ᠤᠯᠪᠤᠭ ᠡᠴᠡ ᠪᠡᠨ ᠪᠠᠨ ᠰᠠᠯᠵᠤ ᠤᠯᠠᠨ ᠢ ᠦᠵᠡᠭᠰᠡᠨ ᠲᠡᠮᠲᠡᠭᠯᠡᠯ 2
2025-03-02 04:12:01
ᠨᠡᠷ᠎ᠡ ᠶ᠋ᠢ ᠨᠢ ᠠᠨᠭᠬ᠎ᠠ ᠰᠤᠨᠤᠰᠤᠭᠰᠠᠨ ᠨᠢᠬᠡ ᠮᠤᠨᠭᠭᠤᠯ ᠬᠦᠮᠦᠨ ᠪᠤᠶᠤ
ᠴᠢᠶᠠᠡᠭ ᠦᠨᠳᠦᠰᠦᠲᠡᠨ ᠤ ᠴᠠᠶᠢᠵᠠ
2025 ᠤᠨ ᠤ 2 ᠰᠠᠷ᠎ᠠ ᠵᠢᠨ 2 ᠵᠢᠨ ᠡᠳᠦᠷ᠂ ᠤᠤᠯ ᠳ᠋ᠠᠭᠠᠨ ᠪᠢᠳᠠ ᠦᠨᠦᠳᠦᠷ ᠳᠡᠯᠡᠬᠡᠢ ᠳ᠋ᠠᠬᠢᠨ᠎ᠠ ᠠᠯᠳᠠᠷ ᠨᠠᠷ᠎ᠡ ᠪᠡᠨ ᠳᠠᠭᠤᠷᠢᠰᠠᠭᠤᠯᠤᠭᠰᠠᠨ ᠰᠠᠨ ᠰᠢᠡᠭ ᠳ᠋ᠦ᠋ᠢ ᠵᠢᠨ ᠮᠦᠽᠸᠢ︵三星堆博物馆︶ ᠪᠡᠷ ᠲᠤᠭᠤᠷᠢᠬᠤ ᠪᠡᠷ ᠲᠦᠯᠥᠪᠯᠡᠵᠤ ᠪᠠᠶᠢᠭᠰᠠᠨ ᠪᠤᠯᠪᠠᠴᠤ ᠲᠤᠰ ᠮᠦᠽᠸᠢ ᠳ᠋ᠤ ᠤᠷᠤᠬᠤ ᠡᠬᠦᠳᠡᠨ ᠪᠯᠸᠲ ᠶ᠋ᠢ ᠲᠤᠯᠤᠭᠠᠨ ᠡᠳᠦᠷ ᠤᠨ ᠡᠮᠦᠨ᠎ᠡ ᠠᠪᠬᠤ ᠬᠡᠷᠡᠭᠲᠡᠢ ᠪᠠᠶᠢᠭᠰᠠᠨ ᠢ ᠮᠡᠳᠡᠭᠡ ᠦᠭᠡᠢ ᠪᠤᠯᠬᠤᠷ ᠤᠷᠤᠵᠤ ᠴᠢᠳᠠᠭ᠎ᠠ ᠦᠭᠡᠢ᠃ ᠠᠷᠭ᠎ᠠ ᠪᠤᠰᠤ ᠵᠠᠮ ᠵᠢᠡᠷ ᠦᠬᠡᠷᠴᠢᠯᠡᠨ ᠳᠦ ᠵᠢᠶᠠᠡᠭ ᠶᠠᠨ︵都江堰︶ ᠢ ᠵᠤᠷᠢᠯ᠎ᠠ᠃
ᠳᠦ ᠵᠢᠶᠠᠡᠭ ᠶᠠᠨ ᠨᠢ ᠰᠧᠴᠤᠸᠠᠨ ᠮᠣᠵᠢ ᠶ᠋ᠢᠨ ᠴᠧᠩᠳᠥ᠋ ᠵᠢᠨ ᠲᠠᠯ᠎ᠠ ᠭᠠᠵᠠᠷ ᠤ᠋ᠨ ᠪᠠᠷᠠᠭᠤᠨ ᠬᠡᠰᠡᠭ ᠲᠦ ᠪᠠᠶᠢᠷᠢᠯᠠᠵᠤ ᠪᠠᠶᠢᠭ᠎ᠠ ᠮᠢᠨ ᠵᠢᠶᠠᠩ ᠮᠦᠷᠡᠨ ᠤ ᠬᠠᠵᠠᠭᠤ ᠳ᠋ᠤ ᠪᠠᠶᠢᠯ᠎ᠠ᠃ ᠡᠨᠡ ᠨᠢ ᠰᠧᠴᠤᠸᠠᠨ ᠤ ᠳᠤᠮᠳᠠ ᠪᠠᠷᠠᠭᠤᠨ ᠬᠡᠰᠡᠭ ᠤᠨ ᠭᠠᠵᠠᠷ ᠣᠷᠣᠨ ᠤ 7 ᠬᠤᠲᠠ ︵ᠲᠤᠰᠬᠠᠶ ᠣᠷᠣᠨ︶ ᠢᠢᠨ 40 ᠲᠦᠮᠡ ᠭᠠᠷᠤᠶ ᠮᠥ ᠲᠠᠷᠢᠶᠠᠨ ᠭᠠᠵᠠᠷ ᠤᠨ ᠤᠰᠤᠯᠠᠯᠲᠠ᠂ ᠴᠧᠩᠳᠥ᠋ ᠬᠤᠲᠠ ᠢᠢᠨ ᠣᠯᠠᠨ ᠭᠤᠤᠯᠳᠠᠯᠭ᠎ᠠ ᠲᠠᠢ ᠠᠵᠤ ᠠᠬᠤᠶᠢᠯᠠᠯ ᠪᠠ ᠬᠤᠲᠠ ᠢᠢᠨ ᠠᠮᠢᠳᠤᠷᠠᠯ ᠤᠨ ᠤᠰᠤ ᠬᠠᠩᠭᠠᠬᠤ ᠵᠢᠴᠢ ᠦᠶᠡᠷ ᠢ ᠰᠡᠷᠭᠡᠶᠢᠯᠡᠬᠦ᠂ ᠴᠠᠬᠢᠯᠭᠠᠨ ᠭᠠᠷᠭᠠᠬᠤ᠂ ᠤᠰᠤ ᠳᠠᠮᠵᠢᠭᠤᠯᠬᠤ᠂ ᠤᠰᠤᠨ ᠭᠠᠷᠤᠯᠲᠠ᠂ ᠲᠡᠵᠢᠭᠡᠨ ᠦᠷᠡᠵᠢᠭᠦᠯᠬᠦ᠂ ᠣᠶ ᠰᠢᠭᠤᠢ ᠵᠢᠨ ᠵᠤᠭᠠᠴᠠᠯ᠂ ᠣᠷᠴᠢᠨ ᠲᠣᠭᠤᠷᠢᠨ ᠤ ᠬᠠᠮᠠᠭᠠᠯᠠᠯᠲᠠ ᠵᠡᠷᠭᠡ ᠣᠯᠠᠨ ᠵᠦᠢᠯ ᠤᠨ ᠶᠡᠷᠦᠩᠬᠡᠶᠢᠯᠡᠭ᠍ᠰᠡᠨ ᠦᠢᠯᠡᠴᠢᠯᠡᠭᠡ ᠢᠢ ᠡᠭᠦᠷᠭᠡᠯᠡᠵᠦ ᠪᠠᠶᠢᠭ᠎ᠠ ᠰᠧᠴᠤᠸᠠᠨ ᠮᠤᠵᠢ ᠢᠢᠨ ᠤᠯᠤᠰ ᠠᠷᠠᠳ ᠤᠨ ᠠᠵᠤ ᠠᠬᠤᠶ ᠢᠢᠨ ᠬᠥᠭ᠍ᠵᠢᠯᠲᠡ ᠳᠤ ᠣᠷᠣᠯᠠᠭᠤᠯᠵᠤ ᠪᠣᠯᠤᠰᠢ ᠥᠬᠡᠶ ᠤᠰᠤᠨ ᠠᠰᠢᠭᠯᠠᠯᠲᠠ ᠢᠢᠨ ᠰᠠᠭᠤᠷᠢ ᠲᠥᠬᠦᠭᠡᠷᠦᠮᠵᠢ ᠪᠣᠯᠤᠨ᠎ᠠ᠃ ᠳᠦ ᠵᠢᠶᠠᠡᠭ ᠶᠠᠨ ᠳ᠋ᠤ ᠲᠤᠭᠤᠷᠢᠬᠤ ᠳ᠋ᠤ ᠤᠭᠲᠤ ᠰᠠᠨᠠᠭᠠᠨ ᠳ᠋ᠤ ᠦᠭᠡᠢ ᠪᠡᠷ ᠨᠢᠬᠡ ᠬᠦᠮᠦᠨ ᠤ ᠱᠤᠭᠤᠮᠠᠯ ᠢ ᠦᠵᠡᠬᠡᠳ ᠭᠠᠶᠢᠬᠠᠰᠢᠷᠠᠵᠤ ᠠᠪᠤᠯ᠎ᠠ᠃ ᠡᠨᠡ ᠨᠢ ᠳᠠᠷᠤᠢ ᠵᠢ ᠳ᠋ᠠᠡᠭ ᠫᠦ︵吉当普︶᠃ ᠡᠨᠡ ᠬᠦᠮᠦᠨ ᠤ ᠲᠤᠬᠠᠢ ᠮᠤᠨᠭᠭᠤᠯ ᠵᠢᠡᠷ ᠪᠢᠴᠢᠭᠳᠡᠭᠰᠡᠨ ᠲᠡᠤᠬᠡᠨ ᠲᠡᠮᠲᠡᠭᠯᠡᠯ ᠡᠴᠡ ᠤᠳᠤᠬᠠᠨ ᠳ᠋ᠠᠭᠠᠨ ᠪᠢ ᠤᠯᠵᠤ ᠬᠠᠷᠠᠭ᠎ᠠ ᠦᠭᠡᠢ᠃ ᠳᠦ ᠵᠢᠶᠠᠡᠭ ᠶᠠᠨ ᠤ ᠡᠬᠦᠳᠡ ᠪᠡᠷ ᠤᠷᠤᠭᠠᠳ ᠲᠤᠳᠤᠭᠰᠢᠯᠠᠬᠤ ᠶᠠᠪᠤᠴᠠ ᠳ᠋ᠤ ᠲᠡᠤᠬᠡᠨ ᠲᠡᠭᠡᠷ᠎ᠡ ᠳᠦ ᠵᠢᠶᠠᠡᠭ ᠶᠠᠨ ᠢ ᠵᠠᠰᠠᠬᠤ ᠳ᠋ᠤ ᠶᠡᠭᠡᠭᠡᠨ ᠬᠤᠪᠢ ᠨᠡᠮᠡᠷᠢ ᠤᠷᠤᠭᠤᠯᠤᠭᠰᠠᠨ ᠠᠷᠪᠠᠨ ᠬᠤᠶᠠᠷ ᠬᠦᠮᠦᠨ ᠤ ᠱᠤᠭᠤᠮᠠᠯ ᠤᠨ ᠲᠤᠳᠤᠷᠠᠬᠢ ᠨᠢᠬᠡ ᠨᠢ ᠲᠠᠷᠤᠢ ᠵᠢ ᠳ᠋ᠠᠡᠭ ᠫᠦ ᠪᠠᠶᠢᠪᠠ᠃ ᠮᠤᠨᠭᠭᠤᠯ ᠵᠠᠰᠠᠯ ᠲᠠᠢ ᠡᠨᠡᠬᠦ ᠱᠤᠭᠤᠮᠠᠯ ᠢ ᠬᠠᠷᠠᠮᠠᠭᠴᠠ ᠪᠢᠳᠠ ᠡᠨᠳᠡ ᠪᠠᠰᠠ ᠶᠠᠭᠠᠬᠢᠬᠤ ᠪᠡᠷ ᠮᠤᠨᠭᠭᠤᠯ ᠬᠦᠮᠦᠨ ᠤ ᠱᠤᠭᠤᠮᠠᠯ ᠪᠠᠶᠢᠬᠤ ᠪᠤᠢ ᠬᠡᠮᠡᠨ ᠪᠠᠬᠠᠷᠬᠠᠬᠤ ᠰᠡᠳᠬᠢᠯ ᠲᠦᠷᠦᠵᠤ᠂ ᠱᠤᠭᠤᠮᠠᠯ ᠲᠡᠭᠡᠷᠡᠬᠢ ᠲᠠᠶᠢᠯᠪᠤᠷᠢ ᠶ᠋ᠢ ᠨᠢ ᠦᠵᠡᠪᠡᠯ ᠤᠰᠤ ᠶ᠋ᠢ ᠵᠠᠰᠠᠵᠤ᠂ ᠦᠶᠡᠷ ᠢ ᠰᠡᠷᠬᠡᠶᠢᠯᠡᠬᠦ ᠳ᠋ᠤ ᠡᠨᠡ ᠬᠦᠮᠦᠨ ᠮᠠᠰᠢ ᠶᠡᠭᠡ ᠭᠠᠪᠢᠶ᠎ᠠ ᠦᠵᠡᠬᠦᠯᠥᠭᠰᠡᠨ ᠪᠠᠶᠢᠵᠠᠢ᠃ ᠵᠢ ᠳ᠋ᠠᠡᠭ ᠫᠦ ᠬᠡᠬᠦ ᠡᠨᠡ ᠬᠦᠮᠦᠨ 1334 ᠤᠨ ᠳ᠋ᠤ ᠰᠸᠴᠤᠸᠠᠨ ᠮᠤᠵᠢ ᠵᠢᠨ ᠵᠠᠬᠢᠷᠤᠭᠴᠢ ᠪᠡᠷ ᠲᠤᠮᠢᠯᠠᠭᠳᠠᠪᠠ᠂ ᠲᠡᠷᠡ ᠡᠨᠳᠡ ᠢᠷᠡᠭᠰᠡᠨ ᠤ ᠲᠠᠷᠠᠭ᠎ᠠ ᠠᠷᠠᠳ ᠢᠷᠡᠭᠡᠳ ᠤᠨ ᠲᠤᠮᠳᠠ ᠬᠦᠨᠵᠡᠬᠡᠶᠢᠷᠡᠨ᠂ ᠲᠡᠳᠡᠨ ᠤ ᠠᠮᠢᠳᠤᠷᠠᠯ ᠦᠢᠯᠡᠳᠪᠦᠷᠢᠯᠡᠯ ᠤᠨ ᠪᠠᠶᠢᠳᠠᠯ ᠢ ᠨᠠᠷᠢᠨ ᠤᠶᠢᠯᠠᠭᠠᠬᠤ ᠵᠢᠨ ᠬᠠᠮᠲᠤ ᠬᠦᠴᠢᠷ ᠵᠤᠪᠠᠭᠤᠷᠢ ᠶ᠋ᠢ ᠨᠢ ᠠᠷᠢᠯᠭᠠᠵᠤ ᠦᠭᠭᠦ ᠪᠡᠷ ᠬᠦᠴᠦᠨ ᠵᠢᠳᠬᠦᠪᠡ᠃ ᠢᠨᠭᠭᠢᠬᠦ ᠳ᠋ᠤ ᠳᠦ ᠵᠢᠶᠠᠡᠭ ᠶᠠᠨ ᠤ ᠦᠶᠡᠷ ᠤᠨ ᠰᠡᠷᠬᠡᠶᠢᠯᠡᠯᠲᠡ ᠵᠢᠨ ᠠᠵᠢᠯ ᠨᠢ ᠬᠠᠮᠤᠭ ᠤᠨ ᠬᠦᠨᠳᠦ ᠬᠡᠴᠡᠬᠦᠦ ᠪᠠᠶᠢᠪᠠ᠃ ᠤᠴᠢᠷ ᠨᠢ ᠮᠢᠨ ᠵᠢᠶᠠᠡᠭ ᠮᠦᠷᠡᠨ︵岷江︶ᠡᠨᠳᠡᠬᠢ ᠵᠢᠨ ᠠᠯᠢ ᠤᠯᠠᠨ ᠮᠦᠨᠭᠬᠡ ᠰᠠᠷᠢᠳᠠᠭ ᠪᠦᠬᠦᠢ ᠠᠭᠤᠯᠠᠨ ᠡᠴᠡ ᠡᠬᠢ ᠠᠪᠴᠤ᠂ ᠠᠯᠢ ᠤᠯᠠᠨ ᠭᠤᠤᠯ ᠭᠤᠷᠤᠬ᠎ᠠ ᠨᠢ ᠲᠡᠭᠦᠨ ᠳ᠋ᠤ ᠴᠢᠳᠬᠤᠯᠠᠨ ᠤᠷᠤᠰᠬᠠᠯ ᠲᠡᠯᠡᠨ ᠪᠠᠶᠢᠵᠤ᠂ ᠴᠸᠨᠭᠳᠦ᠋ ᠵᠢᠨ ᠲᠠᠯ᠎ᠠ ᠭᠠᠵᠠᠷ ᠵᠢᠡᠷ ᠦᠨᠭᠬᠡᠷᠡᠨ ᠬᠦᠭᠡ ᠮᠦᠷᠡᠨ ᠳ᠋ᠤ ᠴᠢᠳᠬᠤᠳᠠᠭ᠃ ᠲᠡᠶᠢᠮᠤ ᠤᠴᠢᠷ ᠡᠴᠡ ᠡᠨᠡ ᠶᠡᠭᠡ ᠮᠦᠷᠡᠨ ᠤ ᠤᠷᠤᠰᠬᠠᠯ ᠵᠠᠷᠢᠮ ᠳ᠋ᠠᠭᠠᠨ ᠮᠠᠰᠢ ᠰᠢᠷᠦᠬᠦᠨ ᠪᠤᠯᠵᠤ᠂ ᠡᠷᠬᠢ ᠬᠠᠶᠠᠭ᠎ᠠ ᠪᠡᠨ ᠳᠡᠯᠡᠨ ᠦᠶᠠᠷ ᠤᠰᠤᠳᠠᠯ ᠤᠨ ᠭᠠᠮᠰᠢᠭ ᠡᠬᠦᠰᠬᠡᠳᠡᠭ ᠡᠴᠡ ᠲᠤᠬᠠᠢ ᠵᠢᠨ ᠭᠠᠵᠠᠷ ᠤᠨ ᠠᠷᠠᠳ ᠢᠷᠡᠭᠡᠳ ᠤᠨ ᠲᠠᠷᠢᠶᠠᠯᠠᠡᠭ ᠪᠠ ᠬᠡᠷ ᠬᠦᠷᠢᠶ᠎ᠡ᠂ ᠨᠡᠡᠭ ᠴᠢᠨᠠᠭᠰᠢᠯᠠᠨ ᠠᠮᠢ ᠨᠠᠰᠤᠨ ᠳ᠋ᠤ ᠨᠢ ᠠᠶᠤᠯ ᠪᠤᠯᠵᠠᠢ᠃ ᠡᠶᠢᠨᠬᠦ ᠴᠢᠨ ᠤᠯᠤᠰ ᠤᠨ ᠦᠶ᠎ᠡ ᠡᠴᠡ ᠡᠬᠢᠯᠡᠨ ᠮᠢᠨ ᠵᠢᠶᠠᠡᠭ ᠮᠦᠷᠡᠨ ᠤ ᠠᠭᠤᠯᠠᠨ ᠡᠴᠡ ᠭᠠᠷᠬᠤ ᠬᠡᠰᠡᠭ ᠲᠤ ᠳᠦ ᠵᠢᠶᠠᠡᠭ ᠶᠠᠨ ᠢ ᠪᠠᠶᠢᠭᠤᠯᠤᠨ᠂ ᠨᠢᠬᠡᠨ ᠲᠤᠮᠤ ᠮᠦᠷᠡᠨ ᠢ ᠬᠤᠶᠠᠷ ᠤᠷᠤᠰᠬᠠᠯ ᠪᠤᠯᠭᠠᠨ ᠰᠠᠯᠪᠤᠷᠢᠯᠠᠭᠤᠯᠵᠤ᠂ ᠤᠷᠤᠰᠬᠠᠯ ᠤᠨ ᠰᠢᠷᠦᠬᠦᠴᠡ ᠶ᠋ᠢ ᠪᠠᠭᠠᠰᠬᠠᠪᠠ᠃ ᠬᠡᠪᠡᠴᠤ ᠳᠦ ᠵᠢᠶᠠᠡᠭ ᠶᠠᠨ ᠳ᠋ᠤ ᠪᠠᠶᠢᠭᠤᠯᠤᠭᠰᠠᠨ ᠤᠷᠤᠰᠬᠠᠯ ᠰᠠᠯᠭᠠᠭᠰᠠᠨ ᠠᠮᠠ︵鱼嘴︶ ᠶ᠋ᠢ ᠬᠠᠶᠢᠷ ᠴᠢᠯᠠᠭᠤ ᠪᠤᠶᠤ ᠰᠢᠪᠠᠷ ᠵᠢᠡᠷ ᠬᠢᠳᠡᠭ ᠡᠴᠡ ᠬᠡᠳᠦᠨ ᠵᠠᠭᠤ ᠮᠢᠨᠭᠭᠠᠨ ᠵᠢᠯ ᠤᠨ ᠲᠤᠷᠰᠢ ᠵᠢᠯ ᠪᠤᠯᠭᠠᠨ ᠵᠠᠰᠠᠬᠤ ᠡᠴᠡ ᠰᠠᠯᠬᠤ ᠦᠭᠡᠢ᠂ ᠡᠨᠡᠬᠦ ᠵᠠᠰᠠᠯᠲᠠ ᠳ᠋ᠤ ᠶᠡᠭᠡ ᠬᠡᠮᠵᠢᠶᠡᠨ ᠤ ᠬᠦᠮᠦᠨ ᠤ ᠬᠦᠴᠦ ᠵᠠᠷᠤᠴᠠᠭᠤᠯᠬᠤ ᠪᠡᠷ ᠪᠠᠷᠠᠬᠤ ᠦᠭᠡᠢ ᠵᠤᠭᠤᠰ ᠮᠦᠨᠭᠭᠦ ᠵᠠᠷᠤᠴᠠᠭᠤᠯᠳᠠᠭ ᠪᠠᠶᠢᠨ᠎ᠠ᠃ ᠶᠤᠸᠠᠨ ᠤᠯᠤᠰ ᠤᠨ ᠦᠶ᠎ᠡ ᠪᠤᠯᠬᠤ ᠳ᠋ᠤ ᠡᠨᠡᠬᠦ ᠬᠠᠰᠢᠯᠭ᠎ᠠ ᠨᠢ ᠡᠪᠳᠡᠷᠡᠵᠤ ᠬᠠᠭᠤᠴᠢᠷᠠᠭᠠᠳ ᠠᠷᠠᠳ ᠲᠤ ᠠᠰᠢᠭ ᠪᠤᠰᠤ ᠬᠤᠤᠷ ᠪᠤᠯᠵᠠᠢ᠂ ᠨᠡᠡᠭ ᠴᠤ ᠤᠷᠤᠰᠬᠠᠯ ᠳᠠᠭᠠᠤ ᠦᠶᠠᠷ ᠤᠨ ᠬᠠᠰᠢᠯᠭ᠎ᠠ ᠨᠢ 132 ᠬᠡᠰᠡᠭ ᠲᠤ ᠬᠦᠷᠴᠤ᠂ ᠡᠬᠦᠨ ᠢ ᠵᠠᠰᠠᠬᠤ ᠳ᠋ᠤ ᠤᠯᠠᠨ ᠳ᠋ᠠᠭᠠᠨ ᠲᠦᠮᠡᠨ ᠴᠡᠷᠢᠭ᠂ ᠴᠦᠬᠡᠨ ᠳ᠋ᠡᠬᠡᠨ ᠬᠡᠳᠦᠨ ᠮᠢᠨᠭᠭᠠᠨ ᠴᠡᠷᠢᠭ ᠬᠡᠷᠡᠭᠰᠡᠬᠦ ᠪᠤᠯᠤᠭᠰᠠᠨ ᠪᠠᠶᠢᠨ᠎ᠠ᠃ ᠵᠢ ᠳ᠋ᠠᠡᠭ ᠫᠦ ᠡᠨᠡ ᠪᠦᠬᠦᠳᠡ ᠶ᠋ᠢ ᠤᠶᠢᠯᠠᠭᠠᠭᠰᠠᠨ ᠰᠠᠭᠤᠷᠢᠨ ᠲᠡᠭᠡᠷ᠎ᠡ 1335 ᠤᠨ ᠳ᠋ᠤ 700 ᠲᠠᠮᠤᠷ ᠤᠨ ᠲᠠᠷᠬᠠᠨ᠂ 250 ᠮᠤᠳᠤᠴᠢᠨ᠂ 3900 ᠠᠵᠢᠯᠲᠠᠨ ᠢ ᠬᠡᠷᠡᠭᠯᠡᠨ ᠬᠦᠨᠳᠦ ᠨᠢ 16000 ᠵᠢᠡᠭ ᠪᠦᠬᠦᠢ ᠮᠠᠰᠢ ᠲᠤᠮᠤ ᠲᠠᠮᠤᠷ ᠶᠠᠰᠤᠲᠤ ᠮᠡᠯᠡᠬᠡᠢ ᠶ᠋ᠢ ᠤᠷᠤᠰᠬᠠᠯ ᠰᠠᠯᠭᠠᠭᠰᠠᠨ ᠠᠮᠠ ᠪᠤᠯᠭᠠᠨ ᠬᠢᠵᠤ ᠭᠠᠷᠭᠠᠪᠠ᠃ ᠡᠨᠡ ᠨᠢ ᠳᠦ ᠵᠢᠶᠠᠡᠭ ᠶᠠᠨ ᠤ ᠲᠡᠤᠬᠡᠨ ᠳ᠋ᠤ ᠦᠭᠡᠢ ᠶᠡᠭᠡ ᠤᠰᠤᠨ ᠢᠨᠵᠸᠨ᠋ᠸᠷᠢᠡᠭ ᠪᠤᠯᠵᠤ᠂ ᠲᠡᠭᠦᠨ ᠡᠴᠡ ᠬᠤᠶᠢᠰᠢᠳᠠ ᠲᠦᠴᠢ ᠭᠠᠷᠤᠢ ᠵᠢᠯ ᠲᠠᠬᠢᠵᠤ ᠵᠠᠰᠠᠯᠲᠠ ᠬᠢᠭᠰᠡᠨ ᠦᠭᠡᠢ ᠠᠵᠢ᠃ ᠮᠤᠨᠭᠭᠤᠯ ᠬᠦᠮᠦᠨ ᠤ ᠤᠬᠠᠭᠠᠨ ᠵᠢᠡᠷ ᠪᠦᠲᠦᠬᠡᠭᠳᠡᠭᠰᠡᠨ ᠵᠦᠢᠯ ᠢᠨᠭᠭᠢᠵᠤ ᠲᠡᠤᠬᠡ ᠪᠤᠯᠤᠨ ᠦᠯᠡᠳᠡᠵᠡᠢ᠃ ᠬᠠᠷᠠᠮᠰᠠᠯᠲᠠᠢ ᠨᠢ ᠬᠠᠷᠢᠨ ᠡᠨᠡ ᠬᠦᠮᠦᠨ ᠤ ᠲᠤᠬᠠᠢ ᠮᠤᠨᠭᠭᠤᠯ ᠵᠢᠡᠷ ᠪᠢᠴᠢᠭᠳᠡᠭᠰᠡᠨ ᠲᠡᠤᠬᠡᠨ ᠲᠡᠮᠲᠡᠭᠯᠡᠯ ᠬᠠᠮᠢᠭ᠎ᠠ ᠪᠠᠶᠢᠬᠤ ᠶ᠋ᠢ ᠮᠡᠳᠡᠬᠦ ᠦᠭᠡᠢ᠂ ᠠᠭᠠᠵᠢᠮ ᠵᠢᠡᠷ ᠬᠠᠶᠢᠬᠤ ᠬᠡᠷᠡᠭᠲᠡᠢ ᠪᠠᠶᠢᠨ᠎ᠠ᠃
ᠪᠢᠳᠠ ᠢᠨᠭᠭᠢᠵᠤ ᠯᠠ ᠳᠦ ᠵᠢᠶᠠᠡᠭ ᠶᠠᠨ ᠤ ᠨᠤᠭᠤᠭᠠᠨ ᠤᠰᠤ ᠶ᠋ᠢ ᠰᠤᠨᠢᠷᠬᠠᠵᠤ ᠠᠭᠤᠯᠠ ᠬᠠᠶᠢᠷᠬᠠᠨ ᠢ ᠪᠠᠷᠠᠯᠠᠭᠰᠠᠭᠠᠷ ᠲᠡᠨᠳᠡ ᠡᠴᠡ ᠭᠠᠷᠤᠯ᠎ᠠ᠃ ᠲᠠᠷᠠᠭᠠᠴᠢ ᠵᠢᠨ ᠦᠷᠲᠡᠭᠡ ᠨᠢ ᠭᠠᠨᠰᠤ ᠮᠤᠵᠢ ᠵᠢᠨ ᠯᠠᠪᠷᠤᠡᠭ ᠬᠡᠶᠢᠳ ᠪᠤᠯᠬᠤᠷ ᠵᠠᠮ ᠵᠢᠡᠨ ᠦᠬᠡᠷᠴᠢᠯᠡᠨ ᠪᠠᠷᠠᠭᠤᠨ ᠪᠡᠶ᠎ᠡ ᠪᠡᠷ ᠠᠶᠠᠯᠠᠬᠤ ᠪᠡᠷ ᠪᠤᠯᠤᠯ᠎ᠠ᠃ ᠤᠴᠢᠷ ᠨᠢ ᠵᠡᠬᠦᠨ ᠪᠡᠶ᠎ᠡ ᠪᠡᠷ ᠤᠮᠠᠷᠠᠰᠢᠯᠠᠪᠠᠯ ᠪᠦᠬᠦ ᠶᠠᠪᠤᠴᠠ ᠴᠦᠮ ᠤᠤᠯ ᠤᠨ ᠶᠠᠪᠤᠭᠰᠠᠨ ᠱᠤᠭᠤᠮ ᠪᠤᠯᠬᠤᠷ ᠵᠠᠮ ᠵᠠᠭᠤᠷ᠎ᠠ ᠪᠠᠶᠢᠭ᠎ᠠ ᠦᠭᠡᠷ᠎ᠡ ᠪᠤᠰᠤᠳ ᠰᠠᠶᠢᠬᠠᠨ ᠦᠵᠡᠮᠵᠢ ᠶ᠋ᠢ ᠰᠤᠨᠢᠷᠬᠠᠵᠤ ᠴᠢᠳᠠᠬᠤ ᠦᠭᠡᠢ ᠨᠢ ᠮᠡᠳᠡᠬᠡᠵᠢ᠃ ᠶᠠᠭ ᠡᠨᠡᠬᠦ ᠬᠡᠨᠡᠳᠲᠡ ᠵᠢᠨ ᠰᠶᠢᠳᠦᠯ ᠨᠢ ᠪᠢᠳᠠᠨ ᠳ᠋ᠤ ᠬᠡᠮᠵᠢᠶᠡᠯᠡᠰᠢ ᠦᠭᠡᠢ ᠶᠡᠭᠡ ᠤᠯᠤᠯᠲᠠ ᠦᠭᠭᠦᠭᠰᠡᠨ ᠶᠤᠮ᠃ ᠳᠦ ᠵᠢᠶᠠᠡᠭ ᠶᠠᠨ ᠡᠴᠡ ᠭᠠᠷᠬᠤ ᠳ᠋ᠤ ᠦᠳᠡ ᠲᠦᠨᠭᠬᠡᠵᠤ ᠦᠨᠭᠬᠡᠷᠡᠭᠡᠳ ᠪᠠᠶᠢᠯ᠎ᠠ᠂ ᠪᠢᠳᠠ ᠤᠶᠢᠷᠬᠠᠨ ᠪᠠᠶᠢᠭ᠎ᠠ ᠬᠤᠭᠤᠯᠠᠨ ᠤ ᠭᠠᠵᠠᠷ ᠵᠢᠭᠠᠰᠤᠨ ᠬᠠᠯᠠᠭᠤᠨ ᠲᠤᠭᠤᠭ᠎ᠠ ᠢᠳᠡᠭᠡᠳ ᠵᠠᠮ ᠳ᠋ᠤ ᠭᠠᠷᠬᠤ ᠳ᠋ᠤ ᠬᠤᠶᠠᠷ ᠬᠠᠵᠠᠭᠤ ᠪᠡᠷ ᠨᠢ ᠴᠦᠮ ᠦᠨᠳᠦᠷ ᠰᠦᠷᠯᠢᠭ ᠠᠭᠤᠯᠠ ᠬᠠᠶᠢᠷᠬᠠᠨ ᠪᠠᠶᠢᠵᠤ᠂ ᠵᠠᠷᠢᠮ ᠠᠭᠤᠯᠠᠨ ᠤᠷᠤᠢ ᠳ᠋ᠤ ᠴᠠᠰᠤ ᠬᠤᠷᠠᠭᠠᠳ ᠦᠵᠡᠮᠵᠢ ᠨᠡᠬᠡᠷᠡᠨ ᠭᠤᠶᠤ᠃ ᠬᠡᠰᠡᠭ ᠶᠠᠪᠤᠲᠠᠯ᠎ᠠ 2008 ᠤᠨ ᠤ 5 ᠰᠠᠷ᠎ᠠ ᠵᠢᠨ 12 ᠲᠤ ᠸᠸᠨᠴᠤᠸᠠᠨ ᠳ᠋ᠤ ᠮᠠᠰᠢ ᠶᠡᠭᠡ ᠭᠠᠵᠠᠷ ᠬᠦᠲᠡᠯᠥᠯᠲᠡ ᠡᠬᠦᠰᠴᠤ ᠬᠡᠮᠵᠢᠶᠡᠯᠡᠰᠢ ᠦᠭᠡᠢ ᠶᠡᠭᠡ ᠭᠠᠢ ᠭᠠᠮᠰᠢᠭ ᠠᠪᠴᠢᠷᠠᠭᠰᠠᠨ ᠶᠠᠭ ᠲᠡᠷᠡᠬᠦ ᠤᠷᠤᠨ ᠵᠢᠡᠷ ᠦᠨᠭᠬᠡᠷᠡᠯᠡ᠃ ᠲᠤᠳᠤᠷ᠎ᠠ ᠨᠢ ᠤᠷᠤᠬᠤ ᠰᠠᠨᠠᠭᠠᠲᠠᠢ ᠪᠠᠶᠢᠭᠰᠠᠨ ᠴᠤ ᠨᠢᠬᠡᠨᠲᠡ ᠦᠨᠭᠬᠡᠷᠡᠭᠡᠳ ᠭᠠᠷᠤᠭᠰᠠᠨ ᠪᠤᠯᠬᠤᠷ ᠵᠠᠮ ᠬᠤᠷᠤᠭᠠᠬᠤ ᠪᠡᠨ ᠪᠤᠳᠤᠵᠤ ᠦᠷᠬᠦᠯᠵᠢᠯᠡᠨ ᠵᠠᠮᠨᠠᠯ᠎ᠠ᠃
ᠢᠨᠭᠭᠢᠵᠤ ᠶᠠᠪᠤᠭᠠᠳ ᠤᠷᠤᠢ ᠵᠢᠨ ᠲᠠᠪᠤ ᠵᠢᠷᠭᠤᠭᠠᠨ ᠴᠠᠭ ᠪᠤᠯᠬᠤ ᠳ᠋ᠤ ᠨᠡᠯᠢᠶᠡᠳ ᠶᠠᠳᠠᠷᠠᠭᠰᠠᠨ ᠪᠤᠯᠬᠤᠷ ᠲᠤᠤ ᠫᠢᠡᠭ︵桃坪︶ ᠬᠡᠬᠦ ᠵᠢᠵᠢᠭᠬᠡᠨ ᠲᠤᠰᠬᠤᠨ ᠳ᠋ᠤ ᠪᠠᠭᠤᠯ᠎ᠠ᠃ ᠵᠠ᠂ ᠡᠨᠡ ᠪᠤᠯ ᠦᠨᠦᠳᠦᠷ ᠤᠨ ᠪᠢᠳᠠᠨ ᠤ ᠶᠡᠭᠡ ᠤᠯᠵᠠ᠃ ᠵᠠᠮ ᠡᠴᠡ ᠪᠠᠭᠤᠭᠠᠳ 100 ᠮᠸᠲᠷ ᠶᠠᠪᠤᠬᠤ ᠳ᠋ᠤ ᠨᠢᠬᠡᠨ ᠴᠢᠯᠠᠭᠤᠨ ᠴᠠᠶᠢᠵᠠ ᠵᠢᠨ ᠡᠬᠦᠳᠡᠨ ᠳ᠋ᠤ ᠪᠦᠲᠦᠨ ᠲᠠᠯ᠎ᠠ ᠢᠮᠠᠭᠠᠨ ᠲᠤᠯᠤᠭᠠᠢ ᠵᠢᠨ ᠶᠠᠰᠤ ᠡᠯᠬᠦᠵᠤ ᠮᠠᠰᠢ ᠶᠡᠭᠡ ᠦᠵᠡᠮᠦᠷᠢ ᠲᠠᠢ᠃ ᠵᠠᠮ ᠤᠨ ᠬᠠᠵᠠᠭᠤ ᠵᠢᠨ ᠬᠡᠷ ᠬᠤᠷᠤᠭᠠᠯᠠᠯ ᠤᠨ ᠤᠯᠠᠨᠭᠭᠢ ᠨᠢ ᠠᠭᠤᠯᠠ ᠵᠢᠨ ᠴᠢᠯᠠᠭᠤ ᠪᠡᠷ ᠵᠡᠷᠭᠡᠯᠡᠭᠳᠡᠨ ᠪᠠᠷᠢᠭᠳᠠᠵᠠᠢ᠂ ᠤᠤᠯ ᠨᠢ ᠡᠨᠳᠡᠬᠢ ᠨᠢ ᠲᠠᠷᠤᠢ ᠴᠢᠶᠠᠡᠭ ᠦᠨᠳᠦᠰᠦᠲᠡᠨ ᠬᠠᠮᠤᠭ ᠶᠡᠭᠡ ᠪᠡᠷ ᠲᠦᠪᠯᠡᠷᠡᠨ ᠰᠠᠭᠤᠷᠢᠰᠢᠭᠰᠠᠨ ᠲᠤᠰᠬᠤᠨ ᠪᠠᠶᠢᠯ᠎ᠠ᠃ ᠪᠢᠳᠠᠨ ᠤ ᠲᠡᠷᠭᠡ ᠤᠷᠤᠭᠰᠢᠯᠠᠬᠤ ᠵᠠᠮ ᠳ᠋ᠤ ᠴᠢᠶᠠᠡᠭ ᠦᠨᠳᠦᠰᠦᠲᠡᠨ ᠤ ᠬᠤᠪᠴᠠᠰᠤ ᠵᠠᠰᠠᠯ ᠲᠠᠢ ᠡᠮᠡᠭᠲᠡᠶᠢᠴᠤᠳ ᠪᠢᠳᠠᠨ ᠢ ᠳᠠᠯᠠᠯᠤᠵᠤ ᠬᠤᠭᠤᠯᠠᠨ ᠬᠡᠷ ᠪᠤᠶᠤ ᠪᠠᠭᠤᠳᠠᠯ ᠳ᠋ᠠᠭᠠᠨ ᠰᠠᠭᠤᠯᠭᠠᠬᠤ ᠪᠡᠷ ᠤᠷᠢᠨ᠎ᠠ᠂ ᠮᠡᠳᠡᠬᠡᠵᠢ ᠵᠢᠭᠤᠯᠴᠢᠯᠠᠯ ᠤᠨ ᠤᠷᠤᠨ ᠪᠦᠬᠦᠳᠡ ᠡᠶᠢᠮᠤ ᠪᠠᠶᠢᠳᠠᠭ ᠪᠠᠶᠢᠬ᠎ᠠ᠂ ᠨᠢᠬᠡ ᠰᠤᠨᠢᠷᠬᠠᠯᠲᠠᠢ ᠨᠢ ᠡᠨᠳᠡ ᠬᠢᠲᠠᠳ ᠦᠨᠳᠦᠰᠦᠲᠡᠨ ᠶᠡᠭᠡ ᠴᠦᠬᠡᠨ ᠬᠠᠷᠠᠭᠳᠠᠵᠤ ᠴᠢᠶᠠᠡᠭ ᠦᠨᠳᠦᠰᠦᠲᠡᠨ ᠬᠡᠳᠡᠭ ᠨᠢ ᠰᠢᠭᠤᠳ ᠯᠠ ᠬᠤᠪᠴᠠᠰᠤ ᠵᠠᠰᠠᠯ ᠵᠢᠡᠷ ᠵᠢᠡᠨ ᠲᠠᠨᠢᠭᠳᠠᠨ᠎ᠠ᠂ ᠲᠡᠳᠡ ᠡᠡᠭ ᠤᠨ ᠴᠠᠭ ᠲᠠᠭᠠᠨ ᠬᠦᠷᠲᠡᠯ᠎ᠡ ᠦᠨᠳᠦᠰᠦᠲᠡᠨ ᠤ ᠬᠤᠪᠴᠠᠰᠤ ᠵᠠᠰᠠᠯ ᠵᠢᠡᠷ ᠵᠢᠡᠨ ᠭᠤᠶᠤᠯᠠᠳᠠᠭ ᠶᠠᠨᠭᠵᠤᠲᠠᠢ᠃ ᠮᠠᠨᠤᠰ ᠢ ᠳᠠᠯᠠᠯᠤᠭᠰᠠᠨ 50 ᠭᠠᠷᠤᠢ ᠨᠠᠰᠤᠨ ᠤ ᠠᠬᠢᠮᠠᠭ ᠡᠮᠡᠭᠲᠡᠢ ᠵᠢᠨ ᠪᠠᠭᠤᠳᠠᠯ ᠳ᠋ᠤ ᠤᠷᠤᠬᠤ ᠳ᠋ᠤ ᠠᠷᠴᠠ ᠬᠦᠵᠢ ᠵᠢᠨ ᠦᠨᠦᠷ ᠠᠨᠭᠭᠢᠯᠤᠵᠤ ᠰᠡᠳᠬᠢᠯ ᠳ᠋ᠤ ᠶᠡᠭᠡ ᠲᠠᠭᠠᠲᠠᠢ ᠪᠠᠶᠢᠯ᠎ᠠ᠃ ᠬᠤᠨᠤᠭ ᠤᠨ ᠵᠤᠭᠤᠰ ᠨᠢ 150 ᠲᠦᠬᠦᠷᠢᠭ ᠪᠦᠭᠡᠳ ᠦᠷᠦᠭᠡ ᠨᠢ ᠴᠡᠪᠡᠷ ᠲᠤᠬᠢᠯᠢᠭ ᠪᠤᠯᠬᠤᠷ ᠰᠠᠨᠠᠭᠠᠨ ᠳ᠋ᠤ ᠲᠠᠭᠠᠷᠠᠵᠤ ᠡᠨᠳᠡ ᠪᠡᠨ ᠬᠤᠨᠤᠭᠯᠠᠬᠤ ᠪᠡᠷ ᠪᠤᠯᠪᠠ᠂ ᠮᠦᠨ ᠲᠡᠭᠦᠨ ᠡᠴᠡ ᠲᠤᠰ ᠦᠨᠳᠦᠰᠦᠲᠡᠨ ᠤ ᠲᠤᠬᠠᠢ ᠤᠶᠢᠯᠠᠭᠠᠬᠤ ᠪᠡᠷ ᠵᠤᠭᠤᠭᠳᠠᠬᠤ ᠳ᠋ᠤ ᠲᠡᠷᠡ᠄︽ᠮᠢᠨᠤ ᠬᠡᠤᠬᠡᠨ ᠶᠠᠭ ᠡᠨᠳᠡ ᠲᠠᠶᠢᠯᠪᠤᠷᠢᠯᠠᠭᠴᠢ ᠪᠡᠷ ᠠᠵᠢᠯᠯᠠᠵᠤ ᠪᠠᠶᠢᠨ᠎ᠠ᠂ ᠲᠠᠨᠠᠷ ᠲᠡᠭᠦᠨ ᠢ ᠳᠠᠭᠠᠵᠤ ᠮᠠᠨ ᠤ ᠦᠨᠳᠦᠰᠦᠲᠡᠨ ᠤ ᠬᠠᠭᠤᠴᠢᠨ ᠰᠠᠭᠤᠴᠠ ᠪᠡᠷ ᠲᠤᠭᠤᠷᠢᠬᠤ ᠪᠡᠷ ᠪᠠᠷᠠᠬᠤ ᠦᠭᠡᠢ ᠶᠠᠭᠤ ᠤᠶᠢᠯᠠᠭᠠᠬᠤ ᠰᠠᠨᠠᠭᠠᠲᠠᠢ ᠪᠡᠨ ᠠᠰᠠᠭᠤᠵᠤ ᠪᠤᠯᠤᠨ᠎ᠠ︾ ᠬᠡᠯᠡ᠃ ᠠᠰᠢᠲᠠᠢ ᠳ᠋ᠠ᠃ ᠢᠨᠭᠭᠢᠭᠡᠳ ᠬᠡᠰᠡᠭ ᠬᠦᠯᠢᠶᠡᠬᠡᠳ ᠬᠡᠤᠬᠡᠨ ᠨᠢ ᠬᠦᠷᠴᠤ ᠢᠷᠡᠪᠡ᠃ ᠲᠡᠭᠦᠨ ᠢ ᠶᠠᠡᠭ ᠷᠦ ᠬᠡᠨ᠎ᠡ᠂ 1989 ᠤᠨ ᠤ ᠲᠦᠯ᠂ ᠨᠦᠬᠦᠷ ᠨᠢ ᠲᠦᠪᠡᠳ ᠦᠨᠳᠦᠰᠦᠲᠡᠨ᠂ ᠬᠡᠪᠡᠴᠤ ᠨᠦᠬᠦᠷ ᠨᠢ ᠦᠪᠡᠷ ᠢ ᠪᠡᠨ ᠪᠢ ᠪᠤᠯ ᠬᠠᠭᠤᠷᠮᠠᠭ ᠲᠦᠪᠡᠳ᠂ ᠦᠨᠳᠦᠰᠦᠲᠡᠨ ᠤ ᠦᠭᠡ ᠬᠡᠯᠡ ᠪᠡᠨ ᠬᠡᠯᠡᠵᠤ ᠴᠢᠳᠠᠬᠤ ᠦᠭᠡᠢ ᠬᠡᠵᠤ ᠪᠠᠶᠢᠯ᠎ᠠ᠃ ᠬᠦᠤ ᠨᠢ ᠡᠨᠡ ᠵᠢᠯ ᠠᠷᠪᠠᠨ ᠨᠠᠰᠤᠲᠠᠢ᠂ ᠲᠤᠰ ᠭᠠᠵᠠᠷ ᠤᠨ ᠪᠠᠭ᠎ᠠ ᠰᠤᠷᠭᠠᠭᠤᠯᠢ ᠳ᠋ᠤ ᠰᠤᠷᠤᠯᠴᠠᠵᠤ ᠪᠠᠶᠢᠨ᠎ᠠ᠃ ᠶᠠᠡᠭ ᠷᠦ ᠪᠢᠳᠠᠨ ᠢ ᠳᠠᠭᠠᠭᠤᠯᠵᠤ ᠡᠨᠡᠬᠦ ᠴᠢᠶᠠᠡᠭ ᠦᠨᠳᠦᠰᠦᠲᠡᠨ ᠤ ᠬᠠᠭᠤᠴᠢᠨ ᠰᠠᠭᠤᠴᠠ ᠪᠡᠷ ᠲᠤᠭᠤᠷᠢᠭᠤᠯᠤᠯ᠎ᠠ᠂ ᠮᠦᠨ ᠵᠤᠭᠤᠭᠳᠠᠬᠤ ᠵᠠᠭᠤᠷ᠎ᠠ ᠪᠡᠨ ᠲᠡᠭᠦᠨ ᠤ ᠨᠠᠭᠠᠢ ᠡᠵᠢ ᠨᠢ ᠡᠨᠡ ᠵᠢᠯ 80 ᠬᠦᠷᠦᠭᠰᠡᠨ ᠴᠤ ᠤᠬᠠᠭᠠᠨ ᠰᠠᠨᠠᠭ᠎ᠠ ᠡᠷᠡᠬᠦᠯ ᠰᠠᠷᠠᠭᠤᠯ᠂ ᠪᠡᠶ᠎ᠡ ᠬᠠᠳᠠ ᠰᠠᠶᠢᠨ ᠪᠠᠶᠢᠭ᠎ᠠ ᠶ᠋ᠢ ᠮᠡᠳᠡᠬᠡᠳ ᠠᠭᠤᠯᠵᠠᠵᠤ ᠪᠤᠯᠬᠤ ᠡᠰᠡᠬᠦ ᠶ᠋ᠢ ᠠᠰᠠᠭᠤᠬᠤ ᠳ᠋ᠤ ᠪᠤᠯᠤᠨ᠎ᠠ ᠬᠡᠯᠡ᠂ ᠢᠨᠭᠭᠢᠭᠡᠳ ᠲᠡᠭᠦᠨ ᠤ ᠨᠠᠭᠠᠢ ᠡᠵᠢ ᠵᠢᠨ ᠬᠡᠷ ᠲᠤ ᠬᠦᠷᠬᠦ ᠳ᠋ᠤ ᠲᠡᠳᠡᠨ ᠤ ᠨᠢᠬᠡ ᠬᠡᠷ ᠵᠢᠡᠷ ᠵᠢᠡᠨ ᠶᠠᠭ ᠰᠠᠶᠢᠬᠠᠨ ᠤᠷᠤᠢ ᠵᠢᠨ ᠬᠤᠭᠤᠯᠠᠨ ᠳ᠋ᠤ ᠤᠷᠤᠵᠤ ᠪᠠᠶᠢᠯ᠎ᠠ᠂ ᠦᠬᠡ ᠶᠠᠷᠢᠶ᠎ᠠ ᠳ᠋ᠤ ᠲᠤᠷᠠᠲᠠᠢ ᠪᠢᠳᠠᠨ ᠢ ᠲᠡᠳᠡ ᠶᠡᠭᠡ ᠬᠦᠨᠳᠦᠳᠬᠡᠯ ᠲᠠᠢ ᠪᠡᠷ ᠤᠭᠲᠤᠨ ᠠᠪᠤᠭᠰᠠᠨ ᠪᠦᠭᠡᠳ ᠬᠤᠭᠤᠯᠠᠨ ᠳ᠋ᠤ ᠤᠷᠢᠪᠠ᠂ ᠬᠡᠪᠡᠴᠤ ᠪᠢᠳᠠ ᠪᠤᠳᠠᠭᠠᠨ ᠡᠴᠡ ᠲᠠᠳᠠᠭᠠᠯᠵᠠᠬᠤ ᠳ᠋ᠤ ᠲᠠᠪᠠᠭ ᠲᠦᠬᠦᠷᠡᠡᠭ ᠰᠢᠬᠢᠷ ᠭᠠᠷᠳᠠᠭᠤᠯᠪᠠ᠂ ᠡᠶᠢᠨᠬᠦ ᠰᠠᠭᠤᠭᠰᠠᠨ ᠤ ᠲᠠᠷᠠᠭ᠎ᠠ ᠨᠠᠰᠤᠲᠠᠨ ᠡᠴᠡ ᠴᠢᠶᠠᠡᠭ ᠦᠨᠳᠦᠰᠦᠲᠡᠨ ᠤ ᠦᠨᠭᠬᠡᠷᠡᠭᠰᠡᠨ ᠲᠠᠪᠢᠨ ᠵᠢᠯ ᠳ᠋ᠡᠬᠢ ᠠᠮᠢᠳᠤᠷᠠᠯ ᠤᠨ ᠵᠠᠡᠭ ᠳᠠᠳᠬᠠᠯ᠂ ᠬᠤᠪᠢᠷᠠᠯᠲᠠ ᠰᠢᠨᠡᠴᠢᠯᠡᠯᠲᠡ᠂ ᠤᠷᠤᠭ ᠬᠤᠷᠢᠮ ᠤᠨ ᠶᠤᠰᠤᠨ᠂ ᠬᠤᠪᠴᠠᠰᠤ ᠵᠠᠰᠠᠯ᠂ ᠢᠳᠡᠬᠡᠨ ᠤᠮᠳᠠᠭᠠᠨ ᠵᠡᠷᠭᠡ ᠲᠠᠯ᠎ᠠ ᠪᠡᠷ ᠬᠦᠢᠴᠡᠳ ᠶᠠᠷᠢᠭᠤᠯᠤᠭᠰᠠᠨ ᠶᠤᠮ᠂ ᠮᠡᠳᠡᠬᠡᠵᠢ ᠨᠠᠰᠤᠲᠠᠨ ᠤ ᠬᠦᠤ ᠪᠤᠯᠤᠨ ᠬᠦᠤ ᠪᠡᠷᠢ᠂ ᠶᠠᠡᠭ ᠷᠦ ᠲᠡᠳᠡ ᠬᠠᠮᠲᠤ ᠪᠡᠷ ᠡᠨᠡ ᠨᠢ ᠨᠢᠬᠡ ᠬᠡᠰᠡᠭ ᠲᠡᠷᠡ ᠨᠢ ᠨᠢᠬᠡ ᠭᠡᠰᠡᠭ ᠬᠡᠳ ᠬᠠᠮᠲᠤ ᠪᠡᠷ ᠶᠠᠷᠢᠯᠴᠠᠭᠰᠠᠨ ᠶᠤᠮ᠃ ᠲᠡᠳᠡ ᠶᠡᠭᠡ ᠦᠨᠡᠨᠴᠢ ᠴᠠᠶᠢᠯᠠᠭᠠᠨ ᠪᠦᠭᠡᠳ ᠨᠦᠬᠦᠷᠰᠡᠭ ᠲᠤᠳᠤᠨᠤ ᠨᠢ ᠮᠡᠳᠡᠭᠳᠡᠵᠤ ᠪᠠᠶᠢᠪᠠ᠃ ᠲᠠᠷᠠᠭ᠎ᠠ ᠨᠢ ᠶᠠᠡᠭ ᠷᠦ ᠪᠡᠷ ᠵᠠᠮᠴᠢᠯᠠᠭᠤᠯᠤᠨ ᠡᠨᠡ ᠭᠠᠵᠠᠷ ᠤᠷᠤᠨ ᠤ ᠲᠤᠬᠠᠢ ᠵᠢᠨ ᠦᠶ᠎ᠡ ᠵᠢᠨ ᠠᠶᠢᠮᠠᠭ ᠤᠨ ᠠᠬᠠᠯᠠᠭᠴᠢ ᠵᠢᠨ ᠬᠤᠶᠠᠷ ᠲᠠᠪᠬᠤᠷ ᠬᠠᠭᠤᠴᠢᠨ ᠰᠠᠭᠤᠴᠠ ᠳ᠋ᠤ ᠤᠷᠤᠵᠤ ᠦᠵᠡᠯ᠎ᠡ᠃ ᠤᠶᠢᠯᠠᠭᠠᠭᠰᠠᠨ ᠵᠢᠡᠷ ᠴᠢᠶᠠᠡᠭ ᠦᠨᠳᠦᠰᠦᠲᠡᠨ ᠨᠢ ᠭᠠᠨᠰᠤ ᠵᠢᠨ ᠲᠡᠨᠳᠡ ᠡᠴᠡ ᠪᠠᠷᠤᠭ ᠬᠤᠶᠠᠷ ᠮᠢᠨᠭᠭᠠᠭᠠᠳ ᠵᠢᠯ ᠤᠨ ᠲᠡᠷᠲᠡᠭᠡ ᠳ᠋ᠤ ᠨᠡᠬᠦᠳᠡᠯᠯᠡᠨ ᠭᠠᠷᠴᠤ ᠬᠡᠳᠦ ᠬᠡᠳᠦᠨ ᠬᠡᠰᠡᠭ ᠬᠤᠪᠢᠶᠠᠭᠳᠠᠭᠠᠳ ᠶᠠᠪᠤᠵᠠᠢ᠂ ᠡᠨᠳᠡ ᠬᠦᠷᠴᠤ ᠢᠷᠡᠭᠰᠡᠨ ᠨᠢᠬᠡ ᠰᠠᠯᠪᠤᠷᠢ ᠨᠢ ᠤᠳᠤ ᠵᠢᠨ ᠴᠢᠶᠠᠡᠭ ᠦᠨᠳᠦᠰᠦᠲᠡᠨ ᠬᠠᠮᠤᠭ ᠤᠯᠠᠨ ᠪᠠᠶᠢᠭ᠎ᠠ ᠭᠠᠵᠠᠷ ᠤᠷᠤᠨ ᠶᠤᠮ᠂ ᠪᠤᠰᠤᠳ ᠨᠢ ᠴᠦᠮ ᠲᠡᠤᠬᠡ ᠵᠢᠨ ᠡᠷᠬᠢᠯᠲᠡ ᠳ᠋ᠤ ᠠᠭᠤᠰᠴᠤ ᠬᠠᠶᠢᠯᠤᠭᠳᠠᠭᠰᠠᠨ ᠪᠤᠶᠤ ᠮᠦᠬᠦᠵᠤ ᠰᠦᠨᠦᠵᠡᠢ᠃ ᠤᠳᠤ ᠡᠨᠳᠡ ᠪᠠᠶᠢᠭ᠎ᠠ ᠴᠢᠶᠠᠡᠭ ᠦᠨᠳᠦᠰᠦᠲᠡᠨ ᠪᠠᠷᠤᠭ 30 ᠭᠠᠷᠤᠢ ᠲᠦᠮᠡ ᠪᠠᠶᠢᠵᠤ᠂ ᠠᠭᠤᠯᠠᠨ ᠲᠤᠳᠤᠷ᠎ᠠ ᠪᠠᠶᠢᠭ᠎ᠠ ᠨᠢ ᠦᠬᠡᠷ ᠪᠤᠶᠤ ᠢᠮᠠᠭ᠎ᠠ ᠮᠠᠯᠵᠢᠬᠤ ᠵᠢᠨ ᠵᠡᠷᠭᠡ ᠪᠡᠷ ᠤᠷᠴᠢᠮ ᠤᠨ ᠬᠤᠷᠢᠭᠠᠳ ᠵᠢᠯ ᠡᠴᠡ ᠠᠯᠢᠮᠠᠨ ᠮᠤᠳᠤ ᠲᠠᠷᠢᠵᠤ ᠠᠰᠢᠭ ᠤᠷᠤᠯᠭ᠎ᠠ ᠪᠡᠨ ᠨᠡᠮᠡᠭᠳᠡᠬᠦᠯᠵᠤ ᠪᠤᠢ᠂ ᠬᠠᠷᠢᠨ ᠵᠠᠮ ᠤᠨ ᠬᠠᠵᠠᠭᠤ ᠵᠢᠨ ᠪᠠᠯᠭᠠᠰᠤ ᠪᠤᠶᠤ ᠲᠤᠰᠬᠤᠨ ᠳ᠋ᠤ ᠪᠠᠶᠢᠭ᠎ᠠ ᠨᠢ ᠪᠠᠷᠤᠭ ᠪᠦᠬᠦᠳᠡᠭᠡᠷ ᠵᠢᠭᠤᠯᠴᠢᠯᠠᠯ ᠵᠢᠡᠷ ᠳᠠᠮᠵᠢᠨ ᠤᠷᠤᠯᠭ᠎ᠠ ᠤᠯᠵᠤ ᠪᠠᠶᠢᠨ᠎ᠠ᠃ ᠶᠡᠭᠡ ᠰᠤᠷᠭᠠᠭᠤᠯᠢ ᠪᠤᠶᠤ ᠭᠠᠳᠠᠭᠰᠢ ᠦᠬᠡᠷ᠎ᠡ ᠪᠤᠰᠤᠳ ᠮᠤᠵᠢ ᠬᠤᠳᠠ ᠳ᠋ᠤ ᠶᠠᠪᠤᠭᠰᠠᠨ ᠴᠢᠶᠠᠡᠭ ᠦᠨᠳᠦᠰᠦᠲᠡᠨ ᠮᠡᠰᠢ ᠴᠦᠬᠡᠨ ᠪᠠᠶᠢᠯ᠎ᠠ᠂ ᠲᠡᠳᠡ ᠶᠡᠭᠡ ᠰᠤᠷᠭᠠᠭᠤᠯᠢ ᠪᠡᠨ ᠲᠡᠭᠦᠰᠪᠡᠯ ᠤᠯᠠᠨᠭᠭᠢ ᠨᠢ ᠠᠭᠤᠯᠠᠨ ᠲᠤᠰᠬᠤᠨ ᠳ᠋ᠠᠭᠠᠨ ᠪᠤᠴᠠᠵᠤ ᠢᠷᠡᠳᠡᠭ ᠠᠵᠢ᠃ ᠡᠨᠡ ᠦᠨᠳᠦᠰᠦᠲᠡᠨ ᠤ ᠬᠠᠮᠤᠭ ᠬᠠᠷᠠᠮᠰᠠᠯᠲᠠᠢ ᠲᠠᠯ᠎ᠠ ᠨᠢ ᠦᠰᠦᠭ ᠪᠢᠴᠢᠭ ᠵᠢᠡᠨ ᠠᠯᠳᠠᠭᠰᠠᠨ ᠳ᠋ᠤ ᠪᠤᠢ᠂ ᠤᠳᠤ ᠬᠡᠳᠦᠢ ᠪᠡᠷ ᠦᠬᠡ ᠬᠡᠯᠡ ᠨᠢ ᠪᠠᠶᠢᠭ᠎ᠠ ᠪᠤᠯᠪᠠᠴᠤ ᠨᠠᠰᠤᠲᠠᠢ ᠠᠬᠠᠮᠠᠳ ᠨᠢ ᠶᠠᠷᠢᠬᠤ ᠡᠴᠡ ᠪᠢᠰᠢ ᠵᠠᠯᠠᠭᠤ ᠦᠶ᠎ᠡ ᠵᠢᠨ ᠬᠢᠨ ᠪᠤᠶᠤ ᠪᠠᠭᠠᠴᠤᠳ ᠨᠢ ᠴᠦᠮ ᠶᠠᠷᠢᠵᠤ ᠴᠢᠳᠠᠬᠤ ᠦᠭᠡᠢ ᠬᠡᠬᠦᠯᠡᠷ ᠦᠨᠡᠨ ᠲᠤᠳᠤᠷ᠎ᠠ ᠡᠮᠵᠡᠭᠯᠡᠬᠦᠯᠥᠨᠡ᠂ ᠳᠠᠶᠠᠭᠠᠷᠴᠢᠯᠠᠯᠲᠠ᠂ ᠳᠡᠯᠡᠬᠡᠶᠢᠴᠢᠯᠡᠯᠲᠡ ᠵᠢᠨ ᠬᠤᠷᠳᠤᠨ ᠠᠶᠢᠵᠢᠮ ᠳ᠋ᠤ ᠡᠨᠡ ᠦᠨᠳᠦᠰᠦᠲᠡᠨ ᠴᠤᠬᠤᠮ ᠶᠠᠭᠠᠬᠢᠬᠤ ᠪᠤᠯ︖ ᠬᠤᠵᠢᠮ ᠳ᠋ᠠᠭᠠᠨ ᠮᠦᠨ ᠯᠠ ᠮᠠᠨᠵᠤ ᠦᠨᠳᠦᠰᠦᠲᠡᠨ ᠲᠠᠢ ᠠᠳᠠᠯᠢ ᠪᠤᠯᠬᠤ ᠠᠶᠤᠯ ᠲᠠᠢ᠃ ᠶᠠᠡᠭ ᠷᠦ ᠵᠢᠨ ᠬᠡᠯᠡᠬᠦ ᠪᠡᠷ ᠤᠯᠠᠮᠵᠢᠯᠠᠯ ᠶᠠᠷᠢᠶ᠎ᠠ ᠶ᠋ᠢ ᠦᠨᠳᠦᠰᠦᠯᠡᠪᠡᠯ ᠡᠨᠡ ᠦᠨᠳᠦᠰᠦᠲᠡᠨ ᠤ ᠲᠤᠳᠤᠷᠠᠬᠢ ᠡᠷᠬᠢᠮ ᠲᠡᠭᠡᠳᠦ᠂ ᠬᠦᠨᠳᠦᠳᠬᠡᠯ ᠪᠢᠰᠢᠷᠡᠯ ᠲᠠᠢ ᠪᠦᠭᠡ ︵ᠴᠢᠶᠠᠡᠭ ᠦᠨᠳᠦᠰᠦᠲᠡᠨ ᠰᠢ ᠪᠢ释比ᠬᠡᠵᠤ ᠬᠡᠯᠡᠳᠡᠭ︶ᠨᠢᠬᠡ ᠤᠳᠠᠭ᠎ᠠ ᠠᠮᠠᠷᠠᠵᠤ ᠬᠡᠪᠲᠡᠬᠦ ᠵᠠᠭᠤᠷ᠎ᠠ ᠢᠮᠠᠭ᠎ᠠ ᠢᠷᠡᠭᠡᠳ ᠪᠦᠬᠦ ᠰᠤᠳᠤᠷ ᠪᠢᠴᠢᠭ ᠢ ᠨᠢ ᠢᠳᠡᠴᠢᠬᠡᠵᠡᠢ᠂ ᠰᠡᠷᠢᠬᠡᠳ ᠲᠡᠷᠡ ᠢᠮᠠᠭ᠎ᠠ ᠶ᠋ᠢ ᠨᠢ ᠠᠯᠠᠭᠠᠳ ᠠᠷᠠᠰᠤ ᠪᠡᠷ ᠨᠢ ᠬᠡᠨᠭᠬᠡᠷᠭᠡ ᠵᠤᠬᠢᠶᠠᠵᠤ᠂ ᠪᠦᠬᠡᠯᠡᠬᠦ ᠳ᠋ᠡᠬᠡᠨ ᠦᠨᠦᠬᠢ ᠬᠡᠨᠭᠬᠡᠷᠭᠡ ᠪᠡᠨ ᠴᠤᠬᠢᠪᠠᠯ ᠢᠳᠡᠭᠳᠡᠭᠰᠡᠨ ᠰᠤᠳᠤᠷ ᠪᠢᠴᠢᠭ ᠲᠤᠳᠤᠷᠠᠬᠢ ᠴᠢᠶᠠᠡᠭ ᠦᠨᠳᠦᠰᠦᠲᠡᠨ ᠤ ᠦᠰᠦᠭ ᠪᠢᠴᠢᠭ ᠨᠢ ᠤᠨᠭᠭᠤᠳ ᠵᠢᠡᠷ ᠳᠠᠮᠵᠢᠨ ᠤᠢ ᠤᠬᠠᠭᠠᠨ ᠳ᠋ᠤ ᠨᠢ ᠪᠠᠭᠤᠵᠤ ᠢᠷᠡᠳᠡᠭ ᠬᠡᠨ᠎ᠡ᠃ ᠢᠨᠭᠭᠢᠭᠡᠳ ᠯᠠ ᠦᠰᠦᠭ ᠪᠢᠴᠢᠭ ᠨᠢ ᠠᠯᠳᠠᠭᠳᠠᠭᠰᠠᠨ ᠪᠤᠯᠪᠠᠴᠤ ᠦᠬᠡ ᠬᠡᠯᠡ ᠨᠢ ᠬᠡᠪ ᠵᠢᠡᠷ ᠵᠢᠡᠨ ᠦᠯᠡᠳᠡᠵᠤ᠂ ᠤᠳᠤ ᠴᠤ ᠬᠡᠰᠡᠨ ᠴᠢᠶᠠᠡᠭ ᠦᠨᠳᠦᠰᠦᠲᠡᠨ ᠤ ᠲᠤᠳᠤᠷ᠎ᠠ ᠮᠠᠰᠢ ᠶᠡᠭᠡ ᠬᠦᠨᠳᠦᠳᠬᠡᠯ ᠪᠢᠰᠢᠷᠡᠯ ᠲᠠᠢ ᠪᠦᠬᠡ ᠨᠠᠷ ᠪᠠᠶᠢᠭ᠎ᠠ ᠶᠤᠮ ᠪᠠᠶᠢᠨ᠎ᠠ᠃ ᠪᠢ ᠴᠠᠶᠢᠵᠠ ᠲᠤᠳᠤᠷᠠᠬᠢ ᠪᠦᠭᠡ︵ᠰᠢ ᠪᠢ 释比︶ ᠵᠢᠨ ᠰᠡᠬᠦᠳᠡᠷ ᠪᠠ ᠪᠦᠬᠡᠯᠡᠵᠤ ᠪᠠᠶᠢᠭ᠎ᠠ ᠲᠦᠷᠢ ᠵᠢᠷᠤᠭ ᠢ ᠬᠠᠷᠠᠬᠤ ᠳ᠋ᠤ ᠮᠠᠨ ᠤ ᠮᠤᠨᠭᠭᠤᠯᠴᠤᠳ ᠤᠨ ᠪᠦᠬᠡ ᠲᠠᠢ ᠮᠠᠰᠢ ᠠᠳᠠᠯᠢᠪᠲᠤᠷ ᠪᠠᠶᠢᠭ᠎ᠠ ᠨᠢ ᠠᠨᠭᠬᠠᠷᠤᠭᠳᠠᠭᠰᠠᠨ ᠶᠤᠮ᠂ ᠮᠠᠭᠠᠳ ᠦᠭᠡᠢ ᠤᠯᠠᠨ ᠵᠠᠭᠤ ᠮᠢᠨᠭᠭᠠᠨ ᠵᠢᠯ ᠤᠨ ᠲᠡᠷᠲᠡᠭᠡ ᠳ᠋ᠤ ᠪᠠᠶᠢᠭᠠᠯᠢ ᠰᠢᠲᠦᠯᠬᠡ ᠲᠠᠢ ᠨᠡᠬᠦᠳᠡᠯᠴᠢᠳ ᠤᠨ ᠰᠤᠶᠤᠯ ᠰᠡᠳᠬᠢᠯᠬᠡᠨ ᠨᠢᠬᠡᠨ ᠬᠡᠮᠵᠢᠶᠡᠨ ᠳ᠋ᠤ ᠦᠬᠡᠷ᠎ᠡ ᠦᠬᠡᠷ᠎ᠡ ᠭᠠᠵᠠᠷ ᠵᠡᠷᠭᠡ ᠪᠡᠷ ᠡᠬᠦᠰᠦᠭᠰᠡᠨ ᠪᠠᠶᠢᠵᠤ ᠪᠤᠯᠬᠤ ᠶᠤᠮ᠂ ᠮᠦᠨᠴᠤ ᠤᠯᠠᠪᠤᠷᠢᠯᠠᠵᠤ ᠰᠠᠯᠪᠤᠷᠢᠯᠠᠭᠰᠠᠨ ᠴᠤ ᠪᠠᠶᠢᠵᠤ ᠮᠡᠳᠡᠬᠦ ᠶᠤᠮ᠃
ᠤᠷᠤᠢ ᠵᠢᠨ ᠲᠤᠯᠤᠭᠠᠨ ᠴᠠᠭ ᠬᠠᠭᠠᠰ ᠲᠤ ᠶᠠᠡᠭ ᠷᠦ ᠵᠢᠨ ᠨᠠᠭᠠᠴᠤ ᠵᠢᠨ ᠡᠷᠬᠢᠯᠡᠭᠰᠡᠨ ᠬᠤᠭᠤᠯᠠ᠂ ᠬᠤᠨᠤᠭ᠂ ᠪᠠᠭᠠᠷ ᠢ ᠨᠢᠬᠡᠳᠬᠡᠭᠰᠡᠨ ᠲᠤᠮᠤ ᠲᠢᠨᠭᠬᠢᠮ ᠳ᠋ᠤ ᠴᠢᠶᠠᠡᠭ ᠦᠨᠳᠦᠰᠦᠲᠡᠨ ᠤ ᠳᠠᠭᠤᠤ ᠪᠦᠵᠢᠭ ᠤᠨ ᠲᠤᠭᠯᠠᠯᠲᠠ ᠲᠠᠢ ᠬᠡᠬᠦ ᠪᠡᠷ ᠪᠢᠳᠠ ᠲᠡᠷᠡ ᠤᠷᠤᠭᠤ ᠴᠢᠭᠯᠡᠯ᠎ᠡ᠃ ᠡᠨᠳᠡ ᠬᠦᠮᠦᠰ ᠫᠢᠭ ᠲᠦᠬᠦᠷᠴᠤ ᠬᠤᠭᠤᠯᠠ ᠢᠳᠡᠨ ᠠᠷᠢᠬᠢ ᠰᠢᠮᠡᠵᠤ ᠪᠠᠶᠢᠪᠠ᠂ ᠤᠯᠠᠨᠭᠭᠢ ᠨᠢ ᠴᠢᠶᠠᠡᠭ ᠦᠨᠳᠦᠰᠦᠲᠡᠨ ᠪᠠᠶᠢᠵᠤ᠂ ᠭᠠᠳᠠᠨ᠎ᠠ ᠭᠠᠵᠠᠷ ᠡᠴᠡ ᠢᠷᠡᠭᠰᠡᠨ ᠴᠦᠬᠡᠨ ᠬᠡᠳᠦᠨ ᠵᠤᠭᠠᠴᠠᠭᠰᠠᠳ ᠪᠠᠰᠠ ᠪᠠᠶᠢᠯᠴᠠᠨ᠎ᠠ᠂ ᠬᠠᠷᠢᠨ ᠴᠠᠭ ᠨᠢ ᠲᠤᠯᠵᠤ ᠪᠦᠵᠢᠭ ᠡᠬᠢᠯᠡᠬᠦ ᠪᠡᠷ ᠴᠢᠶᠠᠡᠭ ᠦᠨᠳᠦᠰᠦᠲᠡᠨ ᠤ ᠬᠤᠪᠴᠠᠰᠤ ᠵᠠᠰᠠᠯ ᠵᠢᠡᠷ ᠪᠦᠷᠢᠨ ᠭᠤᠶᠤᠯᠠᠭᠰᠠᠨ ᠬᠤᠶᠠᠷ ᠬᠡᠤᠬᠡᠨ ᠭᠠᠯ ᠵᠢᠡᠨ ᠲᠤᠭᠤᠷᠢᠨ ᠪᠦᠵᠢᠭᠯᠡᠬᠦ ᠳ᠋ᠤ ᠪᠦᠬᠦᠳᠡ ᠴᠢᠶᠠᠡᠭ ᠦᠨᠳᠦᠰᠦᠲᠡᠨ ᠴᠦᠮ ᠬᠠᠮᠲᠤ ᠪᠡᠷ ᠪᠦᠵᠢᠭᠯᠡᠵᠤ ᠭᠠᠷᠪᠠ᠂ ᠲᠡᠳᠡ ᠪᠦᠬᠦᠳᠡᠭᠡᠷ ᠵᠢᠡᠨ ᠠᠶᠢᠵᠢᠮ ᠠᠯᠬᠤᠭ᠎ᠠ ᠨᠢᠬᠡᠳᠬᠡᠵᠤ ᠪᠦᠵᠢᠭᠯᠡᠬᠦ ᠶ᠋ᠢ ᠨᠢ ᠬᠠᠷᠠᠪᠠᠰᠤ ᠡᠨᠡ ᠬᠡᠳᠦᠨ ᠪᠦᠵᠢᠭ ᠢ ᠬᠦᠭᠰᠢᠨ ᠵᠠᠯᠠᠭᠤ ᠦᠭᠡᠢ ᠴᠢᠳᠠᠳᠠᠭ ᠠᠵᠢ᠂ ᠢᠯᠠᠨᠭᠭᠤᠶ᠎ᠠ ᠵᠢᠷᠠᠭᠠᠳ ᠨᠠᠰᠤᠨ ᠤ ᠨᠢᠬᠡ ᠪᠦᠰᠡᠬᠦᠢ ᠠᠶᠢᠵᠢᠮ ᠴᠤᠬᠢᠯᠭ᠎ᠠ ᠠᠯᠳᠠᠬᠤ ᠦᠭᠡᠢ ᠪᠦᠵᠢᠭᠯᠡᠬᠦ ᠶ᠋ᠢ ᠨᠢ ᠬᠠᠷᠠᠭᠠᠳ ᠮᠠᠨ ᠤ ᠮᠤᠨᠭᠭᠤᠯᠴᠤᠳ ᠤᠨ ᠲᠤᠳᠤᠷᠠᠬᠢ ᠪᠠᠷᠭᠤ ᠪᠤᠷᠢᠶᠠᠳ ᠤᠨ ᠵᠡᠬᠡᠷᠡᠨᠭᠬᠡᠢ ᠪᠦᠬᠡᠷᠡᠨᠭᠬᠡᠢ ᠲᠠᠢ ᠪᠠᠰᠠ ᠠᠳᠠᠯᠢᠬᠠᠨ ᠰᠠᠨᠠᠭᠳᠠᠯ᠎ᠠ᠃ ᠬᠠᠷᠢᠨ ᠪᠦᠵᠢᠭᠯᠡᠬᠦ ᠬᠡᠪ ᠨᠠᠮᠪᠠ ᠡᠴᠡ ᠨᠢ ᠬᠠᠷᠠᠪᠠᠯ ᠲᠦᠪᠡᠳ ᠪᠦᠵᠢᠭ ᠲᠠᠢ ᠨᠡᠯᠢᠶᠡᠳ ᠲᠦᠰᠦᠬᠡᠲᠡᠢ ᠪᠠᠶᠢᠯ᠎ᠠ᠂ ᠪᠠᠰᠠ ᠨᠢᠬᠡᠨ ᠰᠠᠨᠠᠭᠠᠨ ᠳ᠋ᠤ ᠤᠷᠤᠭᠰᠠᠨ ᠡᠴᠡ ᠶᠠᠡᠭ ᠷᠦ ᠵᠢᠨ ᠨᠠᠭᠠᠢ ᠡᠵᠢ ᠨᠢ ᠬᠤᠭᠤᠯᠠ ᠪᠡᠨ ᠢᠳᠡᠬᠦ ᠵᠠᠭᠤᠷ᠎ᠠ ᠨᠢᠬᠡ ᠯᠠᠡᠭ ᠢᠯᠡᠬᠦᠦ ᠵᠢᠨ ᠬᠠᠷ᠎ᠠ ᠠᠷᠢᠬᠢ ᠤᠤᠭᠤᠴᠢᠬᠠᠭᠰᠠᠨ ᠶᠤᠮ᠂ ᠠᠰᠠᠭᠤᠵᠤ ᠮᠡᠳᠡᠭᠰᠡᠨ ᠵᠢᠡᠷ ᠲᠡᠳᠡ᠂ ᠬᠤᠭᠤᠯᠠᠨ ᠤ ᠦᠶ᠎ᠡ ᠪᠡᠷ ᠡᠳᠦᠷ ᠪᠦᠷᠢ ᠨᠢᠬᠡ ᠡᠴᠡ ᠬᠤᠶᠠᠷ ᠯᠠᠡᠭ ᠠᠷᠢᠬᠢ ᠤᠤᠭᠤᠳᠠᠭ ᠶᠤᠮ ᠪᠠᠶᠢᠨ᠎ᠠ᠂ ᠬᠡᠪᠡᠴᠤ ᠵᠠᠯᠠᠭᠤᠴᠤᠳ ᠪᠠᠭᠠᠴᠤᠳ ᠨᠢ ᠪᠠᠷᠤᠭ ᠤᠤᠭᠤᠬᠤ ᠦᠭᠡᠢ ᠪᠤᠯᠵᠠᠢ᠃ ᠡᠨᠡ ᠮᠡᠲᠤ ᠵᠢᠨ ᠪᠠᠭᠠᠷ ᠵᠢᠡᠷ ᠢᠷᠡᠪᠡᠯ ᠵᠠᠯᠠᠭᠤᠴᠤᠳ ᠨᠢ ᠬᠠᠷᠢᠨ ᠰᠠᠶᠢᠨ ᠤᠤᠭᠤᠳᠠᠭ ᠠᠵᠢ᠃ ᠡᠨᠳᠡᠬᠢ ᠲᠤᠭᠯᠠᠯᠲᠠ ᠶ᠋ᠢ ᠰᠤᠨᠢᠷᠬᠠᠵᠤ ᠪᠠᠷᠠᠭᠠᠳ ᠪᠢᠳᠠ ᠦᠨᠦᠬᠢ ᠴᠠᠶᠢᠵᠠ ᠪᠠᠭᠤᠳᠠᠯ ᠳ᠋ᠠᠭᠠᠨ ᠬᠦᠷᠴᠤ ᠠᠮᠠᠷᠠᠯ᠎ᠠ᠃
ᠲᠠᠷᠠᠭ᠎ᠠ ᠦᠷᠯᠥᠬᠡ ᠵᠢᠨ ᠨᠠᠢᠮᠠᠨ ᠴᠠᠭ ᠲᠤ ᠪᠤᠰᠴᠤ ᠰᠠᠷᠯᠤᠭ ᠤᠨ ᠮᠢᠬ᠎ᠠ ᠲᠠᠢ ᠭᠤᠯᠢᠷ ᠬᠤᠭᠤᠯᠠ ᠢᠳᠡᠭᠡᠳ ᠵᠠᠮ ᠳ᠋ᠠᠭᠠᠨ ᠭᠠᠷᠤᠯ᠎ᠠ᠃ ᠦᠨᠦᠳᠦᠷ ᠤᠨ ᠪᠢᠳᠠᠨ ᠤ ᠶᠠᠪᠤᠭᠰᠠᠨ ᠵᠠᠮ ᠱᠤᠭᠤᠮ ᠨᠢ ᠲᠤᠤ ᠫᠢᠡᠭ ᠡᠴᠡ ᠭᠠᠷᠴᠤ ᠯᠢ ᠰᠢᠶᠠᠨ︵理县︶᠂ ᠬᠤᠡᠭ ᠶᠤᠸᠠᠨ ᠰᠢᠶᠠᠨ︵红原县︶᠂ ᠷᠦᠸᠸ ᠡᠯ ᠭᠠᠢ︵若尔盖︶ ᠵᠡᠷᠭᠡ ᠭᠠᠵᠠᠷ ᠵᠢᠡᠷ ᠳᠠᠭᠠᠷᠢᠨ᠂ ᠵᠠᠮ ᠲᠤᠮᠳᠠ ᠪᠡᠨ ᠳᠠᠯᠠᠢ ᠵᠢᠨ ᠲᠦᠪᠰᠢᠨ ᠡᠴᠡ ᠲᠡᠭᠡᠭᠰᠢ 3800 ᠮᠸᠲᠷ ᠡᠷᠭᠦᠭᠳᠡᠭᠰᠡᠨ ᠠᠭᠤᠯᠠ ᠨᠢᠷᠤᠭᠤᠳ ᠢ ᠲᠠᠪᠠᠵᠤ᠂ ᠴᠠᠭᠠᠨ ᠭᠤᠤᠯ︵白河︶ ᠢ ᠲᠤᠵᠢ ᠳ᠋ᠠᠭᠠᠨ ᠳᠠᠭᠠᠵᠤ ᠶᠠᠪᠤᠭᠰᠠᠭᠠᠷ ᠬᠠᠲᠤᠨ ᠭᠤᠤᠯ ᠤᠨ ᠶ᠋ᠢᠰᠦᠨ ᠲᠤᠮᠤ ᠮᠤᠰᠬᠢᠷᠠᠭ᠎ᠠ ᠵᠢᠨ ᠨᠢᠬᠡᠳᠦᠬᠡᠷ ᠮᠤᠰᠬᠢᠷᠠᠭᠠᠨ ᠳ᠋ᠤ ᠬᠦᠷᠴᠤ ᠢᠷᠡᠭᠰᠡᠨ ᠶᠤᠮ᠃ ᠡᠨᠡ ᠵᠠᠮ ᠲᠤᠮᠳᠠᠬᠢ ᠦᠵᠡᠮᠵᠢ ᠶᠡᠭᠡ ᠰᠠᠶᠢᠬᠠᠨ ᠪᠠᠶᠢᠵᠤ᠂ ᠠᠭᠤᠯᠠ ᠬᠠᠶᠢᠷᠬᠠᠨ᠂ ᠲᠠᠯ᠎ᠠ ᠭᠠᠵᠠᠷ ᠦᠷᠬᠦᠯᠵᠢᠯᠡᠨ᠂ ᠵᠠᠮ ᠤᠨ ᠬᠠᠵᠠᠭᠤ ᠳ᠋ᠤ ᠴᠦᠮ ᠲᠦᠪᠡᠳ ᠠᠶᠢᠯ ᠰᠠᠭᠤᠷᠢᠰᠢᠵᠠᠢ᠃ ᠲᠦᠪᠡᠳ ᠤᠳ ᠡᠳᠦᠷ ᠰᠦᠨᠢ ᠵᠢᠨ ᠬᠤᠷᠢᠨ ᠲᠦᠷᠪᠡᠨ ᠴᠠᠭ᠂ ᠡᠪᠤᠯ ᠵᠤᠨ ᠤ ᠵᠢᠯ ᠤᠨ ᠲᠦᠷᠪᠡᠨ ᠤᠯᠠᠷᠢᠯ ᠳ᠋ᠠᠭᠠᠨ ᠴᠦᠮ ᠲᠦᠪᠡᠳ ᠬᠤᠪᠴᠠᠰᠤ ᠪᠡᠨ ᠡᠮᠦᠰᠴᠤ ᠪᠠᠶᠢᠳᠠᠭ ᠨᠢ ᠤᠨᠴᠠᠭᠠᠢ ᠰᠤᠳᠤᠨ᠂ ᠡᠨᠡ ᠲᠠᠯ᠎ᠠ ᠪᠡᠷ ᠮᠠᠨ ᠤ ᠮᠤᠨᠭᠭᠤᠯᠴᠤᠳ ᠲᠡᠳᠡᠨ ᠡᠴᠡ ᠰᠤᠷᠤᠯᠴᠠᠬᠤ ᠵᠦᠢᠯ ᠶᠡᠭᠡ ᠪᠠᠶᠢᠭ᠎ᠠ ᠮᠡᠲᠤ ᠰᠠᠨᠠᠭᠳᠠᠪᠠ᠂ ᠮᠦᠨ ᠵᠠᠮ ᠤᠨ ᠬᠠᠵᠠᠭᠤ ᠳ᠋ᠡᠬᠢ ᠠᠭᠤᠯᠠ ᠲᠠᠯ᠎ᠠ ᠪᠡᠷ ᠴᠦᠮ ᠰᠠᠷᠯᠤᠭ ᠪᠡᠯᠴᠢᠵᠤ᠂ ᠠᠷᠪᠠᠭᠠᠳ ᠨᠠᠰᠤᠨ ᠤ ᠬᠡᠤᠬᠡᠳ ᠰᠠᠷᠯᠤᠭ ᠬᠠᠷᠢᠭᠤᠯᠤᠨ ᠶᠠᠪᠤᠨ᠎ᠠ᠃ ᠰᠠᠨᠠᠭᠠᠨ ᠳ᠋ᠤ ᠦᠭᠡᠢ ᠤᠯᠵᠤ ᠠᠪᠤᠭᠰᠠᠨ ᠡᠨᠡ ᠵᠠᠮ ᠱᠤᠭᠤᠮ ᠵᠢᠡᠷ ᠪᠢᠳᠠ ᠬᠤᠵᠢᠮ ᠨᠢ ᠪᠠᠰᠠ ᠶᠠᠪᠤᠬᠤ ᠮᠠᠭᠠᠳ᠂ ᠢᠯᠠᠨᠭᠭᠤᠶ᠎ᠠ ᠵᠤᠨ︕ᠢᠨᠭᠭᠢᠵᠤ ᠯᠠ ᠲᠡᠳᠡᠨ ᠤ ᠠᠮᠢᠳᠤᠷᠠᠯ ᠳ᠋ᠤ ᠢᠳᠡᠬᠡᠰᠢᠵᠤ᠂ ᠵᠠᠡᠭ ᠳᠠᠳᠬᠠᠯ ᠢ ᠨᠢ ᠤᠶᠢᠯᠠᠭᠠᠵᠤ᠂ ᠦᠷᠦᠬᠡ ᠬᠡᠷ ᠲᠤ ᠨᠢ ᠬᠤᠨᠤᠭᠯᠠᠨ᠂ ᠢᠳᠡᠭᠡ ᠪᠤᠳᠠᠭ᠎ᠠ ᠡᠴᠡ ᠨᠢ ᠠᠮᠰᠠᠵᠤ ᠶᠠᠪᠤᠬᠤ ᠰᠢᠭ ᠰᠠᠶᠢᠬᠠᠨ ᠵᠦᠢᠯ ᠬᠠᠮᠢᠭ᠎ᠠ ᠪᠠᠶᠢᠭ᠎ᠠ ᠪᠢᠯᠡ᠃
ᠨᠠᠷᠠ ᠵᠢᠷᠭᠠᠭᠰᠠᠨ ᠤ ᠲᠠᠷᠠᠭ᠎ᠠ ᠪᠢᠳᠠ ᠯᠠᠪᠷᠤᠡᠭ ᠬᠡᠶᠢᠳ ᠲᠤ ᠬᠦᠷᠴᠤ ᠭᠤᠷ᠎ᠠ ᠡᠷᠬᠢᠭᠡᠳ ᠲᠤᠰᠬᠠᠶᠢᠯᠠᠨ ᠨᠢᠬᠡ ᠲᠦᠪᠡᠳ ᠬᠤᠭᠤᠯᠠᠨ ᠤ ᠭᠠᠵᠠᠷ ᠤᠯᠵᠤ᠂ ᠰᠠᠷᠯᠤᠭ ᠤᠨ ᠮᠢᠬ᠎ᠠ ᠲᠠᠢ ᠭᠤᠯᠢᠷ᠂ ᠽᠠᠮᠪᠠ ᠵᠡᠷᠭᠡ ᠶ᠋ᠢ ᠢᠳᠡᠭᠡᠳ ᠪᠠᠭᠤᠳᠠᠯ ᠳ᠋ᠠᠭᠠᠨ ᠬᠦᠷᠴᠤ ᠠᠮᠠᠷᠠᠯ᠎ᠠ᠃ ᠯᠠᠪᠷᠤᠡᠭ ᠬᠡᠶᠢᠳ ᠲᠤ ᠡᠳᠦᠷ ᠪᠦᠷᠢ ᠲᠦᠮᠡ ᠮᠢᠨᠭᠭᠠᠨ ᠮᠦᠷᠬᠦᠯᠴᠢᠳ ᠬᠤᠯᠠ ᠶ᠋ᠢ ᠬᠤᠯᠠ ᠬᠡᠵᠤ ᠪᠤᠳᠤᠯ ᠦᠭᠡᠢ ᠶᠠᠪᠠᠭᠠᠨ ᠵᠢᠡᠷ᠂ ᠲᠡᠷᠭᠡ ᠤᠨᠤᠭ᠎ᠠ ᠪᠡᠷ ᠂ ᠨᠡᠡᠭ ᠵᠠᠷᠢᠮ ᠨᠢ ᠠᠯᠳᠠ ᠮᠦᠷᠬᠦᠯ ᠬᠢᠵᠤ ᠢᠷᠡᠳᠡᠭ ᠨᠢ ᠰᠤᠨᠢᠨ ᠪᠢᠰᠢ᠂ ᠡᠨᠡ ᠤᠯᠠᠨ ᠬᠦᠮᠦᠰ ᠲᠤᠳᠤᠷ᠎ᠠ ᠮᠤᠨᠭᠭᠤᠯᠴᠤᠳ᠂ ᠢᠯᠨᠭᠭᠤᠶᠠ ᠤᠷᠳᠤᠰ ᠤᠨ ᠮᠤᠨᠭᠭᠤᠯᠴᠤᠳ ᠶᠡᠭᠡ ᠤᠯᠠᠨ ᠪᠠᠶᠢᠨ᠎ᠠ᠃ ᠠᠶᠠᠯᠠᠯ ᠤᠨ ᠮᠠᠨᠢ ᠡᠴᠦᠰ ᠤᠨ ᠡᠳᠦᠷ ᠪᠤᠶᠤ 2 ᠰᠠᠷ᠎ᠠ ᠵᠢᠨ 4 ᠤ ᠦᠷᠯᠥᠬᠡ ᠲᠤᠯᠤᠭᠠᠨ ᠴᠠᠭ ᠲᠤ ᠯᠠᠪᠷᠤᠡᠭ ᠡᠴᠡ ᠭᠠᠷᠤᠭᠠᠳ᠂ ᠯᠠᠨᠵᠸᠤ ᠬᠤᠲᠠ ᠪᠡᠷ ᠳᠠᠭᠠᠷᠢᠨ ᠤᠷᠤᠢ ᠵᠢᠨ ᠵᠢᠷᠭᠤᠭᠠᠨ ᠴᠠᠭ ᠲᠤ ᠬᠢᠶ᠎ᠠ ᠪᠠᠭᠰᠢ ᠲᠤᠭᠤᠷᠢᠭ ᠲᠠᠭᠠᠨ ᠪᠤᠴᠠᠵᠤ ᠢᠷᠡᠵᠤ ᠪᠢᠯᠡ᠃