ᠡᠪᠦᠬᠡ ᠲᠡᠭᠡᠳᠦᠰ ᠡᠴᠡ ᠤᠯᠠᠮᠵᠢᠯᠠᠭᠰᠠᠨ ᠦᠪ ᠰᠤᠶᠤᠯ ᠤᠨ ᠨᠠᠨᠳᠢᠨ ᠡᠷᠳᠡᠨᠢ

2025-03-09 04:04:27

ᠤᠲᠤᠭ ᠤᠨ ᠡᠮᠦᠨᠡᠲᠤ ᠬᠤᠰᠢᠭᠤᠨ ᠤ ᠰᠤᠶᠤᠯ ᠪᠠ ᠵᠢᠭᠤᠯᠴᠢᠯᠠᠯ ᠤᠨ ᠲᠤᠪᠴᠢᠶ᠎ᠠ᠂ ᠤᠲᠤᠭ ᠤᠨ ᠡᠮᠦᠨᠡᠲᠤ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ᠂ ᠨᠠᠨᠭᠰᠤ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ᠂ ᠬᠡᠷᠡᠨᠭᠬᠡᠲᠤ ᠭᠠᠴᠠᠭᠠᠨ ᠤ ᠨᠠᠮ ᠤᠨ ᠡᠬᠦᠷ᠂ ᠭᠠᠴᠠᠭ᠎ᠠ ᠵᠦᠪᠯᠡᠯ ᠡᠴᠡ ᠬᠠᠮᠲᠤᠷᠠᠨ ᠶᠠᠪᠤᠭᠳᠠᠭᠤᠯᠤᠭᠰᠠᠨ ᠲᠡᠮᠡᠬᠡᠨ ᠭᠠᠯ ᠤᠨ ᠲᠠᠬᠢᠯᠭ᠎ᠠ ᠵᠢᠨ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠠᠵᠢᠯᠯᠠᠭ᠎ᠠ ᠤᠲᠤᠭ ᠤᠨ ᠡᠮᠦᠨᠡᠲᠤ ᠬᠤᠰᠢᠭᠤᠨ ᠤ ᠨᠠᠨᠭᠰᠤ ᠪᠠᠯᠭᠠᠰᠤᠨ ᠤ ᠬᠡᠷᠡᠨᠭᠬᠡᠲᠤ ᠭᠠᠴᠠᠭᠠᠨ ᠤ ᠮᠠᠯᠴᠢᠨ ᠵᠠᠨᠭᠭ᠎ᠠ ᠵᠢᠨ ᠳ᠋ᠤ ᠶᠠᠪᠤᠭᠳᠠᠯ᠎ᠠ᠃

ᠤᠶᠢᠯᠠᠭᠠᠭᠰᠠᠨ ᠵᠢᠡᠷ ᠤᠲᠤᠭ ᠤᠨ ᠡᠮᠦᠨᠡᠲᠤ ᠬᠤᠰᠢᠭᠤᠨ ᠳ᠋ᠤ ᠦᠬᠡᠷᠴᠢᠯᠡᠯᠲᠡ ᠬᠢᠵᠤ ᠴᠢᠯᠥᠬᠡᠲᠡᠢ ᠶᠠᠪᠤᠯᠴᠠᠬᠤ ᠡᠴᠡ ᠡᠮᠦᠨᠡᠬᠡᠨ ᠪᠤᠯᠲᠠᠯ᠎ᠠ ᠶᠡᠭᠡ ᠤᠯᠠᠨ ᠲᠡᠮᠡᠬᠡ ᠲᠠᠢ ᠪᠠᠶᠢᠭᠰᠠᠨ ᠪᠤᠯᠪᠠᠴᠤ ᠶᠡᠭᠡ ᠬᠠᠮᠲᠤ ᠵᠠᠳᠠᠷᠠᠨ᠂ ᠪᠡᠯᠴᠢᠬᠡᠷ ᠨᠤᠲᠤᠭ᠂ ᠮᠠᠯ ᠬᠦᠷᠦᠨᠭᠬᠡ ᠶ᠋ᠢ ᠬᠤᠪᠢ ᠡᠷᠦᠬᠡ ᠳ᠋ᠤ ᠬᠤᠪᠢᠶᠠᠨ ᠦᠭᠭᠦᠭᠰᠡᠨ ᠡᠴᠡ ᠬᠤᠶᠢᠰᠢ ᠤᠭᠵᠤᠮ ᠴᠦᠬᠡᠷᠡᠵᠤ᠂ ᠤᠯᠠᠨᠭᠭᠢ ᠮᠠᠯᠴᠢᠨ ᠠᠶᠢᠯ ᠡᠷᠦᠬᠡ ᠵᠢᠨ ᠡᠬᠦᠳᠡᠨ ᠳ᠋ᠤ ᠲᠡᠮᠡᠬᠡᠨ ᠪᠠᠷ᠎ᠠ ᠬᠠᠷᠠᠭᠳᠠᠬᠤ ᠪᠡᠨ ᠪᠤᠯᠢᠵᠤ᠂ ᠠᠭᠠᠵᠢᠮ ᠠᠭᠠᠵᠢᠮ ᠵᠢᠡᠷ ᠪᠠᠷᠤᠭ ᠤᠰᠠᠳᠬᠤ ᠬᠡᠮᠵᠢᠶᠡᠨ ᠳ᠋ᠤ ᠬᠦᠷᠴᠠᠢ᠃ ᠬᠡᠪᠡᠴᠤ ᠲᠡᠮᠡᠬᠡᠨ ᠮᠢᠬᠠᠨ ᠤ ᠬᠡᠷᠡᠭᠴᠡᠭᠡ ᠱᠠᠭᠠᠷᠳᠠᠯᠭ᠎ᠠ ᠪᠠ ᠨᠤᠲᠤᠭ ᠤᠨ ᠮᠠᠯᠴᠢᠳ ᠤᠨ ᠪᠡᠶᠡᠵᠢᠯ ᠴᠢᠨᠡᠬᠡᠯᠢᠭᠵᠢᠯ ᠤᠨ ᠳᠠᠭᠠᠤ ᠤᠶᠢᠷ᠎ᠠ ᠵᠢᠨ ᠬᠤᠶᠠᠷ ᠵᠢᠯ ᠡᠴᠡ ᠳᠠᠬᠢᠨ ᠲᠡᠮᠡᠬᠡᠨ ᠪᠠᠷ᠎ᠠ ᠬᠠᠷᠠᠬᠤ ᠪᠤᠯᠤᠭᠰᠠᠨ ᠨᠢ ᠪᠠᠶᠠᠷᠯᠠᠭᠤᠰᠢᠲᠠᠢ᠃ ᠮᠦᠨᠴᠤ ᠡᠮᠦᠨ᠎ᠡ ᠬᠤᠶᠠᠷ ᠵᠢᠯ ᠤᠨ ᠭᠠᠡᠭ ᠭᠠᠮᠰᠢᠭ ᠤᠨ ᠪᠠᠶᠢᠳᠠᠯ ᠡᠴᠡ ᠪᠤᠯᠵᠤ᠂ ᠮᠠᠨ ᠤ ᠤᠷᠤᠨ ᠤ ᠠᠯᠠᠱᠠ ᠠᠶᠢᠮᠠᠭ ᠪᠠ ᠪᠠᠶᠠᠠᠨᠠᠭᠤᠷ ᠬᠤᠲᠠ ᠵᠢᠨ ᠮᠠᠯᠴᠢᠳ ᠤᠨ ᠪᠡᠯᠴᠢᠬᠡᠷ ᠨᠤᠲᠤᠭ ᠮᠠᠰᠢ ᠶᠡᠭᠡ ᠬᠤᠬᠢᠷᠠᠯ ᠳ᠋ᠤ ᠤᠴᠠᠷᠠᠵᠤ᠂ ᠵᠠᠷᠢᠮ ᠭᠠᠵᠠᠷ ᠤᠷᠤᠨ ᠳ᠋ᠤ ᠤᠯᠠᠭᠠᠨ ᠬᠠᠯᠴᠠᠭᠠᠢ ᠪᠤᠯᠤᠭᠰᠠᠨ ᠡᠴᠡ ᠲᠤᠬᠠᠢ ᠵᠢᠨ ᠭᠠᠵᠠᠷ ᠤᠨ ᠮᠠᠯᠴᠢᠳ ᠲᠡᠮᠡᠬᠡ ᠪᠡᠨ ᠮᠠᠯᠵᠢᠬᠤ ᠳ᠋ᠤ ᠬᠦᠴᠢᠷᠲᠡᠢ ᠪᠤᠯᠵᠤ᠂ ᠬᠡᠷᠪᠡ ᠰᠡᠳᠬᠢᠯ ᠲᠠᠭᠠᠷᠠᠪᠠᠯ ᠪᠠᠷᠤᠭ ᠲᠦᠯᠥᠪᠦᠷᠢ ᠦᠭᠡᠢ ᠪᠡᠷ ᠪᠤᠳᠤᠭᠤ ᠲᠤᠷᠤᠮ ᠵᠢᠡᠨ ᠦᠭᠭᠦ ᠬᠡᠮᠵᠢᠶᠡᠨ ᠳ᠋ᠤ ᠬᠦᠷᠴᠡᠢ᠃ ᠡᠶᠢᠮᠤ ᠪᠠᠶᠢᠳᠠᠯ ᠲᠤᠤᠷ᠎ᠠ ᠭᠠᠵᠠᠷ ᠭᠠᠵᠠᠷ ᠤᠨ ᠮᠠᠯᠴᠢᠳ ᠢᠲᠡᠭᠡᠯ ᠰᠡᠳᠬᠢᠯ ᠵᠢᠡᠨ ᠨᠢᠬᠡᠳᠬᠡᠨ ᠵᠦᠭ ᠪᠤᠯᠭᠠᠨ ᠡᠴᠡ ᠲᠤᠰᠠᠯᠠᠮᠵᠢ ᠵᠢᠨ ᠮᠦᠨᠭᠭᠦ ᠪᠠ ᠡᠪᠡᠰᠦ ᠪᠤᠷᠳᠤᠭ᠎ᠠ ᠪᠡᠨ ᠲᠡᠳᠡᠨ ᠳ᠋ᠤ ᠬᠠᠷᠠᠮ ᠦᠭᠡᠢ ᠬᠦᠷᠭᠡᠵᠤ ᠦᠭᠴᠡᠢ᠃ ᠤᠲᠤᠭ ᠤᠨ ᠡᠮᠦᠨᠡᠲᠤ ᠬᠤᠰᠢᠭᠤᠨ ᠤ ᠮᠠᠯᠴᠢᠳ ᠡᠨᠡ ᠦᠶ᠎ᠡ ᠳ᠋ᠤ ᠪᠠᠰᠠ ᠦᠪᠡᠷ ᠦᠪᠡᠷ ᠤᠨ ᠰᠡᠳᠬᠢᠯ ᠵᠢᠡᠨ ᠭᠠᠷᠭᠠᠵᠤ ᠲᠡᠳᠡᠨ ᠢ ᠲᠤᠰᠠᠯᠠᠨ ᠳᠡᠮᠵᠢᠬᠦ ᠵᠢᠨ ᠬᠠᠮᠲᠤ ᠪᠤᠲᠤᠭᠤ ᠲᠤᠷᠤᠮ ᠢ ᠨᠢ ᠬᠤᠳᠠᠯᠳᠤᠨ ᠠᠪᠴᠤ ᠨᠤᠲᠤᠭ ᠲᠠᠭᠠᠨ ᠲᠡᠭᠡᠭᠡᠵᠤ ᠢᠷᠡᠵᠡᠢ᠃ ᠢᠨᠭᠭᠢᠬᠡᠳ ᠤᠬᠤᠷᠬᠠᠨ ᠬᠡᠳᠦᠨ ᠵᠢᠯ ᠤᠨ ᠬᠤᠭᠤᠷᠤᠨᠳᠤ ᠲᠤᠰ ᠬᠤᠰᠢᠭᠤᠨ ᠤ ᠮᠠᠯᠴᠢᠳ ᠤᠨ ᠡᠬᠦᠳᠡᠨ ᠳ᠋ᠤ ᠲᠡᠮᠡᠬᠡ ᠤᠯᠠᠰᠢᠷᠠᠨ᠂ ᠲᠡᠭᠡᠷ᠎ᠡ ᠵᠢᠯ ᠤᠨ ᠬᠤᠪᠢ ᠳ᠋ᠤ ᠪᠠᠷᠤᠭ ᠮᠢᠨᠭᠭᠠᠨ ᠲᠤᠯᠤᠭᠠᠢ ᠬᠦᠷᠴᠡᠢ᠃

ᠬᠡᠷᠡᠨᠭᠬᠡᠲᠤ ᠭᠠᠴᠠᠭᠠᠨ ᠤ ᠭᠠᠵᠠᠷ ᠤᠨ ᠪᠠᠶᠢᠴᠠ ᠨᠢ ᠰᠢᠯᠢ ᠪᠠᠯᠠᠷ ᠵᠢᠡᠷ ᠭᠤᠤᠯᠳᠠᠵᠤ ᠪᠠᠶᠢᠭ᠎ᠠ ᠪᠤᠯᠬᠤᠷ ᠲᠡᠮᠡᠬᠡ ᠮᠠᠯᠵᠢᠬᠤ ᠳ᠋ᠤ ᠶᠡᠭᠡᠳᠡ ᠲᠤᠬᠢᠷᠠᠭᠰᠠᠨ ᠪᠠᠶᠢᠳᠠᠭ᠃ ᠤᠳᠤ ᠲᠤᠰ ᠭᠠᠴᠠᠭᠠᠨ ᠳ᠋ᠤ ᠨᠡᠶᠢᠲᠡ ᠪᠠᠷᠤᠭ ᠲᠦᠴᠢᠬᠡᠳ ᠲᠡᠮᠡᠬᠡ ᠲᠠᠢ ᠪᠤᠯᠵᠤ᠂ ᠦᠨᠦᠳᠦᠷ ᠤᠨ ᠡᠨᠡᠬᠦ ᠠᠵᠢᠯᠯᠠᠭ᠎ᠠ ᠳ᠋ᠤ ᠬᠤᠷᠢ ᠭᠠᠷᠤᠢ ᠲᠡᠮᠡᠬᠡ ᠢᠷᠡᠭᠰᠡᠨ ᠪᠠᠶᠢᠨ᠎ᠠ᠃ ᠦᠨᠦᠳᠦᠷ ᠡᠨᠳᠡ ᠲᠡᠮᠡᠬᠡᠨ ᠭᠠᠯ ᠤᠨ ᠲᠠᠬᠢᠯᠭ᠎ᠠ ᠶᠠᠪᠤᠭᠳᠠᠭᠤᠯᠬᠤ ᠵᠢᠨ ᠬᠠᠮᠲᠤ ᠪᠠᠰᠠ ᠤᠰᠤᠨ ᠵᠢᠷᠤᠭ᠎ᠠ ᠮᠤᠷᠢᠨ ᠤᠷᠤᠯᠳᠤᠭᠠᠨ ᠢ ᠡᠷᠬᠢᠯᠡᠨ ᠬᠢᠭᠰᠡᠨ ᠡᠴᠡ ᠲᠤᠰ ᠭᠠᠴᠠᠭᠠᠨ ᠤ ᠠᠳᠤᠭᠤᠴᠢᠳ ᠪᠦᠷᠢᠨ ᠴᠢᠮᠡᠭᠯᠡᠯ ᠲᠠᠢ ᠵᠢᠷᠤᠭ᠎ᠠ ᠮᠤᠷᠢᠳ ᠵᠢᠡᠨ ᠤᠨᠤᠵᠤ᠂ ᠦᠨᠳᠦᠰᠦᠲᠡᠨ ᠤ ᠬᠤᠪᠴᠠᠰᠤ ᠵᠠᠰᠠᠯ ᠵᠢᠡᠷ ᠭᠤᠶᠤᠯᠠᠭᠰᠠᠨ ᠡᠴᠡ ᠮᠠᠰᠢ ᠦᠵᠡᠰᠬᠦᠯᠡᠨᠭᠲᠡᠢ ᠬᠠᠷᠠᠭᠳᠠᠨ᠎ᠠ᠃

ᠤᠷᠳᠤᠰ ᠨᠤᠲᠤᠭ ᠵᠢᠡᠷ ᠠᠪᠴᠤ ᠬᠡᠯᠡᠪᠡᠯ ᠲᠡᠮᠡᠬᠡᠨ ᠭᠠᠯ ᠤᠨ ᠲᠠᠬᠢᠯᠭ᠎ᠠ ᠪᠤᠶᠤ ᠢᠨᠭᠭᠢᠨ ᠭᠠᠯ ᠤᠨ ᠲᠠᠬᠢᠯᠭ᠎ᠠ ᠨᠢ ᠭᠤᠤᠯᠳᠠᠭᠤ ᠬᠠᠨᠭᠭᠢᠨ ᠬᠤᠰᠢᠭᠤᠨ ᠳ᠋ᠤ ᠶᠡᠭᠡ ᠬᠡᠪᠴᠢᠶ᠎ᠡ ᠲᠠᠢ ᠪᠡᠷ ᠶᠠᠪᠤᠭᠳᠠᠵᠤ᠂ ᠤᠷᠳᠤᠰ ᠲᠤᠭᠠᠯᠠᠯ ᠤᠨ ᠲᠠᠪᠤᠨ ᠰᠠᠷ᠎ᠠ ᠵᠢᠨ ᠠᠷᠪᠠᠨ ᠨᠢᠬᠡᠨ ᠪᠤᠶᠤ ᠲᠡᠭᠦᠨ ᠤ ᠡᠮᠦᠨᠡᠬᠦᠷ ᠬᠤᠶᠢᠭᠤᠷ ᠬᠠᠷ᠎ᠠ ᠮᠤᠷᠢ᠂ ᠬᠠᠷᠠᠭᠴᠢᠨ ᠮᠤᠷᠢ ᠪᠤᠶᠤ ᠬᠠᠷ᠎ᠠ ᠦᠬᠡᠷ᠂ ᠬᠠᠷᠠᠭᠴᠢᠨ ᠦᠬᠡᠷ ᠡᠳᠦᠷ ᠢ ᠰᠤᠨᠭᠭᠤᠵᠤ ᠲᠠᠬᠢᠯᠭ᠎ᠠ ᠦᠢᠯᠡᠳᠳᠡᠭ᠂ ᠬᠠᠨᠭᠭᠢᠨ ᠬᠤᠰᠢᠭᠤ ᠲᠠᠢ ᠠᠳᠠᠯᠢᠳᠬᠠᠪᠠᠯ ᠲᠡᠮᠡᠬᠡ ᠪᠡᠷ ᠮᠠᠰᠢ ᠴᠦᠬᠡᠨ ᠡᠨᠡ ᠨᠤᠲᠤᠭ ᠤᠨ ᠮᠠᠯᠴᠢᠳ ᠲᠠᠪᠤᠨ ᠰᠠᠷ᠎ᠠ ᠵᠢᠨ ᠰᠢᠨ᠎ᠡ ᠵᠢᠨ ᠬᠤᠶᠠᠷ ᠢ ᠰᠤᠨᠭᠭᠤᠨ ᠲᠠᠬᠢᠯᠭ᠎ᠠ ᠪᠡᠨ ᠦᠢᠯᠡᠳᠳᠡᠭ ᠨᠢ ᠤᠯᠠᠨᠭᠭᠢ ᠬᠦᠮᠦᠨ ᠤ ᠭᠠᠶᠢᠬᠠᠰᠢ ᠲᠦᠷᠦᠬᠦᠯᠥᠨ᠎ᠡ᠃ ︽ᠭᠠᠵᠠᠷ ᠭᠠᠵᠠᠷ ᠤᠨ ᠵᠠᠡᠭ᠂ ᠬᠦᠵᠡᠭᠡ ᠬᠦᠵᠡᠬᠡᠨ ᠤ ᠪᠤᠯᠤᠡᠭ︾ᠬᠡᠵᠤ ᠮᠤᠨᠭᠭᠤᠯᠴᠤᠳ ᠬᠡᠯᠡᠳᠡᠭ ᠡᠴᠡ ᠨᠤᠲᠤᠭ ᠨᠤᠲᠤᠭ ᠲᠤ ᠶᠠᠨᠭᠵᠤ ᠪᠦᠷᠢ ᠪᠡᠷ ᠤᠯᠠᠮᠵᠢᠯᠠᠯᠲᠤ ᠰᠤᠶᠤᠯ ᠵᠠᠨᠭᠰᠢᠯ ᠵᠢᠡᠨ ᠤᠯᠠᠮᠵᠢᠯᠠᠵᠤ ᠪᠠᠶᠢᠭ᠎ᠠ ᠨᠢ ᠰᠤᠶᠤᠯ ᠤᠨ ᠤᠯᠠᠨ ᠶᠠᠨᠭᠵᠤᠲᠤ ᠰᠢᠨᠵᠢ ᠵᠢᠨ ᠪᠠᠰᠠ ᠨᠢᠬᠡ ᠤᠨᠴᠠᠯᠢᠭ ᠪᠢᠯᠡ᠃ ᠮᠠᠯᠴᠢᠨ ᠵᠠᠨᠭᠭ᠎ᠠ ᠵᠢᠨ ᠬᠡᠷ ᠤᠨ ᠪᠠᠷᠠᠭᠤᠨ ᠡᠮᠦᠨᠡᠬᠢ ᠵᠡᠯᠡᠨ ᠳ᠋ᠤ ᠬᠤᠷᠢᠭᠠᠳ ᠲᠡᠮᠡᠭᠡ ᠪᠠ ᠠᠵᠢᠷᠭ᠎ᠠ᠂ ᠪᠤᠬ᠎ᠠ᠂ ᠤᠬᠤᠨ᠎ᠠ᠂ ᠬᠤᠴᠠ ᠶ᠋ᠢ ᠲᠤᠰ ᠪᠦᠷᠢ ᠨᠢᠬᠡ ᠶ᠋ᠢ ᠤᠶᠠᠭᠰᠠᠨ ᠡᠴᠡ ᠲᠠᠪᠤᠨ ᠬᠤᠰᠢᠭᠤ ᠮᠠᠯ ᠪᠦᠷᠢᠳᠴᠤ ᠤᠳᠠᠯ ᠦᠭᠡᠢ ᠲᠡᠮᠡᠬᠡᠨ ᠭᠠᠯ ᠤᠨ ᠲᠠᠬᠢᠯᠭ᠎ᠠ ᠶᠠᠪᠤᠭᠳᠠᠯ᠎ᠠ᠃

ᠡᠨᠡᠬᠦ ᠭᠠᠯ ᠲᠠᠬᠢᠯᠭ᠎ᠠ ᠨᠢ ᠮᠠᠨ ᠤ ᠮᠤᠨᠭᠭᠤᠯᠴᠤᠳ ᠤᠨ ᠦᠬᠡᠯᠵᠢᠨ ᠰᠠᠷ᠎ᠠ ᠵᠢᠨ ᠬᠤᠷᠢᠨ ᠭᠤᠷᠪᠡᠨ᠂ ᠲᠦᠷᠪᠡᠨ ᠤ ᠭᠠᠯ ᠲᠠᠬᠢᠯᠭ᠎ᠠ ᠲᠠᠢ ᠪᠠᠷᠤᠭ ᠠᠳᠠᠯᠢᠬᠠᠨ ᠪᠠᠶᠢᠵᠤ᠂ ᠨᠢᠬᠡ ᠢᠯᠡᠬᠦᠦ ᠶᠠᠪᠤᠳᠠᠯ ᠨᠢ ᠪᠤᠤᠷ᠎ᠠ ᠪᠠᠨ ᠬᠦᠲᠦᠯᠥᠨ ᠭᠠᠯ ᠤᠨ ᠲᠡᠷᠭᠡᠳᠡ ᠠᠪᠴᠢᠷᠠᠵᠤ᠂ ᠵᠤᠭᠳᠤᠷ ᠤᠨ ᠨᠤᠤᠰᠤ ᠡᠴᠡ ᠨᠢ ᠬᠠᠶᠢᠴᠢᠯᠠᠨ ᠡᠪᠴᠢᠬᠦᠦ ᠪᠡᠨ ᠴᠢᠮᠡᠳᠡᠭ ᠠᠵᠢ᠃ ᠭᠠᠯ ᠤᠨ ᠲᠠᠬᠢᠯᠭ᠎ᠠ ᠲᠠᠢ ᠵᠡᠷᠭᠡᠴᠡᠭᠡᠳ ᠲᠠᠪᠤᠨ ᠬᠤᠰᠢᠭᠤ ᠮᠠᠯ᠂ ᠲᠠᠪᠤᠨ ᠲᠠᠷᠢᠶ᠎ᠠ᠂ ᠬᠦᠮᠦᠨ ᠠᠷᠠᠳ᠂ ᠨᠤᠲᠤᠭ ᠤᠰᠤᠨ ᠤ ᠳᠠᠯᠠᠯᠭ᠎ᠠ ᠶᠠᠪᠤᠭᠳᠠᠯ᠎ᠠ᠃ ᠡᠨᠡ ᠪᠦᠬᠦ ᠦᠢᠯᠡ ᠪᠡᠨ ᠬᠦᠢᠴᠡᠳᠬᠡᠬᠡᠳ ᠤᠰᠤᠨ ᠵᠢᠷᠤᠭ᠎ᠠ ᠮᠤᠷᠢᠨ ᠤᠷᠤᠯᠳᠤᠭᠠᠨ ᠵᠢᠡᠨ ᠬᠢᠵᠤ ᠬᠤᠷᠠᠭᠰᠠᠨ ᠪᠦᠬᠦᠳᠡ ᠵᠢᠨ ᠬᠡᠶᠢᠮᠤᠷᠢ ᠰᠡᠷᠬᠦᠬᠡᠵᠤ ᠨᠢᠳᠤ ᠶ᠋ᠢ ᠪᠠᠶᠠᠰᠬᠠᠭᠰᠠᠨ ᠪᠢᠯᠡ᠃

X