ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰ

2025-04-01 09:55:27

ᠮᠢᠯᠠᠭ᠎ᠠ ᠳᠠᠯᠠᠶᠢᠭᠰᠠᠨ ᠰᠥᠷ ᠢᠶᠠᠷ ᠲᠡᠭ᠍ᠷᠢ ᠢᠢᠨ ᠴᠢᠷᠠᠢ ᠪᠠᠷᠣᠶᠢᠭᠰᠠᠭᠠᠷ

ᠮᠢᠨᠴᠢᠭᠡᠷ ᠬᠥᠷᠡᠩ ᠬᠠᠴᠠᠷ ᠳᠡᠭᠡᠷ᠎ᠡ ᠮᠢᠨᠢ ᠯᠠᠪᠠᠢ ᠴᠡᠴᠡᠭ ᠬᠠᠶᠠᠯᠠᠨ᠎ᠠ

ᠮᠢᠨᠳᠠᠰᠣᠨ ᠲᠣᠷᠭᠠᠨ ᠲᠠᠯ᠎ᠠ ᠢᠢᠨ ᠥᠶᠡᠯᠵᠡᠭᠡ ᠥᠭᠡᠶᠢᠯᠡᠨ ᠳᠡᠷᠪᠡᠵᠥ

ᠮᠢᠷᠠᠯᠵᠠᠬᠤ ᠵᠥᠭᠡᠯᠡᠨ ᠵᠡᠷᠭᠡᠯᠭᠡᠨ ᠤ ᠵᠢᠷᠪᠢᠯᠵᠡᠭᠡ ᠰᠣᠷᠠᠭᠯᠠᠨ ᠪᠥᠵᠢᠵᠥ

ᠮᠢᠬᠠᠯᠢᠭ ᠬᠥᠭᠡᠷᠥᠬᠦᠨ ᠬᠡᠥᠬᠡᠳ ᠤᠨ ᠥᠷᠪᠦᠭᠡ ᠢᠯᠪᠢᠨ ᠣᠶᠠᠰᠴᠣ

ᠮᠢᠨᠳᠠᠭ ᠵᠡᠭᠦᠭ᠍ᠰᠡᠨ ᠲᠣᠭᠤᠷᠭᠠᠲᠠᠳ ᠤᠨ ᠥᠷᠭᠦᠭᠡ ᠢᠯᠢᠨ ᠣᠶᠠᠷᠠᠵᠣ

ᠮᠢᠩᠭ᠎ᠠ ᠮᠢᠩᠭᠠᠨ ᠤ ᠨᠡᠭᠦᠳᠡᠯ ᠤᠨ ᠰᠠᠨᠰᠠᠷ ᠬᠥᠷᠳᠥ ᠢᠢᠨ ᠳᠡᠯᠪᠡᠭᠡ

ᠮᠢᠨᠣ ᠨᠣᠲᠤᠭ ᠤᠨ ᠬᠥᠷᠥᠰᠥᠨ ᠳᠤ ᠠᠭᠲᠠ ᠢᠢᠨ ᠬᠥᠯᠥᠰᠥ ᠲᠠᠢ ᠪᠠᠭᠤᠨ᠎ᠠ

ᠠᠷᠣ ᠬᠠᠩᠭᠠᠢ ᠢᠢᠨ ᠠᠳᠣᠭᠤᠨ ᠤ ᠠᠯᠮᠠᠰ ᠲᠣᠭᠤᠷᠠᠢ ᠢᠢᠨ ᠲᠥᠪᠡᠷᠭᠡᠨ ᠢᠶᠠᠷ

ᠠᠲᠠᠷ ᠲᠠᠯ᠎ᠠ ᠢᠢᠨ ᠠᠭᠤᠳᠠᠮ ᠳᠤ ᠠᠭᠠᠷ ᠤᠨ ᠪᠠᠭᠪᠠᠭᠠᠢ ᠪᠣᠲᠠᠷᠠᠨ᠎ᠠ

ᠠᠯᠲᠠᠢ ᠨᠢᠷᠣᠭᠤᠨ ᠤ ᠣᠷᠢᠶ᠎ᠠ ᠢᠢ ᠠᠶᠢᠷᠠᠭ ᠨᠠᠶᠢᠷᠠᠭ ᠠᠴᠠ ᠲᠠᠮᠢᠷᠯᠠᠵᠣ

ᠠᠯᠣᠰ ᠬᠡᠳᠥᠢ ᠢᠢᠨ ᠴᠣᠣᠷᠢᠶ᠎ᠠ ᠢᠢ ᠠᠶᠠᠯᠭᠤ ᠳᠠᠭᠤᠨ ᠠᠴᠠ ᠠᠨᠢᠷᠯᠠᠵᠣ

ᠠᠷᠭᠠᠯ ᠬᠤᠷᠭᠤᠯ ᠤᠨ ᠣᠲᠤᠭ᠎ᠠ ᠢᠢ ᠠᠶᠢᠯ ᠡᠷᠥᠬᠡ ᠠᠴᠠ ᠭᠠᠳᠠᠷᠯᠠᠵᠣ

ᠠᠭᠰᠣᠮ ᠠᠵᠢᠨᠠᠢ ᠢᠢᠨ ᠲᠣᠭᠤᠰᠣ ᠢᠢ ᠠᠳᠣᠭᠤᠴᠢᠨ ᠡᠷ᠎ᠡ ᠠᠴᠠ ᠣᠴᠢᠷᠯᠠᠵᠣ

ᠠᠰᠣᠷᠢ ᠬᠤᠷᠮᠣᠰᠲᠠ ᠢᠢᠨ ᠴᠡᠭᠡᠯ ᠠᠴᠠ ᠠᠷᠢᠭᠤᠨ ᠴᠡᠴᠡᠭᠡᠰ ᠪᠣᠲᠠᠷᠠᠬᠤ ᠪᠠᠷ

ᠠᠯᠲᠠᠨ ᠳᠡᠯᠡᠬᠡᠢ ᠢᠢᠨ ᠥᠷᠥᠴᠡᠨ ᠳᠤ ᠠᠮᠠᠭᠠᠢ ᠰᠢᠭ᠍ᠰᠢᠷᠡᠭᠡ ᠬᠠᠩᠭᠢᠨᠠᠨ᠎ᠠ

ᠨᠠᠢᠮᠠᠨ ᠵᠠᠭᠤᠨ ᠤ ᠣᠭᠲᠠᠷᠭᠤᠢ ᠳᠤ ᠨᠠᠷᠠᠨ ᠤ ᠰᠣᠷᠮᠣᠣᠰᠣ ᠴᠠᠩᠳᠣᠵᠣ

ᠨᠠᠷᠠᠯᠠᠭ ᠬᠤᠷᠸ᠎ᠠ ᠢᠢᠨ ᠵᠣᠯᠠᠢ ᠳᠤ ᠨᠠᠪᠴᠢᠰ ᠤᠨ ᠭᠡᠯᠲᠡᠰ ᠬᠡᠶᠢᠰᠥᠨ᠎ᠡ

ᠨᠠᠢᠮᠠᠨ ᠰᠢᠷᠭ᠎ᠠ ᠢᠢᠨ ᠥᠥᠷᠰᠡᠭᠡ ᠪᠠᠷ ᠵᠡᠭᠦᠳᠥᠨ ᠤ ᠭᠤᠪᠢ ᠢᠢ ᠰᠡᠷᠡᠭᠡᠵᠥ

ᠨᠠᠮᠲᠠᠷ ᠲᠣᠣᠯᠢ ᠢᠢᠨ ᠳᠠᠭᠤᠷᠢᠰᠥᠭ᠎ᠠ ᠪᠠᠷ ᠵᠢᠷᠥᠬᠡᠨ ᠤ ᠡᠭᠡᠰᠢᠭ ᠢ ᠬᠥᠭ᠍ᠯᠡᠵᠥ

ᠨᠠᠮᠰᠠᠷᠠᠢ ᠪᠣᠷᠬᠠᠨ ᠤ ᠢᠪᠡᠭᠡᠯ ᠢ ᠪᠣᠷᠵᠢᠭᠢᠨ ᠤ ᠪᠠᠭᠤᠴᠠᠨ ᠳᠤ ᠬᠤᠷᠣᠶᠢᠯᠠᠵᠣ

ᠨᠠᠷᠮᠠᠢ ᠳᠡᠭᠡᠳᠥ ᠢᠢᠨ ᠢᠷᠥᠭᠡᠯ ᠮᠣᠷᠢᠲᠠᠨ ᠤ ᠰᠠᠭᠤᠴᠠᠨ ᠳᠤ ᠳᠠᠯᠠᠯᠵᠣ

ᠨᠠᠯᠠᠭᠠᠷ ᠳᠣᠷᠣᠨ᠎ᠠ ᠢᠢᠨ ᠬᠠᠭᠤᠳᠠᠰᠣᠨ ᠳᠤ ᠴᠡᠭᠡᠨ ᠯᠠᠪᠰᠠ ᠬᠠᠶᠠᠯᠠᠬᠤ ᠪᠠᠷ

ᠨᠠᠷᠠᠲᠣ ᠶ᠋ᠢᠷᠲᠢᠨᠴᠥ ᠢᠢᠨ ᠵᠣᠶᠢᠳᠡᠰᠥᠨ ᠳᠤ ᠲᠣᠯᠢᠨ ᠬᠠᠵᠠᠭᠠᠷ ᠱᠠᠷᠭᠢᠨ᠎ᠠ

ᠰᠥᠰᠦᠭ ᠤᠨ ᠮᠥᠩᠬᠡ ᠽᠠᠮᠪᠤᠲᠢᠪ ᠨᠣᠶᠢᠷ ᠤᠨ ᠳᠤᠮᠳᠠ ᠪᠠᠨ ᠪᠣᠭᠤᠷᠣᠯᠲᠣᠨ

ᠰᠥᠷᠯᠢᠭ ᠥᠨᠳᠥᠷ ᠠᠭᠤᠯᠠᠰ ᠮᠥᠩᠭᠦᠨ ᠳᠡᠪᠡᠯ ᠲᠠᠢ ᠳᠣᠭᠵᠢᠷᠠᠬᠤ ᠪᠠᠷ

ᠰᠥᠰᠥᠭ ᠤᠨ ᠣᠶᠠᠬᠠᠨ ᠴᠢᠪᠬᠠᠳᠠᠰᠣ ᠰᠡᠣᠬᠢᠯ ᠤᠨ ᠳᠣᠮᠳᠠ ᠪᠠᠨ ᠣᠶᠠᠩᠭᠠᠷᠠᠵᠣ

ᠰᠥᠪᠡᠰᠢ ᠢᠢᠨ ᠬᠡ ᠲᠠᠢ ᠽᠠᠮᠪᠣᠯᠢᠩ ᠭᠡᠭᠡᠨ ᠰᠣᠪᠢᠨ ᠬᠤᠷᠣᠶᠢᠯᠠᠬᠤ ᠪᠠᠷ

ᠰᠥᠯᠳᠡ ᠢᠢᠨ ᠰᠠᠬᠢᠶ᠎ᠠ ᠲᠠᠢ ᠲᠠᠪᠢᠯᠠᠩ ᠳᠤ ᠰᠠᠷᠠᠨ ᠤ ᠭᠡᠷᠡᠯ ᠠᠰᠬᠠᠷᠠᠵᠣ

ᠰᠥᠨ ᠤ ᠥᠩᠭᠡ ᠲᠠᠢ ᠳᠠᠶᠠᠩ ᠳᠤ ᠣᠳᠣᠳ ᠤᠨ ᠭᠡᠭᠡ ᠰᠡᠮᠡᠷᠡᠭ᠍ᠰᠡᠭᠡᠷ

ᠰᠥᠪᠡᠭᠡ ᠴᠠᠭᠠᠨ ᠪᠣᠯᠵᠣᠮᠣᠷ ᠤᠳ ᠥᠷ ᠢᠶᠠᠨ ᠣᠭᠲᠣᠨ ᠵᠢᠷᠭᠢᠵᠥ ᠰᠥᠷᠥᠭ

ᠰᠥᠷᠥᠭ ᠵᠡᠭᠡᠷ᠎ᠡ ᠲᠡᠭ᠍ᠷᠢ ᠢᠢᠨ ᠬᠠᠶᠠᠭᠠᠨ ᠠᠴᠠ ᠨᠠᠭᠠᠰᠢᠯᠢᠨ᠎ᠠ᠁

ᠬᠠᠵᠠᠭᠠᠷ ᠤᠨ ᠴᠢᠮᠡᠭᠡ ᠲᠠᠢ ᠯᠠᠪᠰᠠᠯᠠᠭᠰᠠᠨ ᠴᠡᠩᠬᠡᠷ ᠴᠠᠰᠣᠨ ᠳᠠᠯᠠᠢ ᠳᠤ

ᠬᠠᠭᠳᠠ ᠢᠢᠨ ᠨᠠᠬᠢᠶ᠎ᠠ ᠨᠢᠭᠤᠭᠳᠠᠵᠣ ᠬᠠᠶᠢᠯᠭᠠᠨ ᠴᠠᠭ ᠢ ᠳᠣᠷᠠᠰᠬᠤ ᠪᠠᠷ

ᠬᠠᠨ ᠪᠠᠶᠢᠭᠠᠯᠢ ᠢᠢᠨ ᠣᠷᠴᠢᠯ ᠳᠤ ᠪᠥᠮᠪᠥᠷᠴᠡᠭ ᠤᠨ ᠬᠥᠷᠳᠥ ᠰᠢᠵᠢᠷᠲᠡᠨ

ᠬᠠᠩᠭᠠᠢ ᠬᠥᠪᠴᠢ ᠢᠢᠨ ᠡᠯᠢᠭᠡᠨ ᠠᠴᠠ ᠬᠠᠶᠢᠯ ᠤᠨ ᠮᠥᠰᠥ ᠣᠶᠠᠰᠴᠦ

ᠬᠠᠬᠢᠷ ᠡᠪᠥᠯ ᠤᠨ ᠬᠥᠰᠢᠭᠡᠨ ᠠᠴᠠ ᠬᠠᠪᠣᠷ ᠤᠨ ᠢᠷᠭᠤᠢ ᠨᠢᠳᠥᠯᠡᠵᠥ

ᠬᠠᠨᠠᠭᠠᠷ ᠭᠠᠯᠪᠠ ᠢᠢᠨ ᠡᠪᠥᠷ ᠠᠴᠠ ᠬᠠᠲᠣᠨ ᠲᠣᠣᠯᠠ ᠡᠪᠰᠢᠶᠡᠬᠦ ᠪᠠᠷ

ᠬᠠᠮᠤᠭ ᠬᠥᠬᠡ ᠲᠣᠯᠪᠣᠲᠠᠨ ᠤ ᠮᠠᠨᠳᠣᠨ ᠪᠠᠳᠠᠷᠠᠬᠤ ᠢᠢᠨ ᠣᠴᠢᠷ ᠲᠤ

ᠬᠠᠶᠠᠩᠭᠢᠷᠸ᠎ᠠ ᠢᠢᠨ ᠲᠠᠷᠨᠢ ᠳᠣᠭᠰᠢᠷᠠᠨ ᠬᠥᠯᠥᠭ ᠤᠨ ᠬᠡᠶᠢᠮᠣᠷᠢ ᠰᠡᠷᠭᠦᠨ᠎ᠡ᠁

(ᠬᠤᠨᠢᠴᠢᠨ ᠨᠠ᠊· ᠮᠥᠩᠬᠡᠪᠠᠭᠠᠲᠣᠷ)

X