ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰᠤ

2025-04-01 09:51:56

ᠬᠠᠵᠠᠭᠠᠷ ᠤᠨ ᠴᠢᠮᠡᠭᠡ ᠲᠠᠢ ᠴᠡᠩᠬᠡᠷ ᠴᠠᠰᠤ

ᠪᠣᠳᠣᠯ ᠢ ᠮᠢᠨᠢ ᠠᠷᠢᠭᠤᠳᠬᠠᠬᠤ ᠭᠡᠵᠦ

ᠪᠤᠬᠢᠨᠢᠳᠤᠯ ᠢ ᠮᠢᠨᠢ ᠠᠷᠢᠯᠭᠠᠬᠤ ᠭᠡᠵᠦ ᠠᠷᠭᠠᠳᠠᠩᠬᠠᠨ ᠯᠠᠪᠰᠠᠯᠠᠨ᠎ᠠ

ᠬᠠᠵᠠᠭᠠᠷ ᠤᠨ ᠴᠢᠮᠡᠭᠡ ᠲᠠᠢ ᠴᠡᠩᠬᠡᠷ ᠴᠠᠰᠤ

ᠮᠥᠷᠥᠨ ᠤ ᠮᠢᠨᠢ ᠲᠣᠭᠤᠰᠣ ᠢᠢ ᠠᠷᠴᠢᠬᠤ ᠭᠡᠵᠦ

ᠮᠥᠷ ᠤᠨ ᠮᠢᠨᠢ ᠴᠡᠴᠡᠭᠡᠰ ᠢ ᠦᠨᠦᠰᠭᠦ ᠭᠡᠵᠦ ᠢᠨᠠᠭᠬᠠᠨ ᠬᠠᠶᠠᠯᠠᠨ᠎ᠠ

ᠬᠠᠵᠠᠭᠠᠷ ᠤᠨ ᠴᠢᠮᠡᠭᠡ ᠲᠠᠢ ᠴᠡᠩᠬᠡᠷ ᠴᠠᠰᠤ ᠳᠤᠷᠠᠯᠠᠯ ᠤᠨ ᠮᠢᠨᠢ

ᠦᠯᠢᠭᠡᠷ ᠢ ᠬᠠᠶᠢᠴᠢᠯᠠᠬᠤ ᠭᠡᠵᠦ ᠳᠤᠷᠠᠰᠤᠯ ᠤᠨ ᠮᠢᠨᠢ ᠰᠢᠵᠢᠮ ᠠᠴᠠ

ᠣᠭᠤᠰᠣᠷᠯᠠᠬᠤ ᠭᠡᠵᠦ ᠳᠡᠯᠪᠡᠯᠵᠡᠩᠬᠡᠨ ᠪᠠᠭᠤᠨ᠎ᠠ

ᠬᠠᠵᠠᠭᠠᠷ ᠤᠨ ᠴᠢᠮᠡᠭᠡ ᠲᠠᠢ ᠴᠡᠩᠬᠡᠷ ᠴᠠᠰᠤ

ᠰᠡᠳᠭᠢᠯ ᠤᠨ ᠮᠢᠨᠢ ᠰᠢᠷᠬ᠎ᠠ ᠢᠢ ᠠᠨᠠᠭᠠᠬᠤ ᠭᠡᠵᠦ

ᠢᠲᠡᠭᠡᠯ ᠤᠨ ᠮᠢᠨᠢ ᠬᠦᠴᠦ ᠢᠢ ᠨᠡᠮᠡᠬᠦ ᠭᠡᠵᠦ ᠪᠤᠲᠠᠷᠠᠩᠬᠠᠨ ᠪᠤᠷᠠᠨ᠎ᠠ

ᠬᠠᠵᠠᠭᠠᠷ ᠤᠨ ᠴᠢᠮᠡᠭᠡ ᠲᠠᠢ ᠴᠡᠩᠬᠡᠷ ᠴᠠᠰᠤ

ᠵᠡᠭᠦᠳᠦᠨ ᠤ ᠮᠢᠨᠢ ᠬᠠᠷ᠎ᠠ ᠳᠠᠷᠤᠭᠠᠰᠤ ᠢᠢ ᠰᠡᠷᠡᠭᠡᠬᠦ ᠭᠡᠵᠦ

ᠵᠢᠷᠦᠬᠡᠨ ᠤ ᠮᠢᠨᠢ ᠰᠢᠮᠰᠢᠷᠡᠭᠡ ᠢᠢ ᠦᠯᠳᠡᠬᠦ ᠭᠡᠵᠦ

ᠬᠤᠶᠢᠯᠠᠷᠠᠩᠬᠠᠨ ᠰᠢᠭᠤᠷᠠᠨ᠎ᠠ᠃

(ᠪᠠᠶᠠᠭᠤᠳ ᠨᠠᠷᠠᠩᠬᠤᠸᠠᠷ )

X