᠤᠭ ᠡᠴᠡ ᠪᠡᠨ ᠭᠠᠷᠤᠭᠠᠳ ᠲᠠᠪᠤᠨ ᠵᠢᠯ ᠤᠨ ᠨᠢᠭᠤᠷ ᠢ ᠦᠵᠡᠵᠤ ᠪᠤᠢ᠂ ᠤᠤᠯ ᠨᠢ ᠪᠠᠶᠠᠠᠨᠠᠭᠤᠷ ᠬᠤᠲᠠ ᠳ᠋ᠤ ᠮᠤᠷᠢ ᠠᠷᠠᠴᠢᠯᠠᠬᠤ ᠠᠵᠢᠯ ᠢ ᠭᠤᠷᠪᠡᠨ ᠵᠢᠯ ᠢᠯᠡᠬᠦᠦ ᠬᠢᠭᠡᠳ 2023 ᠤᠨ ᠳ᠋ᠤ ᠤᠳᠤ ᠵᠢᠨ ᠪᠠᠶᠢᠭ᠎ᠠ ᠨᠤᠭᠤᠭᠠᠨᠳᠠᠢ ᠭᠠᠴᠠᠭᠠᠨ ᠤ ᠮᠠᠯᠴᠢᠨ ᠵᠢᠷᠭᠠᠯᠲᠤ ᠵᠢᠨ ᠳ᠋ᠤ ᠢᠷᠡᠵᠤ ᠮᠤᠷᠢ ᠠᠷᠠᠴᠢᠯᠠᠬᠤ ᠪᠤᠯᠤᠭᠰᠠᠨ ᠪᠠᠶᠢᠨ᠎ᠠ᠃ ᠠᠯᠢᠺᠦᠳ ᠰᠤᠷᠪᠤᠯᠵᠢᠯᠠᠭᠴᠢ ᠳ᠋ᠤ᠄︽ᠡᠨᠡ ᠭᠠᠵᠠᠷ︵ᠨᠤᠭᠤᠭᠠᠨᠳᠠᠢ ᠭᠠᠴᠠᠭ᠎ᠠ︶ᠵᠤᠨ ᠳ᠋ᠠᠭᠠᠨ ᠶᠡᠭᠡ ᠰᠠᠶᠢᠬᠠᠨ ᠶᠤᠮ᠂ ᠡᠪᠡᠰᠦ ᠤᠰᠤ ᠰᠠᠶᠢᠲᠠᠢ ᠮᠦᠷᠲᠡᠭᠡᠨ ᠠᠳᠤᠭᠤ ᠮᠤᠷᠢ ᠤᠯᠠᠨ ᠪᠤᠯᠬᠤᠷ ᠮᠢᠨᠤ ᠰᠡᠳᠬᠢᠯ ᠳ᠋ᠤ ᠮᠠᠰᠢ ᠰᠠᠶᠢᠬᠠᠨ ᠰᠠᠨᠠᠭᠳᠠᠳᠠᠭ᠂ ᠮᠦᠨᠴᠤ ᠡᠨᠡ ᠬᠦᠮᠦᠰ︵ᠮᠤᠨᠭᠭᠤᠯᠴᠤᠳ︶ᠨᠠᠳᠠ ᠶᠡᠭᠡ ᠡᠬᠡᠯᠢᠲᠡᠢ ᠬᠠᠨᠳᠤᠳᠠᠭ ᠪᠤᠯᠬᠤᠷ ᠪᠢ ᠡᠨᠳᠡ ᠰᠠᠭᠤᠬᠤ ᠲᠤᠷᠠᠲᠠᠢ᠂ ᠪᠠᠭ᠎ᠠ ᠡᠴᠡ ᠪᠡᠨ ᠪᠢ ᠮᠤᠷᠢ ᠲᠠᠢ ᠨᠤᠴᠤᠯᠳᠤᠵᠤ ᠦᠰᠦᠭᠰᠡᠨ ᠪᠤᠯᠬᠤᠷ ᠮᠤᠷᠢ ᠠᠷᠠᠴᠢᠯᠠᠬᠤ ᠰᠢᠭ ᠰᠠᠶᠢᠬᠠᠨ ᠠᠵᠢᠯ ᠦᠬᠡᠷ᠎ᠡ ᠦᠭᠡᠢ ᠮᠡᠲᠤ ᠰᠠᠨᠠᠭᠳᠠᠳᠠᠭ᠂ ᠡᠨᠳᠡᠬᠢ ᠬᠦᠮᠦᠰ ᠭᠠᠷᠠᠭ ᠪᠤᠯᠭᠠᠨ ᠬᠡᠳᠦ ᠭᠤᠷᠪᠡ ᠪᠤᠶᠤ ᠠᠷᠪᠠᠭᠤᠯᠠ ᠬᠤᠷᠢᠭᠤᠯᠠ ᠪᠤᠯᠵᠤ ᠮᠤᠷᠢᠨ ᠤ ᠪᠡᠨ ᠰᠢᠨᠳᠠᠰᠤ ᠶ᠋ᠢ ᠰᠢᠯᠭᠠᠳᠠᠭ ᠪᠤᠯᠬᠤᠷ ᠪᠢ ᠦᠷᠬᠦᠯᠵᠢ ᠵᠢᠷᠤᠭ᠎ᠠ ᠮᠤᠷᠢ ᠪᠤᠶᠤ ᠬᠤᠷᠳᠤᠨ ᠮᠤᠷᠢ ᠤᠨᠤᠳᠠᠭ᠂ ᠡᠨᠡ ᠠᠭᠤᠵᠢᠮ ᠬᠡᠭᠡᠷ᠎ᠡ ᠲᠠᠯ᠎ᠠ ᠳ᠋ᠤ ᠮᠤᠷᠢ ᠤᠨᠤᠭᠠᠳ ᠲᠠᠪᠬᠢᠬᠤ ᠰᠢᠭ ᠰᠠᠶᠢᠬᠠᠨ ᠵᠢᠷᠭᠠᠯ ᠦᠬᠡᠷ᠎ᠡ ᠬᠠᠮᠢᠭ᠎ᠠ ᠪᠢᠯᠡ︖ ᠡᠬᠦᠨ ᠤ ᠬᠠᠮᠲᠤ ᠲᠡᠳᠡ ᠮᠢᠨᠤ ᠴᠠᠯᠢᠡᠭ ᠬᠦᠯᠥᠰᠦ ᠶ᠋ᠢ ᠦᠨᠳᠦᠷ ᠦᠭᠳᠡᠭ᠂ ᠰᠠᠷ᠎ᠠ ᠪᠤᠯᠭᠠᠨ ᠲᠤᠭᠲᠠᠭᠰᠠᠨ ᠴᠠᠭ ᠲᠠᠭᠠᠨ ᠭᠠᠷᠳᠠᠵᠤ ᠠᠪᠳᠠᠭ ᠡᠴᠡ ᠪᠢ ᠡᠨᠳᠡ ᠰᠠᠭᠤᠭᠭᠠᠳ ᠪᠠᠶᠢᠮᠠᠷ ᠰᠠᠨᠠᠭᠳᠠᠬᠤ ᠶᠤᠮ︾ᠭᠡᠵᠤ ᠶᠠᠷᠢᠯ᠎ᠠ᠃ ᠨᠤᠭᠤᠭᠠᠨᠳᠠᠢ ᠵᠢᠨ ᠠᠳᠤᠭᠤᠴᠢᠳ ᠪᠠ ᠤᠶᠢᠭᠤᠷ ᠵᠠᠯᠠᠭᠤ ᠵᠢᠨ ᠬᠤᠪᠢ ᠪᠠᠷᠢᠯᠳᠤᠯᠭ᠎ᠠ ᠤᠴᠢᠷᠲᠠᠢ ᠰᠠᠶᠢᠬᠠᠨ ᠰᠠᠨᠠᠭᠳᠠᠭᠰᠠᠨ ᠪᠤᠯᠬᠤᠷ︽ᠦᠪᠡᠷ ᠤᠨ ᠨᠤᠲᠤᠭ ᠲᠠᠭᠠᠨ ᠪᠠᠶᠢᠬᠤ ᠳ᠋ᠤ ᠬᠦᠮᠦᠨ ᠤ ᠬᠦᠮᠦᠨ ᠢ ᠬᠠᠶᠢᠷᠠᠯᠠ᠂ ᠦᠷᠦᠬᠡᠯ ᠤᠨ ᠨᠤᠲᠤᠭ ᠲᠤ ᠪᠠᠶᠢᠬᠤ ᠳ᠋ᠠᠭᠠᠨ ᠨᠤᠲᠤᠭ ᠤᠨ ᠵᠢᠡᠨ ᠨᠡᠷ᠎ᠡ ᠶ᠋ᠢ ᠬᠠᠶᠢᠷᠠᠯᠠ︾ᠬᠡᠬᠦ ᠰᠤᠷᠭᠠᠯ ᠰᠨᠠᠭᠠᠨ ᠳ᠋ᠤ ᠪᠠᠭᠤᠭᠰᠠᠨ ᠢ ᠲᠡᠮᠲᠡᠭᠯᠡᠨ ᠦᠯᠡᠳᠡᠬᠡᠪᠡ᠃ ᠠᠳᠤᠭᠤᠨ ᠳ᠋ᠤ ᠬᠤᠷᠤᠬᠠᠢ ᠲᠠᠢ ᠰᠢᠨᠳᠠᠰᠤᠯᠢᠭ ᠮᠤᠨᠭᠭᠤᠯ ᠪᠦᠰᠡᠬᠦᠢᠴᠤᠳ ᠴᠤ ᠡᠨᠡ ᠭᠠᠴᠠᠭᠠᠨ ᠳ᠋ᠤ ᠤᠯᠠᠨ ᠪᠠᠶᠢᠯ᠎ᠠ᠃

ᠦᠨᠦᠳᠦᠷ ᠤᠨ ᠤᠷᠤᠯᠳᠤᠭᠠᠨ ᠳ᠋ᠤ ᠬᠤᠶᠠᠷ ᠰᠠᠶᠢᠬᠠᠨ ᠴᠠᠭᠠᠨ ᠮᠤᠷᠢᠲᠠᠢ ᠨᠢᠬᠡ ᠪᠦᠰᠡᠬᠦᠢ᠂ ᠪᠠᠰᠠ ᠨᠢᠬᠡ ᠬᠡᠬᠡᠷ ᠵᠢᠷᠤᠭ᠎ᠠ ᠮᠤᠷᠢ ᠤᠨᠤᠭᠰᠠᠨ ᠪᠦᠰᠡᠬᠦᠢ ᠬᠡᠳ ᠲᠠᠪᠤ ᠵᠢᠷᠭᠤᠭᠠᠨ ᠪᠦᠰᠡᠬᠦᠢᠴᠤᠳ ᠴᠤ ᠤᠯᠠᠨ ᠤ ᠲᠤᠮᠳᠠ ᠢᠯᠭᠠᠷᠠᠵᠤ ᠬᠠᠷᠠᠭᠳᠠᠨ᠎ᠠ᠃ ᠡᠬᠦᠨ ᠤ ᠲᠤᠮᠳᠠ ᠵᠢᠷᠭᠠᠯᠲᠤ ᠵᠢᠨ ᠪᠦᠰᠡᠬᠦᠢ ᠨᠠᠷᠠᠨᠭᠭᠤᠸ᠎ᠠ ᠴᠤ ᠨᠢᠬᠡ ᠰᠠᠷᠪᠠ᠂ ᠨᠢᠬᠡ ᠵᠡᠬᠡᠷᠲᠡ ᠮᠤᠷᠢ ᠬᠦᠲᠦᠯᠵᠤ ᠪᠠᠶᠢᠪᠠ᠃ ᠬᠤᠷᠳᠤᠨ ᠮᠤᠷᠢᠳ ᠬᠠᠷᠠᠵᠤ ᠵᠤᠭᠤᠭᠳᠠᠬᠤ ᠵᠠᠭᠤᠷ᠎ᠠ ᠡᠨᠡ ᠨᠠᠷᠠᠨᠭᠭᠤᠸ᠎ᠠ ᠴᠤ ᠠᠳᠤᠭᠤᠨ ᠳ᠋ᠤ ᠠᠲᠠ ᠲᠠᠢ ᠪᠠᠶᠢᠬᠤ ᠨᠢ ᠮᠡᠳᠡᠭᠳᠡᠵᠤ᠂ ᠨᠡᠡᠭ ᠶᠡᠭᠡ ᠠᠵᠢᠯ ᠬᠢᠬᠦ ᠪᠡᠷ ᠪᠠᠶᠢᠭ᠎ᠠ ᠶ᠋ᠢ ᠤᠶᠢᠯᠠᠭᠠᠵᠤ ᠪᠢᠯᠡ᠃ ᠲᠡᠷᠡ ᠪᠢᠳᠠᠨ ᠳ᠋ᠤ᠄︽ᠮᠠᠨ ᠤ ᠬᠢ ᠡᠨᠡ ᠨᠤᠲᠤᠭ ᠤᠨ ᠤᠤᠭᠠᠯ᠂ ᠲᠡᠶᠢᠮᠤ ᠪᠤᠯᠬᠤᠷ ᠦᠶ᠎ᠡ ᠵᠢᠨ ᠦᠶ᠎ᠡ ᠪᠡᠷ ᠵᠢᠡᠨ ᠠᠳᠤᠭᠤ ᠠᠳᠤᠭᠤᠯᠵᠤ ᠢᠷᠡᠭᠰᠡᠨ᠂ ᠪᠢ ᠴᠤ ᠬᠠᠷ᠎ᠠ ᠪᠠᠭ᠎ᠠ ᠡᠴᠡ ᠪᠡᠨ ᠮᠤᠷᠢ ᠲᠠᠢ ᠬᠠᠮᠲᠤ ᠦᠰᠦᠭᠰᠡᠨ᠂ ᠨᠦᠬᠦᠷ ᠪᠢᠳᠠ ᠬᠤᠶᠠᠭᠤᠯᠠ ᠪᠡᠨ ᠤᠳᠤ ᠪᠤᠯᠲᠠᠯ᠎ᠠ ᠮᠤᠷᠢᠨ ᠡᠴᠡ ᠭᠠᠭᠴᠠ ᠬᠤᠷᠤᠭᠤ ᠴᠤ ᠵᠠᠶᠢᠳᠠᠭ᠎ᠠ ᠦᠭᠡᠢ ᠪᠤᠯᠬᠤᠷ ᠬᠡᠷ ᠵᠢᠡᠷ ᠲᠦᠬᠦᠷᠡᠡᠭ ᠱᠠᠨᠭᠨᠠᠯ ᠬᠦᠬᠢᠬᠦᠯᠥᠯ ᠤᠨ ᠲᠡᠮᠲᠡᠭ ᠲᠠᠢ ᠳ᠋ᠠᠭᠠᠨ ᠶᠡᠭᠡ ᠤᠮᠤᠭᠰᠢᠳᠠᠭ᠃ ᠡᠬᠦᠨ ᠡᠴᠡ ᠪᠤᠯᠤᠭᠠᠳ ᠬᠦᠤ ᠳ᠋ᠡᠬᠡᠨ ᠬᠦᠷᠲᠡᠯ᠎ᠡ ᠲᠦᠪᠡᠷᠬᠡᠨ ᠬᠡᠵᠤ ᠨᠡᠷ᠎ᠡ ᠦᠭᠭᠦᠭᠰᠡᠨ ᠶᠤᠮ᠂ ᠤᠳᠤ ᠲᠡᠷᠡ ᠮᠠᠨᠢ ᠪᠢᠳᠠ ᠬᠤᠶᠠᠭᠤᠯᠠ ᠵᠢᠨ ᠵᠤᠷᠢᠭ ᠰᠠᠨᠠᠭ᠎ᠠ ᠶ᠋ᠢ ᠤᠯᠠᠮᠵᠢᠯᠠᠯᠵᠤ ᠡᠳᠦᠷ ᠪᠤᠯᠭᠠᠨ ᠮᠤᠷᠢ ᠲᠠᠢ ᠨᠤᠴᠠᠯᠳᠤᠵᠤ ᠯᠠ ᠪᠠᠶᠢᠨ᠎ᠠ᠃ ᠪᠢ ᠨᠢᠳᠤᠨᠤᠨ ᠡᠴᠡ︿ᠬᠤᠶᠠᠷ ᠵᠠᠭᠠᠯ﹀ᠠᠳᠤᠭᠤᠨ ᠤ ᠨᠡᠶᠢᠬᠡᠮᠯᠢᠭ ᠢ ᠡᠬᠦᠰᠬᠡᠨ ᠪᠠᠶᠢᠭᠤᠯᠤᠭᠠᠳ ᠡᠨᠡ ᠲᠡᠷᠡ ᠪᠠᠶᠢᠭᠤᠯᠭ᠎ᠠ ᠨᠢᠬᠡᠴᠢ ᠪᠡᠷ ᠬᠦᠷᠴᠤ ᠪᠦᠬᠦᠳᠡ ᠪᠢᠴᠢᠭ ᠲᠠᠮᠠᠭ᠎ᠠ ᠪᠡᠨ ᠪᠦᠷᠢᠳᠦᠬᠦᠯᠥᠬᠡᠳ ᠠᠪᠤᠭᠰᠠᠨ᠂ ᠤᠳᠤ ᠨᠢᠬᠡ ᠮᠢᠶᠠᠭᠲᠠᠢ ᠰᠢᠤ ᠮᠤᠷᠢᠨ ᠤᠷᠤᠯᠳᠤᠭᠠᠨ ᠬᠢᠬᠦ ᠵᠢᠨ ᠬᠠᠮᠲᠤ ᠠᠳᠤᠭᠤᠨ ᠰᠤᠶᠤᠯ ᠤᠨ ᠨᠠᠶᠢᠷ ᠢ ᠬᠢᠬᠦ ᠪᠡᠷ ᠪᠡᠯᠡᠳᠬᠡᠵᠤ ᠪᠠᠶᠢᠨ᠎ᠠ᠃ ᠮᠠᠨ ᠤ ᠬᠡᠷ ᠡᠴᠡ ᠪᠠᠷᠠᠭᠤᠨ ᠬᠤᠶᠢᠰᠢ ᠬᠤᠷᠢᠭᠠᠳ ᠭᠠᠵᠠᠷ ᠲᠤ ᠪᠠᠶᠠᠨ ᠤᠪᠤᠭ᠎ᠠ ᠬᠡᠵᠤ ᠨᠢᠬᠡ ᠤᠪᠤᠭ᠎ᠠ ᠪᠤᠢ᠂ ᠲᠡᠨᠳᠡ ᠪᠠᠭ᠎ᠠ ᠵᠠᠭᠠᠯ ᠤᠨ ᠲᠤᠯᠤᠭᠠᠢ ᠶ᠋ᠢ ᠤᠷᠤᠰᠢᠭᠤᠯᠤᠭᠰᠠᠨ ᠬᠡᠨ᠎ᠡ ᠯᠠᠢ᠂ ᠮᠦᠨ ᠲᠡᠷᠡ ᠬᠠᠪᠢ ᠳ᠋ᠤ ᠲᠤᠵᠢ ᠵᠢᠨ ᠵᠠᠳᠠᠭᠠᠢ ᠬᠡᠵᠤ ᠨᠢᠬᠡ ᠤᠰᠤ ᠲᠠᠢ ᠬᠤᠨᠭᠬᠤᠷ ᠪᠤᠢ᠂ ᠮᠠᠨ ᠤ ᠰᠢᠯᠢ ᠭᠠᠵᠠᠷ ᠬᠡᠵᠤ ᠤᠰᠤ ᠶᠡᠭᠡ ᠬᠤᠪᠤᠷ ᠪᠤᠯᠪᠠᠴᠤ ᠲᠡᠷᠡ ᠵᠠᠳᠠᠭᠠᠢ ᠳ᠋ᠤ ᠤᠰᠤ ᠲᠤᠭᠲᠠᠳᠠᠭ ᠨᠢ ᠭᠠᠶᠢᠬᠠᠮᠰᠢᠭᠲᠠᠢ᠂ ᠲᠤᠮᠤᠭ ᠶᠠᠷᠢᠶᠠᠨ ᠳ᠋ᠤ ᠴᠢᠨᠭᠭᠢᠰ ᠬᠠᠭᠠᠨ ᠤ ᠴᠡᠷᠢᠭ ᠲᠠᠨᠭᠭᠤᠳ ᠢ ᠲᠠᠶᠢᠯᠠᠷ᠎ᠠ ᠮᠤᠷᠳᠠᠬᠤ ᠳ᠋ᠠᠭᠠᠨ ᠲᠡᠨᠳᠡ ᠠᠮᠠᠷᠠᠬᠤ ᠵᠠᠭᠤᠷ᠎ᠠ ᠮᠤᠷᠢᠳ ᠤᠨ ᠲᠤᠭᠤᠷᠠᠢ ᠪᠡᠷ ᠴᠠᠪᠴᠢᠵᠤ ᠭᠠᠷᠭᠠᠭᠰᠠᠨ ᠬᠤᠨᠭᠬᠤᠷ ᠬᠡᠨ᠎ᠡ ᠯᠠᠢ᠂ ᠪᠤᠷᠤᠭᠠᠨ ᠬᠤᠷ᠎ᠠ ᠡᠯᠪᠡᠭ ᠵᠢᠯ ᠳ᠋ᠡᠬᠡᠨ ᠲᠤᠵᠢ ᠵᠢᠨ ᠵᠠᠳᠠᠭᠠᠢ ᠳ᠋ᠤ ᠶᠡᠭᠡ ᠤᠯᠠᠨ ᠮᠤᠷᠢ ᠤᠮᠳᠠ ᠪᠡᠨ ᠲᠠᠷᠤᠳᠠᠭ᠃︿ᠬᠤᠶᠠᠷ ᠵᠠᠭᠠᠯ﹀ᠠᠳᠤᠭᠤᠨ ᠨᠡᠶᠢᠬᠡᠮᠯᠢᠭ ᠤᠨ ᠡᠬᠢᠯᠡᠯᠲᠡ ᠵᠢᠨ ᠶᠤᠰᠤᠯᠠᠯ ᠪᠠ ᠨᠠᠶᠢᠷ ᠢ ᠲᠡᠨᠳᠡ ᠯᠠ ᠬᠢᠬᠦ ᠰᠠᠨᠠᠭᠠᠲᠠᠢ᠂ ᠡᠬᠦᠪᠡᠷ ᠵᠢᠡᠨ ᠳᠠᠮᠵᠢᠭᠤᠯᠤᠨ ᠮᠠᠨ ᠤ ᠠᠳᠤᠭᠤᠴᠢᠨ ᠤᠶᠠᠭᠠᠴᠢᠳ ᠤᠨ ᠴᠤᠭ ᠬᠡᠶᠢᠮᠤᠷᠢ ᠶ᠋ᠢ ᠤᠯᠠᠮ ᠰᠡᠷᠬᠦᠬᠡᠵᠤ᠂ ᠮᠠᠨ ᠤ ᠭᠠᠴᠠᠭᠠᠨ ᠳ᠋ᠤ ᠨᠡᠡᠭ ᠤᠯᠠᠨ ᠬᠤᠷᠳᠤᠨ ᠮᠤᠷᠢ ᠭᠠᠷᠬᠤ ᠪᠤᠯᠤᠭᠠᠰᠠᠢ ᠬᠡᠵᠤ ᠪᠤᠳᠤᠵᠤ ᠪᠠᠶᠢᠨ᠎ᠠ︾ᠬᠡᠮᠡᠨ ᠶᠠᠷᠢᠯ᠎ᠠ᠃

ᠤᠯᠠᠨ ᠵᠠᠭᠤᠨ ᠢ ᠦᠷᠲᠡᠭᠡᠯᠡᠵᠤ ᠢᠷᠡᠭᠰᠡᠨ ᠨᠡᠬᠦᠳᠡᠯᠴᠢᠳ ᠤᠨ ᠤᠨᠤᠭ᠎ᠠ ᠤᠳᠤ ᠴᠠᠭ ᠲᠤ ᠴᠤ ᠬᠡᠰᠡᠨ ᠳᠡᠯ ᠰᠡᠬᠦᠯ ᠵᠢᠡᠨ ᠰᠠᠭᠰᠠᠯᠵᠠᠭᠤᠯᠤᠨ ᠦᠤᠷᠰᠡᠵᠤ ᠪᠤᠢ᠃ ᠮᠦᠨ ᠲᠡᠭᠦᠨ ᠤ ᠡᠵᠡᠨ ᠪᠤᠯᠤᠭᠰᠠᠳ ᠮᠤᠷᠢ ᠲᠠᠢ ᠪᠠᠨ ᠰᠡᠳᠬᠢᠯ ᠵᠢᠷᠦᠬᠡ ᠪᠡᠨ ᠬᠤᠯᠪᠤᠨ ᠲᠠᠪᠬᠢᠭᠤᠯᠵᠤ ᠪᠤᠢ᠃ ᠡᠨᠡ ᠯᠠ ᠶᠠᠨᠭᠵᠤ ᠪᠡᠷ ᠵᠢᠡᠨ ᠢᠷᠡᠬᠡᠳᠦᠢ ᠵᠢᠨ ᠵᠠᠮ ᠳ᠋ᠠᠭᠠᠨ ᠤᠯᠠᠮ ᠬᠤᠷᠳᠤᠨ ᠲᠠᠪᠬᠢᠬᠤ ᠪᠤᠯᠤᠭᠠᠰᠠᠢ︕

X