ᠠᠳᠤᠭᠤᠴᠢᠨ ᠵᠠᠯᠠᠭᠤ ᠢᠢᠨ ᠵᠤᠯᠪᠤᠭᠠᠳᠤ ᠦᠢᠯᠡᠰ
2025-04-18 11:38:21
ᠡᠨᠡ ᠵᠢᠯ 49 ᠨᠠᠰᠤᠲᠠᠢ ᠳᠠᠯᠠᠨᠭᠤᠷᠪᠠ ᠪᠤᠯ ᠤᠲᠤᠭ ᠬᠤᠰᠢᠭᠤᠨ ᠤ ᠠᠷᠪᠠᠰ ᠰᠤᠮᠤᠨ ᠤ ᠨᠤᠭᠤᠭᠠᠨᠳᠠᠢ ᠭᠠᠴᠠᠭᠠᠨ ᠤ ᠠᠳᠤᠭᠤᠴᠢᠨ ᠤᠳᠤᠮ ᠲᠠᠢ ᠠᠶᠢᠯ ᠤᠨ ᠬᠤᠶᠢᠴᠢᠰ ᠪᠢᠯᠡ᠃ ᠠᠳᠤᠭᠤᠴᠢᠨ ᠤᠶᠠᠭᠠᠴᠢ ᠡᠪᠦᠭᠡ ᠪᠤᠯᠤᠨ ᠠᠪᠤ ᠢᠢᠨ ᠳᠡᠷᠭᠡᠳᠡ ᠥᠰᠦᠭ᠍ᠰᠡᠨ ᠳᠠᠯᠠᠨᠭᠤᠷᠪᠠ ᠠᠩᠬ᠎ᠠ ᠤᠳᠠᠭ᠎ᠠ ᠠᠷᠲᠠᠭ ᠲᠤᠭᠰᠢᠨ ᠡᠮᠨᠢᠭ ᠤᠨ ᠨᠢᠷᠤᠭᠤᠨ ᠳᠤ ᠲᠤᠭᠲᠠᠬᠤ ᠭᠱᠡᠨ ᠳᠤ ᠠᠳᠤᠭᠤ ᠮᠤᠷᠢᠨ ᠳᠤ ᠭᠤᠤᠯ ᠤᠨ ᠬᠡᠢ ᠲᠠᠢ ᠪᠤᠯᠵᠤ ᠭᠡᠨ᠎ᠡ᠃ ᠲᠡᠷᠡ ᠤᠨᠠᠭᠠᠨ ᠪᠠᠭ᠎ᠠ ᠠᠴᠠ ᠪᠠᠨ ᠬᠠᠰᠢᠷ ᠤᠨᠤᠭᠠᠴᠢᠨ ᠪᠤᠯᠵᠤ᠂ ᠤᠷᠢᠳ ᠬᠤᠵᠢᠳ ᠶᠦᠨᠨᠠᠨ ᠭᠠᠨᠰᠤ ᠰᠢᠨᠵᠢᠶᠠᠩ ᠵᠡᠷᠭᠡ ᠭᠠᠵᠠᠷ ᠤᠷᠤᠨ ᠢᠶᠠᠷ ᠤᠷᠤᠯᠳᠤᠭᠠᠨ ᠳᠤ ᠣᠷᠣᠯᠴᠠᠨ ᠤᠯᠠᠨᠳᠠ ᠱᠠᠩᠨᠡᠯ ᠬᠦᠷᠲᠡᠵᠤ ᠭᠠᠨᠵᠤᠭ᠎ᠠ ᠲᠦᠭᠦᠷᠡᠩ ᠶᠠᠪᠤᠬ᠍ᠰᠠᠨ ᠬᠢᠯᠪᠠᠭ᠎ᠠ ᠲᠡᠤᠬᠡ ᠲᠠᠢ᠃ ᠭᠡᠪᠡᠴᠦ ︽ᠭᠠᠢ ᠭᠠᠵᠠᠷ ᠲᠤᠤᠷ᠎ᠠ ᠠᠴᠠ︾ ᠭᠡᠳᠡᠭ᠍ᠴᠢᠯᠡᠨ ᠠᠳᠤᠭᠤᠴᠢᠨ ᠵᠠᠯᠠᠭᠤ ᠵᠤᠯ ᠪᠤᠰᠤ ᠪᠠᠷ 2019 ᠤᠨ ᠳᠤ ᠬᠡᠨᠡᠳᠳᠡ ᠢᠢᠨ ᠲᠡᠷᠭᠡᠨ ᠤ ᠠᠳᠡᠯ ᠠᠴᠠ ᠪᠤᠯᠵᠤ ᠲᠡᠭᠦᠨ ᠤ ᠨᠢᠷᠦᠭᠤ ᠨᠢ ᠬᠡᠮᠳᠤᠵᠤ ᠮᠤᠷᠢᠨ ᠨᠢᠷᠤᠭᠤᠨ ᠠᠴᠠ ᠰᠠᠯᠵᠤ᠂ ᠲᠡᠷᠡ ᠴᠤ ᠡᠳᠡᠭᠡᠷ ᠵᠢᠯ ᠤᠳ ᠤᠨ ᠴᠢᠷᠮᠠᠶᠢᠯᠭ᠎ᠠ ᠲᠡᠮᠡᠴᠡᠯ᠂ ᠡᠪᠦᠭᠡ ᠪᠠ ᠠᠪᠤ ᠢᠢᠨ ᠬᠢᠨ ᠨᠠᠰᠤᠨ ᠤ ᠬᠤᠷᠠᠮᠳᠤᠭᠤᠯᠭ᠎ᠠ᠂ ᠠᠯᠢᠪᠠ ᠪᠦᠬᠦᠨ ᠲᠠᠭᠤᠰᠤᠯ᠎ᠠ ᠭᠡᠵᠤ ᠵᠤᠪᠠᠯᠠᠩ ᠪᠤᠯᠵᠤ ᠦᠡᠭ᠍ᠭᠡᠷᠡᠭ᠍ᠰᠡᠨ ᠪᠢᠯᠡ᠃
ᠲᠡᠷᠡᠪᠡᠷ ᠲᠠᠯ᠎ᠠ ᠨᠤᠲᠤᠭ ᠊ᠤᠨ᠊ᠰᠥᠭ ᠰᠦᠨᠡᠰᠦ ᠭᠡᠭ᠍ᠳᠡᠭ᠍ᠰᠡᠨ᠂ ᠮᠣᠩᠭᠤᠯ ᠬᠦᠮᠦᠨ ᠤ ᠬᠠᠨᠢ ᠲᠦᠰᠢᠭ ᠪᠤᠯᠤᠭᠰᠠᠨ ᠠᠳᠤᠭᠤᠨ ᠳ᠋ᠠ᠋ᠭᠠᠨ ᠳᠠᠯᠠᠨᠭᠤᠷᠪᠠ ᠠᠷᠭ᠎ᠠ ᠦᠭᠡᠢ ᠬᠠᠶᠢᠷᠠᠲᠠᠢ ᠪᠠᠶᠢᠳᠠᠭ ᠨᠢ ᠯᠠᠪᠲᠠᠢ᠃ ᠬᠡᠳᠦᠢᠪᠡᠷ ᠮᠤᠷᠢᠨ ᠨᠢᠷᠤᠭᠤᠨ ᠠᠴᠠ ᠰᠠᠯᠤᠭᠰᠠᠨ ᠴᠦ ᠠᠳᠤᠭᠤ ᠪᠠᠨ ᠥᠰᠭᠡᠨ᠎ᠡ ᠭᠡᠰᠡᠨ ᠪᠤᠳᠤᠯ ᠨᠢ ᠬᠦᠪᠦᠷᠡᠵᠤ ᠪᠠᠶᠢᠬ᠍ᠰᠠᠨ ᠲᠤᠯᠠ ᠲᠡᠷᠡ ᠥᠷᠭᠦᠯᠵᠢᠯᠡᠨ ᠪᠡᠯᠡ ᠮᠥᠩᠭᠦ ᠪᠠᠨ ᠬᠤᠷᠤᠮᠳᠤᠭᠤᠯᠤᠨ ᠬᠤᠷᠳᠤᠴᠠ ᠰᠠᠶᠢᠲᠠᠢ ᠭᠠᠳᠠᠭᠠᠳᠤ ᠤᠯᠤᠰ ᠤᠨ ᠴᠡᠪᠡᠷ ᠡᠭᠦᠯᠳᠡᠷ ᠤ ᠰᠢᠯᠢᠳᠡᠭ ᠠᠳᠤᠭᠤ ᠢᠢ ᠤᠷᠤᠭᠤᠯᠤᠨ ᠤᠷᠤᠯᠳᠤᠭᠠᠨ ᠮᠤᠷᠢᠨ ᠤ ᠦᠢᠯᠡᠰ ᠢᠶᠠᠨ ᠪᠤᠰᠬᠠᠨ᠎ᠠ ᠭᠡᠮᠡᠨ ᠰᠢᠢᠳᠴᠤ ᠴᠢᠷᠮᠠᠶᠢᠵᠠᠢ᠃ ᠬᠠᠷᠢ ᠭᠠᠷᠤᠯ ᠲᠠᠢ ᠠᠳᠤᠭᠤ ᠢᠢ ᠨᠤᠲᠤᠭ ᠤᠰᠤᠨ ᠳᠠᠭᠠᠨ ᠥᠰᠭᠡᠨ᠎ᠡ ᠭᠡᠵᠤ ᠬᠡᠶᠢᠮᠤᠷᠢ ᠵᠤᠭᠠᠲᠠᠢ ᠠᠵᠤ ᠪᠠᠶᠢᠳᠠᠭ ᠴᠤ ᠨᠢᠭᠡ ᠶᠤᠰᠤᠨ ᠳᠠᠭᠠᠨ ᠮᠠᠰᠢ ᠬᠦᠴᠢᠷ ᠲᠠᠢ ᠪᠠᠶᠢᠳᠠᠭ ᠨᠢ ᠮᠡᠳᠡᠭᠡᠵᠢ᠃ ᠢᠯᠠᠩᠭᠤᠶ᠎ᠠ ᠤᠰᠤᠨ ᠤ ᠲᠤᠩᠭᠠᠯᠠᠭ ᠢ ᠳᠠᠭᠠᠵᠤ ᠡᠪᠡᠰᠤᠨ ᠤ ᠰᠤᠷᠭᠤᠭ ᠲᠤ ᠢᠳᠡᠰᠢᠯᠡᠳᠡᠭ ᠠᠳᠤᠭᠤᠨ ᠳᠤ ᠠᠭᠤᠵᠢᠭᠤ ᠪᠠᠭᠲᠠᠭᠠᠮᠵᠢᠲᠠᠢ ᠪᠡᠯᠴᠢᠭᠡᠷ ᠤᠰᠤ ᠬᠡᠷᠡᠭ᠍ᠲᠡᠢ᠃ ᠲᠡᠷᠡ ᠠᠳᠤᠭᠤᠨ ᠲᠠᠯᠠᠪᠤᠷ ᠢᠶᠠᠨ ᠰᠢᠨᠡᠳᠭᠡᠨ 2023ᠤᠨ ᠳᠤ ᠪᠡᠯᠴᠢᠭᠡᠷ ᠲᠡᠭᠡᠷ᠎ᠡ ᠪᠠᠨ ᠤᠷᠤᠯᠳᠤᠭᠠᠨ ᠤ ᠪᠠᠷᠢᠮᠵᠢᠶ᠎ᠠ ᠳᠤ ᠨᠡᠶᠢᠴᠡᠭ᠍ᠰᠡᠨ 300 ᠭᠠᠷᠤᠢ ᠮᠸ᠋ ᠲᠤᠰᠬᠠᠢ ᠰᠤᠷᠢᠯᠲᠠ ᠢᠢᠨ ᠲᠠᠯᠠᠪᠠᠢ ᠭᠠᠷᠭᠠᠵᠤ᠂ ᠰᠢᠯᠢ ᠢᠢᠨ ᠭᠤᠤᠯ ᠤᠨ ᠰᠠᠶᠢᠨ ᠡᠪᠡᠰᠤ ᠤᠷᠤᠭᠤᠯᠵᠤ ᠳᠡᠵᠢᠭᠡᠯ ᠪᠣᠷᠳᠤᠭ᠎ᠠ ᠳᠤᠬᠢᠷᠠᠭᠤᠯᠤᠨ᠂ ᠲᠤᠰᠬᠠᠢ ᠲᠡᠵᠢᠭᠡᠯᠴᠢ᠂ ᠤᠶᠠᠭᠠᠴᠢ ᠤᠷᠢᠨ ᠤᠷᠤᠯᠳᠤᠭᠠᠨ ᠤ ᠮᠤᠷᠢ ᠤᠳ ᠢᠶᠠᠨ ᠠᠷᠠᠴᠢᠯᠠᠵᠤ᠂ ᠥᠨᠢᠷ ᠥᠰᠦᠯᠲᠡ ᠢᠢ ᠰᠠᠶᠢᠳᠤᠷ ᠪᠠᠲᠤᠯᠠᠭᠰᠠᠨ ᠠᠴᠠ ᠱᠠᠩᠨᠡᠯ ᠬᠦᠬᠢᠭᠦᠯᠦᠯ ᠳᠠᠰᠤᠷᠠᠭ᠎ᠠ ᠦᠭᠡᠢ ᠮᠥᠷᠲᠡᠭᠡᠨ ᠮᠤᠷᠢ ᠢᠢ ᠨᠢ ᠥᠪᠡᠷᠲᠡᠭᠡᠨ ᠵᠠᠰᠠᠬᠤ ᠤᠷᠤᠨ ᠴᠢᠨᠠᠬ᠍ᠰᠢᠳᠠ ᠪᠦᠬᠦ ᠤᠯᠤᠰ ᠤᠨ ᠬᠡᠪᠴᠢᠶᠡᠨ ᠠᠴᠠ ᠠᠵᠢᠯᠵᠢᠶᠠᠴᠢᠨ ᠢᠷᠡᠵᠤ ᠬᠤᠳᠠᠯᠳᠤᠨ ᠠᠪᠬᠤ ᠪᠤᠯᠤᠯ᠎ᠠ᠃
ᠵᠤᠷᠢᠯᠭ᠎ᠠ ᠳᠤᠳᠤᠷᠬᠠᠢ ᠦᠢᠯᠡᠰᠴᠢ ᠬᠦᠮᠦᠨ ᠬᠥᠳᠡᠯᠮᠦᠷᠢᠴᠢ ᠪᠠᠶᠢᠪᠠᠯ ᠲᠡᠷᠡ ᠬᠦᠮᠦᠨ ᠦᠢᠯᠡᠰ ᠤᠨ ᠤᠷᠭᠢᠯ ᠳᠤ ᠭᠠᠷᠬᠤ ᠨᠢ ᠯᠠᠪᠲᠠᠢ᠃ ᠬᠡᠳᠦᠨ ᠵᠢᠯ ᠤᠨ ᠬᠢᠴᠢᠶᠡᠨ ᠴᠢᠷᠮᠠᠶᠢᠯᠭ᠎ᠠ ᠪᠠᠷ ᠲᠡᠭᠦᠨ ᠤ ᠠᠳᠤᠭᠤ ᠥᠨᠢᠷ ᠥᠰᠴᠣ᠂ ᠤᠳᠤᠬᠠᠨ ᠳᠤ ᠴᠡᠪᠡᠷ ᠡᠭᠦᠯᠳᠡᠷ ᠤᠨ ᠤᠷᠤᠯᠳᠤᠭᠠᠨ ᠤ ᠮᠣᠷᠢ 40ᠰᠢᠬᠠᠮ ᠬᠦᠷᠴᠤ᠂ ᠱᠠᠩᠨᠡᠯ ᠤᠨ ᠮᠦᠩᠭᠦ ᠪᠤᠯᠤᠨ ᠠᠳᠤᠭᠤᠨ ᠤ ᠪᠤᠷᠤᠯᠠᠭᠤᠯᠭ᠎ᠠ ᠢᠢᠨ ᠮᠦᠩᠭᠦ ᠪᠠᠨ ᠰᠤᠷᠢᠯᠲᠠ ᠢᠢᠨ ᠲᠠᠯᠠᠪᠠᠢ ᠳᠠᠭᠠᠨ ᠵᠠᠷᠤᠴᠠᠭᠤᠯᠤᠨ᠂ ᠠᠵᠤ ᠦᠢᠯᠡᠰ ᠤᠨ ᠡᠷᠡᠭᠦᠯ ᠬᠥᠭ᠍ᠵᠢᠯ ᠤᠨ ᠱᠠᠲᠤᠨ ᠳᠠᠭᠠᠨ ᠤᠷᠤᠵᠤ᠂ ᠠᠳᠤᠭᠤ ᠪᠠᠨ ᠥᠰᠭᠡᠨ᠎ᠡ ᠭᠡᠰᠡᠨ ᠵᠠᠯᠠᠭᠤ ᠨᠠᠰᠤᠨ ᠤ ᠬᠦᠰᠡᠯᠡᠩ ᠪᠠᠨ ᠲᠡᠷᠭᠡᠯᠰᠢᠭᠦᠯᠵᠤ ᠵᠢᠳᠬᠦᠨᠡᠮ᠃