ᠮᠢᠨᠭᠭᠠᠨ ᠨᠣᠮ ᠤᠨ ᠠᠶᠠᠨ ᠤᠷᠳᠤᠰ ᠲᠤ

2025-03-09 09:39:07

3 ᠰᠠᠷ᠎ᠠ ᠢᠢᠨ 1  ᠤ ᠡᠳᠤᠷ᠂ ᠦᠪᠦᠷ ᠮᠤᠨᠭᠭᠤᠯ ᠤᠨ︽ ᠲᠤᠳᠤᠭᠠᠳᠤ ᠠᠽᠢᠶ᠎ᠠ ᠮᠤᠩᠭᠤᠯ ᠰᠤᠶᠤᠯ ᠤᠨ ᠨᠣᠮ ᠤᠨ ᠲᠡᠯᠭᠡᠭᠦᠷ︾ ᠪᠤᠯᠤᠨ ︽ᠪᠠᠶᠢᠨᠠᠤ︾ ᠲᠠᠪᠴᠠᠩ ᠠᠴᠠ ᠬᠠᠮᠳᠤᠷᠠᠨ ᠡᠷᠬᠢᠯᠡᠭ᠍ᠰᠡᠨ ︽ᠮᠢᠨᠭᠭᠠᠨ ᠨᠣᠮ ᠤᠨ ᠠᠶᠠᠨ ︱ ᠨᠤᠮ ᠤᠨ ᠴᠠᠭᠠᠨ ᠪᠤᠶᠠᠨ ᠵᠢᠡᠷ ᠢᠷᠡᠭᠡᠳᠦᠢ ᠪᠡᠨ ᠬᠡᠷᠡᠯᠲᠡᠭᠦᠯᠥᠶ᠎ᠡ︾ᠬᠡᠬᠦ ᠠᠵᠢᠯᠯᠠᠭ᠎ᠠ ᠦᠤᠰᠢᠨ ᠬᠤᠰᠢᠭᠤᠨ ᠤ ᠭᠠᠯᠠᠭᠤᠳᠤ ᠪᠠᠯᠭᠠᠰᠤᠨ ᠳᠤ ᠶᠠᠪᠤᠭᠳᠠᠵᠤ᠂ ᠨᠣᠮ ᠤᠨ ᠠᠭᠤᠯᠭ᠎ᠠ ᠢᠢ ᠭᠡᠤᠭᠡᠳ ᠪᠠᠭᠠᠴᠤᠳ ᠲᠤ ᠵᠦᠴᠦᠭᠡᠯᠡᠭᠦ᠂ ᠦᠯᠢᠭᠡᠷ ᠶᠠᠷᠢᠬᠤ᠂ ᠨᠠᠭᠠᠳᠬᠤ ᠵᠡᠷᠭᠡ ᠬᠡᠯᠪᠡᠷᠢ ᠪᠠᠷ ᠬᠢᠴᠢᠶᠡᠯᠯᠡᠭᠡ ᠬᠢᠭ᠍ᠰᠡᠨ ᠤ ᠬᠠᠮᠳᠤ ᠭᠡᠷ ᠤᠨ ᠠᠬᠠᠮᠠᠳ ᠲᠤ ᠭᠡᠷᠬᠢᠨ ᠦᠷ᠎ᠡ ᠭᠡᠤᠭᠡᠳ ᠲᠠᠢ ᠪᠠᠨ ᠬᠠᠮᠳᠤ ᠨᠣᠮ ᠣᠩᠰᠢᠬᠤ ᠲᠤᠬᠠᠢ ᠬᠢᠴᠢᠶᠠᠯ ᠲᠠᠶᠢᠯᠤᠮᠵᠢ ᠬᠢᠯ᠎ᠠ᠃

ᠡᠬᠦᠨ ᠤ ᠳᠠᠭᠠᠤ ᠤᠯᠤᠰ ᠤᠨ ᠳᠤᠲᠤᠭᠠᠳᠤ ᠭᠠᠳᠠᠭᠠᠲᠤ ᠢᠢᠨ ᠰᠤᠩᠭᠤᠳᠠᠭ ᠬᠡᠤᠬᠡᠳ ᠤᠨ ᠨᠤᠮ ᠢ ᠲᠠᠨᠢᠯᠴᠠᠭᠤᠯᠤᠭᠰᠠᠨ ᠨᠢ ᠭᠡᠷ ᠤᠨ ᠠᠬᠠᠮᠠᠳ ᠤᠨ ᠬᠡᠤᠬᠡᠳ ᠤᠨ ᠢᠶᠠᠨ ᠨᠠᠰᠤᠨ ᠤ ᠤᠨᠴᠠᠯᠢᠭ ᠲᠤ ᠨᠢ ᠲᠤᠬᠢᠷᠠᠭᠰᠠᠨ ᠨᠤᠮ ᠢ ᠰᠤᠩᠭᠤᠬᠤ ᠵᠦᠭ᠍ᠯᠡᠭᠦᠷ ᠪᠤᠯᠤᠨ ᠴᠢᠭ᠍ᠯᠡᠯ ᠢ ᠵᠢᠭᠠᠵᠤ ᠦᠭ᠍ᠭᠦᠭ᠍ᠰᠡᠨ ᠤ ᠬᠠᠮᠲᠤ ᠬᠡᠤᠬᠡᠳ ᠤᠨ ᠨᠤᠮ ᠤᠩᠰᠢᠬᠤ ᠤᠷᠠᠮᠰᠢᠯ ᠢ ᠬᠢᠷᠬᠢᠨ ᠲᠠᠶᠢᠴᠢᠯᠠᠬᠤ ᠲᠠᠯ᠎ᠠ ᠪᠠᠷ ᠶᠡᠬᠡᠬᠡᠨ ᠲᠤᠰᠠ ᠳᠡᠮᠵᠢᠯᠭᠡ ᠪᠤᠯᠤᠭᠰᠠᠨ ᠪᠠᠶᠢᠨ᠎ᠠ᠃᠂ ᠡᠨᠡᠭᠦ ︽ᠮᠢᠨᠭᠭᠠᠨ ᠨᠣᠮ ᠤᠨ ᠠᠶᠠᠨ︾ ᠤ ᠠᠩᠬᠠᠨ ᠤ ᠦᠷᠳᠡᠭᠡ ᠨᠢ ᠦᠤᠰᠢᠨ ᠬᠤᠰᠢᠭᠤᠨ ᠠᠴᠠ ᠡᠬᠢᠯᠡᠵᠦ᠂ ᠲᠠᠷᠠᠭ᠎ᠠ ᠡᠳᠦᠷ ᠨᠢ ᠬᠢᠶ᠎ᠠ ᠪᠠᠭᠰᠢ ᠲᠤᠭᠤᠷᠢᠭ ᠳ᠋ᠡᠬᠢ ᠤᠷᠳᠤᠰ ᠬᠤᠲᠠ ᠵᠢᠨ ᠨᠤᠮ ᠤᠨ ᠰᠠᠡᠭ ᠳ᠋ᠤ ᠶᠠᠪᠤᠭᠳᠠᠯ᠎ᠠ᠃ ᠡᠬᠦᠨ ᠤ ᠲᠠᠷᠠᠭᠠᠴᠢ ᠪᠠᠷ ᠦᠪᠦᠷ ᠮᠤᠩᠭᠤᠯ ᠤᠨ ᠠᠷᠪᠠᠨ ᠬᠤᠶᠠᠷ ᠠᠶᠢᠮᠠᠭ ᠬᠤᠳᠠ ᠪᠠᠷ ᠠᠶᠠᠯᠠᠨ ᠶᠠᠪᠤᠵᠤ ᠤᠩᠰᠢᠭᠴᠢᠳ ᠲᠤ ᠰᠤᠩᠭᠤᠳᠠᠭ ᠰᠤᠳᠣᠨ ᠨᠣᠮ ᠲᠠᠨᠢᠯᠴᠠᠭᠤᠯᠬᠤ ᠢᠢᠨ ᠬᠠᠮᠳᠤ ᠡᠴᠢᠭᠡ ᠡᠭᠡᠴᠤᠳ ᠲᠤ ︽ᠦᠷ᠎ᠡ ᠭᠡᠤᠭᠡᠳ ᠤᠨ ᠢᠶᠠᠨ ᠨᠣᠮ ᠤᠩᠰᠢᠬᠤ ᠲᠠᠳᠬᠠᠯ ᠢ ᠪᠦᠷᠢᠯᠳᠦᠭᠦᠯᠬᠦ ᠰᠡᠳᠭᠢᠮᠵᠢ ᠪᠤᠯᠤᠨ ᠠᠷᠭ᠎ᠠ︾ ᠢᠢᠨ ᠲᠤᠬᠠᠢ ᠲᠠᠶᠢᠯᠤᠮᠵᠢ ᠬᠢᠭᠦ ᠪᠤᠯᠤᠨ᠎ᠠ᠃ ᠮᠦᠨ ᠴᠤ ᠠᠬᠤᠢ ᠲᠠᠯᠠᠪᠡᠢ ᠳᠤ ᠬᠡᠤᠬᠡᠳ ᠤᠳ ᠤᠨ ᠨᠠᠰᠤᠨ ᠤ ᠤᠨᠴᠠᠯᠢᠭ ᠲᠤ ᠨᠢ ᠲᠤᠬᠢᠷᠠᠬᠤ ᠵᠢᠷᠤᠭᠲᠤ ᠨᠤᠮ ᠢ ᠳᠡᠯᠭᠡᠨ ᠪᠤᠷᠤᠯᠠᠭᠤᠯᠬᠤ ᠪᠤᠯᠤᠨ᠎ᠠ᠃

X