ᠰᠤᠷᠬᠤ ᠢᠢᠨ ᠡᠷᠬᠢᠮ ᠢᠨᠦ ᠬᠠᠯᠠᠰᠢᠷᠠᠯ ᠦᠭᠡᠢ ᠳᠤᠷ ᠠᠮᠤᠢ

2025-03-16 05:36:57

︽ᠬᠦᠮᠦᠨ ᠤ ᠡᠷᠬᠢᠮ ᠢᠨᠤ ᠰᠦᠰᠦ ᠵᠤᠷᠢᠭ ᠲᠤᠷ ᠠᠮᠤᠢ᠂ ᠰᠤᠷᠬᠤ ᠢᠢᠨ ᠡᠷᠬᠢᠮ ᠢᠨᠤ ᠬᠠᠯᠠᠰᠢᠷᠠᠯ ᠦᠭᠡᠢ ᠳᠤᠷ ᠠᠮᠤᠢ︾᠃ ᠡᠨ᠋ᠨ ᠪᠤᠯ ᠬᠦᠮᠦᠨ ᠲᠦᠷᠦᠯᠬᠢᠳᠠᠨ ᠤ ᠤᠷᠳᠤ ᠤᠳᠠᠭᠠᠨ ᠬᠤᠭᠤᠴᠠᠭᠠᠨ ᠤ ᠦᠢᠯᠡᠳᠦᠯᠭᠡ ᠪᠠᠷ ᠭᠡᠷᠡᠴᠢᠯᠡᠭ᠍ᠳᠡᠭ᠍ᠰᠡᠨ ᠦᠨᠡᠨ ᠶᠤᠰᠤ ᠪᠠᠶᠢᠭ᠎ᠠ᠃ ᠡᠨ᠋ᠨ ᠨᠢ ᠬᠦᠮᠦᠨ ᠤ ᠬᠠᠮᠤᠭ ᠤᠨ ᠡᠷᠬᠢᠮ ᠵᠤᠶᠢᠯ ᠪᠤᠯ ᠰᠦᠰᠦ ᠵᠤᠷᠢᠭ ᠲᠠᠢ ᠪᠠᠶᠢᠬᠤ᠂ ᠰᠤᠷᠤᠯᠴᠠᠬᠤ ᠢᠢᠨ ᠬᠠᠮᠤᠭ ᠵᠠᠩᠭᠢᠯᠠᠭ᠎ᠠ ᠪᠤᠯ ᠬᠠᠯᠠᠰᠢᠷᠠᠯ ᠦᠭᠡᠢ ᠪᠠᠶᠢᠬᠤ ᠵᠤᠷᠢᠭ ᠰᠠᠨᠠᠭ᠎ᠠ ᠮᠦᠨ ᠭᠡᠰᠡᠨ ᠢ ᠬᠦᠨ ᠬᠦᠨᠵᠡᠭᠡᠢ ᠲᠤᠳᠤᠷᠬᠠᠶᠢᠯᠠᠭᠰᠠᠨ ᠪᠠᠶᠢᠨ᠎ᠠ᠃

ᠯᠢ ᠪᠠᠢ ︽ᠰᠢᠯᠦᠭ ᠤᠨ ᠰᠠᠬᠢᠭᠤᠯᠰᠤᠨ︾ ᠪᠤᠯᠤᠭᠰᠠᠨ ᠨᠢ ᠲᠡᠭᠦᠨ ᠤ ᠲᠦᠷᠦᠯᠬᠢ ᠰᠡᠴᠡᠨ ᠰᠡᠷᠭᠦᠯᠡᠩ ᠠᠴᠠ ᠭᠠᠳᠠᠨ᠎ᠠ ᠨᠡᠩ ᠴᠢᠬᠤᠯᠨ ᠨᠢ︽ᠰᠢᠳᠠᠮ ᠪᠢᠯᠡᠭᠦᠳᠡᠭᠡᠳ ᠵᠠᠭᠦᠦ ᠪᠤᠯᠭᠠᠭᠰᠠᠨ︾ᠦᠯᠢᠭᠡᠷ ᠲᠡᠭᠦᠨ ᠳᠤ ᠰᠡᠩᠬᠡᠷᠡᠭᠦᠯᠦᠯ ᠦᠭ᠍ᠭᠦᠭ᠍ᠰᠡᠨ ᠲᠠᠢ ᠨᠢᠭᠳᠠ ᠬᠠᠷᠢᠴᠠᠭ᠎ᠠ ᠲᠠᠢ᠃ ᠡᠭᠦᠨ ᠠᠴᠠ ᠪᠤᠯᠤᠭᠠᠳ ᠲᠡᠷᠨ ᠬᠠᠳᠠᠭᠤ ᠪᠡᠷᠬᠡ ᠰᠤᠷᠤᠯᠭ᠎ᠠ ᠢᠢᠨ ᠵᠠᠮ ᠢ ᠬᠠᠯᠠᠰᠢᠷᠠᠯ ᠦᠭᠡᠢ ᠬᠦᠭᠡᠭᠡᠵᠦ᠂ ᠡᠴᠤᠰ ᠲᠡᠭᠡᠨ ᠤᠯᠠᠨ ᠠᠴᠠ ᠴᠤᠯᠭᠤᠷᠠᠭᠰᠠᠨ ᠢᠷᠠᠭᠤ ᠨᠠᠶᠢᠷᠠᠭᠴᠢ ᠪᠤᠯᠵᠤ᠂ ᠤᠳᠭ᠎ᠠ ᠵᠤᠬᠢᠶᠠᠯ ᠤᠨ ᠲᠡᠤᠬᠡᠨ ᠳᠤ ᠮᠦᠩᠬᠡ ᠬᠦᠰᠢᠶ᠎ᠡ ᠪᠤᠰᠬᠠᠵᠠᠢ᠃ ᠡᠶᠢᠮᠦ ᠠᠴᠠ ᠮᠡᠳᠡᠯᠭᠡ ᠰᠤᠷᠬᠤ ᠨᠢ ᠲᠠᠪᠠᠵᠤ ᠪᠤᠯᠤᠰᠢ ᠦᠭᠡᠢ ᠲᠠᠪᠠᠭ᠎ᠠ ᠪᠢᠰᠢ᠂ ᠵᠦᠪᠬᠡᠨ ᠬᠠᠯᠠᠰᠢᠷᠠᠯ ᠦᠭᠡᠢ ᠬᠠᠳᠠᠭᠤ ᠰᠢᠷᠭᠠᠭᠤ ᠴᠢᠷᠮᠠᠶᠢᠳᠠᠭ ᠯᠨ ᠶᠤᠮ ᠪᠤᠯ ᠯᠠᠪᠳᠠᠢ ᠤᠷᠬᠢᠯ ᠳᠤ ᠨᠢ ᠭᠠᠷᠴᠤ ᠤᠮᠤᠭᠯᠠᠭᠤᠨ ᠵᠤᠭᠰᠤᠵᠤ᠂ ᠤᠯᠪᠠᠰᠤ ᠵᠤᠬᠢᠬᠤ ᠦᠷ᠎ᠡ ᠪᠦᠳᠦᠭᠡᠯ ᠢᠶᠠᠨ ᠤᠯᠵᠤ ᠴᠢᠳᠠᠬᠤ ᠶᠤᠮ᠃

ᠲᠡᠯᠡᠬᠡᠢ ᠲᠡᠭᠡᠷ᠎ᠡ ᠯᠢ ᠪᠠᠢ ᠰᠢᠭ ᠵᠤᠷᠢᠭ ᠰᠠᠨᠠᠭ᠎ᠠ ᠲᠠᠢ ᠡᠷᠳᠡᠮᠳᠡᠨ ᠮᠠᠰᠢ ᠤᠯᠠᠨ ᠪᠠᠶᠢᠭ᠎ᠠ ᠪᠢᠰᠢᠦ︖ ᠮᠠᠷᠺᠰ ᠤᠨ ᠠᠪᠢᠶᠠᠰ ᠴᠢᠳᠠᠪᠤᠷᠢ ᠬᠦᠮᠦᠨ ᠢ ᠰᠤᠴᠢᠭᠠᠮ᠎ᠠ ᠶᠤᠮ᠂ ᠡᠨ᠋ᠨ ᠨᠢ ᠲᠡᠭᠦᠨ ᠤ ᠬᠠᠨᠯᠰᠢᠷᠠᠯ ᠦᠭᠡᠢ ᠬᠠᠳᠠᠨ ᠵᠤᠷᠢᠭ ᠲᠠᠢ ᠰᠤᠷᠤᠯᠴᠠᠭᠰᠠᠨ ᠠᠴᠠ ᠪᠤᠯᠤᠭᠰᠠᠨ ᠨᠢ ᠮᠠᠷᠭᠤᠰᠢ ᠦᠭᠡᠢ᠃ ᠲᠡᠷᠨ ︽ᠰᠢᠨᠵᠢᠯᠡᠬᠦ ᠤᠬᠠᠭᠠᠨ ᠳᠤ ᠰᠠᠷᠠᠭᠤᠯ ᠲᠠᠷᠳᠠᠩ ᠵᠠᠮ ᠭᠡᠵᠦ ᠪᠠᠶᠢᠳᠠᠭ ᠦᠭᠡᠢ᠂ ᠵᠦᠪᠬᠡᠨ ᠬᠦᠴᠢᠷ ᠪᠡᠷᠬᠡᠰᠢᠶᠡᠯ ᠢ ᠬᠠᠶᠢᠬᠤᠷᠤᠯ ᠦᠭᠡᠢ ᠪᠠᠷ ᠠᠰᠭ᠎ᠠ ᠬᠠᠳᠠᠨ ᠳᠤ ᠠᠪᠠᠷᠢᠭᠴᠢ ᠰᠠᠶ᠋ᠢ ᠭᠡᠷᠡᠯ ᠰᠠᠴᠤᠷᠠᠩᠭᠤᠢ ᠲᠤᠶᠠᠭᠠᠳᠤ ᠤᠷᠭᠢᠯ ᠳᠤ ᠨᠢ ᠬᠦᠷᠴᠦ ᠴᠢᠳᠠᠳᠠᠭ︾ ᠭᠡᠵᠡᠢ᠃ ᠯᠤ ᠰᠢᠶᠦ᠋ᠨ ᠤ ᠤᠳᠭ᠎ᠠ ᠵᠤᠬᠢᠶᠠᠯ ᠤᠨ ᠪᠤᠯᠪᠠᠰᠤᠷᠠᠯ ᠤᠯᠠᠨ ᠠᠴᠠ ᠬᠡᠳᠦᠢᠳᠦᠭ᠍ᠰᠡᠨ ᠨᠢ ᠦᠨᠡᠨ ᠪᠤᠳᠠᠳᠠᠢ᠃ ᠡᠨ᠋ᠨ ᠨᠢ ᠮᠦᠨ ᠴᠤ ᠲᠡᠭᠦᠨ ᠤ ᠬᠠᠯᠠᠰᠢᠷᠠᠯ ᠦᠭᠡᠢ ᠬᠠᠳᠠᠭᠤ ᠰᠢᠷᠭᠠᠭᠤ ᠰᠤᠷᠤᠯᠴᠠᠭᠰᠠᠨ ᠤ ᠦᠷ᠎ᠡ ᠳ᠋ᠦᠩ ᠪᠠᠶᠢᠭ᠎ᠠ᠃ ᠲᠡᠷᠨ ︽ᠲᠦᠷᠦᠯᠬᠢ ᠠᠪᠢᠶᠠᠰ ᠴᠢᠳᠠᠪᠤᠷᠢᠳᠠᠨ ᠭᠡᠵᠦ ᠪᠠᠶᠢᠳᠠᠭ ᠦᠭᠡᠢ᠃ ᠪᠢ ᠵᠦᠪᠬᠡᠨ ᠦᠭᠡᠷ᠎ᠡ ᠪᠤᠰᠤᠳ ᠤᠨ ᠺᠤᠹᠧ ᠤᠤᠭᠤᠬᠤ ᠴᠠᠭ ᠢ ᠠᠵᠢᠯ ᠳ᠋ᠠᠭᠠᠨ ᠵᠠᠷᠤᠴᠠᠭᠤᠯᠤᠭᠰᠠᠨ ᠲᠡᠳᠦᠢ᠂ ᠴᠠᠭ ᠢ ᠡᠵᠡᠮᠰᠢᠵᠦ ᠲᠡᠶᠢᠯᠪᠡᠯ ᠲᠠᠷᠤᠢ ᠠᠮᠢ ᠨᠠᠰᠤ ᠪᠠᠨ ᠤᠷᠳᠤᠳᠬᠠᠭᠰᠠᠨ ᠶᠠᠪᠤᠳᠠᠯ ᠪᠤᠯᠤᠨ᠎ᠠ︾ ᠭᠡᠵᠦ ᠬᠡᠯᠡᠵᠦ ᠦᠩᠭᠡᠷᠡᠭ᠍ᠰᠡᠨ ᠪᠢᠯᠨ᠃ ᠪᠧᠲ᠋ᠤᠹᠧᠨ ᠪᠤᠯ ᠲᠡᠯᠡᠬᠡᠢ ᠳᠤ ᠠᠯᠳᠠᠷᠰᠢᠭᠰᠠᠨ ᠬᠦᠭ᠍ᠵᠢᠮᠴᠢᠨ᠃ ᠲᠡᠷᠨ ᠴᠤ ᠠᠷᠢᠭᠤᠨ ᠦᠢᠯᠡᠰ ᠤᠨ ᠢᠶᠠᠨ ᠲᠦᠯᠦᠭᠡ ᠠᠯᠢᠪᠠ ᠪᠠᠨ ᠵᠤᠷᠢᠭᠤᠯᠵᠤ᠂ ᠠᠰᠢᠳᠠ ᠢᠢᠨ ᠴᠢᠷᠮᠠᠶᠢᠯᠭ᠎ᠠ ᠪᠠᠷ ᠢᠶᠠᠨ ᠠᠮᠵᠢᠯᠳᠠ ᠤᠯᠬᠤ ᠪᠠᠷ ᠵᠢᠳᠬᠦᠭ᠍ᠰᠡᠳ ᠤᠨ ᠬᠡᠪ ᠲᠠᠭᠤᠷᠢᠶᠠᠯ ᠮᠦᠨ᠃ ᠲᠡᠷᠨ ︽ᠪᠢᠷ ᠬᠦᠳᠡᠯᠭᠡᠬᠦ ᠦᠭᠡᠢ ᠡᠳᠦᠷ ᠭᠡᠵᠦ ᠠᠯᠠᠭ᠎ᠠ᠂ ᠬᠡᠷᠪᠡ ᠪᠢ ᠵᠠᠷᠢᠮ ᠴᠠᠭ ᠲᠤ ᠤᠷᠠᠯᠢᠭ ᠤᠨ ᠰᠠᠬᠢᠭᠤᠯᠰᠤᠨ ᠢ ᠲᠤᠭᠬᠢᠯᠭᠡᠳᠡᠭ ᠤᠴᠢᠷ ᠪᠠᠶᠢᠪᠠᠴᠤ ᠲᠡᠭᠦᠨ ᠢ ᠰᠡᠷᠢᠭ᠍ᠰᠡᠨ ᠤ ᠬᠤᠶᠢᠨ᠎ᠠ ᠤᠷᠮ᠎ᠠ ᠪᠠᠬ᠎ᠠ ᠢᠢ ᠨᠢ ᠨᠡᠩ ᠢᠯᠡᠭᠦᠦ ᠪᠠᠳᠠᠷᠠᠭᠤᠯᠬᠤ ᠢᠢᠨ ᠲᠦᠯᠦᠭᠡ ᠶᠤᠮ︾ ᠭᠡᠵᠦ ᠬᠡᠯᠡᠵᠡᠢ᠃

ᠭᠡᠳᠡᠯ᠎ᠡ ᠵᠠᠷᠢᠮ ᠬᠦᠮᠦᠨ ︽ᠰᠤᠷᠬᠤ ᠢᠢᠨ ᠡᠷᠬᠢᠮ ᠢᠨᠤ ᠬᠠᠯᠠᠰᠢᠷᠠᠯ ᠦᠭᠡᠢ ᠳᠤᠷ ᠠᠮᠤᠢ︾ ᠭᠡᠬᠦ ᠶᠤᠰᠤ ᠢᠢ ᠤᠶᠢᠯᠠᠭᠠᠬᠤ ᠦᠭᠡᠢ᠂ ︽ᠡᠳᠦᠷ ᠡᠳᠦᠷ ᠰᠤᠷᠤᠯᠴᠠᠬᠤ ᠨᠢ ᠲᠠᠩᠴᠤ ᠴᠤᠯᠭᠤᠢ︾ ᠭᠡᠳᠡᠭ᠃ ᠵᠠᠷᠢᠮ ᠬᠦᠮᠦᠨ ᠠᠯᠤᠰ ᠤᠨ ᠬᠦᠰᠡᠯᠡᠩ ᠲᠠᠢ ᠴᠤ ᠡᠭᠦᠨ ᠢᠶᠠᠨ ᠪᠡᠶᠡᠯᠡᠭᠦᠯᠬᠦ ᠢᠢᠨ ᠲᠦᠯᠦᠭᠡ ᠴᠦᠬᠦᠷᠡᠯ ᠦᠭᠡᠢ ᠴᠢᠷᠮᠠᠶᠢᠳᠠᠭ ᠦᠭᠡᠢ ᠪᠤᠯᠬᠤᠷ ᠬᠡᠵᠢᠶᠡᠳᠡ ᠪᠠᠨ ᠪᠡᠶᠡᠯᠡᠭᠦᠯᠵᠦ ᠲᠡᠶᠢᠯᠳᠡᠭ ᠦᠭᠡᠢ᠃ ᠹᠠᠷᠠᠨᠼᠢ ᠢᠢᠨ ᠵᠤᠬᠢᠶᠠᠯᠴᠢ ᠵᠤᠷᠵ᠂ ᠰᠠᠨ ︽ᠾᠧᠷᠠᠼ︾ ᠭᠡᠬᠦ ᠦᠭᠦᠯᠡᠯᠭᠡ ᠳ᠋ᠡᠬᠡᠨ ᠬᠦᠰᠡᠯᠡᠩ ᠤᠨ ᠢᠶᠠᠨ ᠲᠦᠯᠦᠭᠡ ᠤᠷᠭᠢᠵᠤ ᠤᠩᠭᠢᠷᠠᠭᠰᠠᠨ᠂ ᠴᠠᠭᠠᠰᠢᠯᠠᠪᠠᠯ ᠵᠡᠭᠦᠳᠤᠨ ᠳ᠋ᠠᠭᠠᠨ ᠠᠤᠭ᠎ᠠ ᠦᠢᠯᠡᠰ ᠢ ᠬᠦᠭᠡᠭᠡᠴᠡᠯᠳᠦᠳᠡᠭ ᠴᠤ ᠪᠤᠳᠠᠳᠠᠢ ᠬᠢᠬᠦ ᠢᠢᠨ ᠦᠶ᠎ᠡ ᠳᠤ ᠭᠠᠷ ᠢᠶᠠᠨ ᠨᠤᠬᠤᠯᠠᠨ ᠭᠠᠴᠢᠭᠳᠠᠵᠤ᠂ ᠤᠷᠮ᠎ᠠ ᠬᠤᠭᠤᠷᠠᠨ ᠤᠷᠤᠭᠤ ᠴᠢᠷᠠᠶᠢᠯᠠᠵᠤ᠂ ᠨᠢᠭᠡ ᠪᠦᠳᠦᠷᠢᠮᠡᠭ᠍ᠴᠡ ᠨᠢᠭᠡᠮᠤᠰᠤᠨ ᠲᠤᠷᠤᠶᠢᠳᠠᠳᠠᠭ᠂ ᠰᠤᠷᠤᠯᠴᠠᠬᠤ ᠳ᠋ᠠᠭᠠᠨ ᠬᠠᠯᠠᠭᠤᠨ ᠲᠠᠢ᠂ ᠬᠦᠢᠳᠡᠨ ᠲᠠᠢ᠂ ᠴᠠᠯᠠᠭᠠᠢ ᠬᠠᠭᠤᠳᠠᠮ ᠢᠶᠠᠷ ᠴᠠᠭ ᠢ ᠨᠦᠭ᠍ᠴᠢᠭᠡᠨ᠂ ᠰᠢᠳᠢ ᠭᠠᠷᠭᠠᠨ᠎ᠠ ᠭᠡᠳ ᠰᠢᠪᠰᠢᠭ ᠢᠶᠠᠨ ᠦᠵᠡᠭᠦᠯᠦᠭ᠍ᠰᠡᠨ ᠨᠢᠭᠡ ᠨᠡᠶᠢᠳᠡᠯᠢᠭ ᠲᠦᠷᠢ ᠢᠢ ᠪᠦᠳᠦᠭᠡᠭ᠍ᠰᠡᠨ ᠪᠠᠶᠢᠳᠠᠭ᠃ ᠡᠳᠡᠭᠡᠷ ᠨᠢ ᠠᠮᠵᠢᠯᠳᠠ ᠪᠦᠳᠦᠭᠡᠯ ᠤᠯᠤᠶ᠎ᠠ ᠭᠡᠪᠡᠯ ᠡᠷᠬᠡᠪᠰᠢ ᠭᠡᠯᠡᠬᠦ ᠬᠢᠬᠦ ᠨᠢᠭᠡᠳᠦᠯᠳᠠᠢ ᠪᠠᠶᠢᠵᠤ᠂ ᠯᠠᠪᠳᠠᠭᠤᠨ ᠪᠠᠳᠤᠳᠠᠢ᠂ ᠴᠦᠬᠦᠷᠡᠯ ᠦᠭᠡᠢ ᠪᠠᠷ ᠲᠤᠯᠭᠠᠷᠠᠵᠤ ᠢᠷᠡᠭ᠍ᠰᠡᠨ ᠬᠦᠴᠢᠷ ᠢ ᠲᠤᠭᠤᠯᠵᠤ ᠭᠠᠷᠬᠤ ᠵᠤᠷᠢᠭ ᠲᠠᠢ ᠪᠠᠶᠢᠬᠤ ᠬᠡᠷᠡᠭ᠍ᠳᠡᠢ ᠭᠡᠳᠡᠭ ᠢ ᠨᠤᠳᠠᠳᠠᠢ ᠭᠡᠷᠡᠴᠢᠯᠡᠵᠡᠢ᠃

ᠰᠢᠶᠦ᠋ᠨᠽᠢ ᠢᠢᠨ ᠬᠡᠯᠡᠭ᠍ᠰᠡᠨ ︽ᠬᠠᠳᠠᠭᠤ ᠵᠤᠷᠢᠭ ᠰᠢᠨᠳᠠᠷᠠᠰᠢ ᠦᠭᠡᠢ ᠪᠠᠶᠢᠪᠠᠯ ᠬᠠᠳᠠ ᠢᠢ ᠴᠤ ᠰᠡᠶᠢᠯᠵᠦ ᠲᠡᠶᠢᠯᠦᠨ᠎ᠡ᠂ ᠦᠴᠦᠬᠡᠨ ᠪᠡᠷᠬᠡ ᠳᠤ ᠡᠪᠦᠳᠦᠭ ᠨᠤᠭᠤᠷᠠᠪᠠᠯ ᠦᠭᠢᠷᠡᠭ᠍ᠰᠡᠨ ᠮᠤᠳᠤ ᠢᠢ ᠴᠤ ᠬᠤᠭᠤᠯᠵᠤ ᠲᠡᠶᠢᠯᠬᠦ ᠦᠭᠡᠢ︾ ᠭᠡᠰᠡᠨ ᠨᠢ ᠡᠨ᠋ᠨ ᠯᠨ ᠶᠤᠰᠤ ᠪᠠᠶᠢᠭ᠎ᠠ᠃ ᠰᠤᠷᠤᠯᠴᠠᠬᠤ ᠶᠠᠪᠤᠴᠠ ᠪᠤᠯ ᠲᠠᠰᠤᠷᠠᠯ ᠦᠭᠡᠢ ᠬᠦᠴᠢᠷ ᠪᠡᠷᠬᠡ ᠢᠢ ᠢᠯᠠᠵᠤ᠂ ᠵᠦᠷᠢᠴᠡᠯ ᠢ ᠰᠢᠢᠳᠪᠦᠷᠢᠯᠡᠬᠦ ᠶᠠᠪᠤᠴᠠ ᠮᠦᠨ᠃ ᠡᠨ᠋ᠨ ᠨᠢ ᠶᠠᠭ ᠡᠮᠦᠨ᠎ᠡ ᠹᠷᠤᠨᠲ ᠢᠢᠨ ᠲᠠᠶᠢᠨ ᠤ ᠲᠠᠯᠠᠪᠤᠷ ᠲᠠᠢ ᠠᠳᠠᠯᠢ ᠬᠡᠨ ᠬᠡᠷᠪᠡ ᠡᠴᠤᠰ ᠲᠤ ᠨᠢ ᠲᠤᠯᠳᠠᠯ᠎ᠠ ᠲᠡᠮᠡᠴᠡᠬᠦ ᠦᠭᠡᠢ ᠪᠤᠯ ᠤᠯᠤᠭᠰᠠᠨ ᠠᠮᠵᠢᠯᠳᠠ ᠪᠠᠨ ᠨᠢᠭᠡᠮᠤᠰᠤᠨ ᠠᠯᠳᠠᠵᠤ ᠢᠯᠠᠭᠳᠠᠬᠤ ᠪᠤᠯᠤᠨ᠎ᠠ᠃ ᠰᠢᠨᠵᠢᠯᠡᠬᠦ ᠤᠬᠠᠭᠠᠨᠴᠢ ᠮᠡᠳᠡᠯᠭᠡ ᠪᠤᠯ ᠭᠡᠷᠡᠯ ᠰᠠᠴᠤᠷᠠᠩᠭᠤᠢ᠂ ᠬᠠᠷᠠᠭ᠎ᠠ ᠲᠦᠭᠦᠷᠡᠩ ᠬᠠᠰ ᠡᠷᠳᠡᠨᠢ ᠢᠢᠨ ᠰᠠᠩ ᠬᠦᠮᠦᠷᠭᠡ᠃ ᠬᠦᠮᠦᠰ ᠲᠡᠭᠦᠨ ᠢ ᠲᠠᠰᠤᠷᠠᠯ ᠦᠭᠡᠢ ᠬᠠᠶᠢᠨ ᠰᠦᠪᠡᠭ᠍ᠴᠢᠯᠡᠵᠦ ᠰᠢᠮ᠎ᠡ ᠲᠡᠵᠢᠭᠡᠯ ᠢ ᠨᠢ ᠰᠢᠩᠭᠡᠭᠡᠨ ᠠᠪᠬᠤ ᠴᠢᠬᠤᠯᠠᠳᠠᠢ᠃ ᠮᠡᠳᠡᠯᠭᠡ ᠰᠤᠷᠬᠤ ᠨᠢ ᠠᠯᠠᠭ᠎ᠠ ᠡᠷᠭᠢᠭᠦᠯᠬᠦ ᠰᠢᠭ ᠠᠮᠠᠷᠬᠠᠨ ᠪᠦᠳᠦᠳᠡᠭ ᠤᠴᠢᠷ ᠪᠢᠰᠢ᠂ ᠬᠠᠳᠠᠭᠤ ᠰᠢᠷᠭᠠᠭᠤ ᠴᠢᠷᠮᠠᠶᠢᠯᠭ᠎ᠠ ᠢᠢ ᠲᠠᠮᠵᠢᠮᠠᠨᠵᠢᠨ ᠰᠠᠶ᠋ᠢ ᠬᠦᠮᠦᠨ ᠲᠦᠷᠦᠯᠬᠢᠳᠠᠨ ᠤ ᠡᠭᠦᠳᠦᠨ ᠪᠦᠳᠦᠭᠡᠭ᠍ᠰᠡᠨ ᠮᠡᠳᠡᠯᠭᠡ ᠢᠢᠨ ᠡᠬᠢ ᠪᠠᠶᠠᠯᠢᠭ ᠢ ᠡᠵᠡᠮᠰᠢᠵᠦ᠂ ᠤᠶᠤᠨ ᠤᠬᠠᠭᠠᠨ ᠢᠶᠠᠨ ᠪᠠᠶᠠᠯᠢᠭᠵᠢᠭᠤᠯᠤᠨ᠂ ᠰᠢᠨᠵᠢᠯᠡᠬᠦ ᠤᠬᠠᠭᠠᠨ᠂ ᠤᠷᠠᠯᠢᠭ ᠤᠨ ᠲᠠᠯ᠎ᠠ ᠪᠠᠷ ᠠᠮᠵᠢᠯᠳᠠ ᠤᠯᠵᠤ ᠴᠢᠳᠠᠨ᠎ᠠ᠃ ᠳ᠋᠊᠂ ᠸᠢᠨᠴ ᠬᠡᠷᠪᠡ ᠦᠨᠳᠡᠭᠡ ᠵᠢᠷᠤᠬᠤ ᠠᠴᠠ ᠡᠬᠢᠯᠡᠵᠦ ᠡᠳᠦᠷ ᠪᠤᠯᠭᠠᠨ ᠤᠳᠠᠭᠠᠨ ᠲᠠᠭᠠᠭᠠᠮᠠᠭᠠᠢ ᠪᠠᠷ ᠦᠨᠳᠦᠰᠦᠨ ᠪᠤᠯᠪᠠᠰᠤᠷᠠᠯ ᠢ ᠬᠢᠭ᠍ᠰᠡᠨ ᠦᠭᠡᠢ ᠪᠤᠯ ᠠᠯᠳᠠᠷᠳᠤ ᠤᠷᠠᠨ ᠵᠢᠷᠤᠭᠴᠢᠨ ᠪᠤᠯᠵᠤ ᠴᠢᠳᠠᠨ᠎ᠠ ᠭᠡᠵᠢ ᠤᠤ︖ ᠤᠳᠤ ᠪᠤᠯᠳᠠᠯ᠎ᠠ ᠯᠤᠳᠤ ᠶᠡᠭᠡ ᠰᠤᠨᠢᠷᠬᠠᠯ ᠤᠨ ᠬᠦᠴᠦᠨ ᠲᠠᠢ ᠪᠠᠶᠢᠭ᠎ᠠ ︽ᠬᠠᠮᠤᠭ ᠰᠡᠭᠦᠯᠴᠢ ᠢᠢᠨ ᠣᠷᠣᠢ ᠢᠢᠨ ᠬᠣᠭᠣᠯᠠ︾ ᠁ ᠵᠡᠷᠭᠡ ᠠᠭᠤᠤ ᠶᠡᠬᠡ ᠪᠦᠳᠦᠭᠡᠯ ᠢ ᠪᠦᠳᠦᠭᠡᠵᠦ ᠲᠡᠶᠢᠯᠦᠨ᠎ᠡ ᠭᠡᠵᠢ ᠤᠤ︖

ᠦᠩᠭᠡᠷᠡᠭ᠍ᠰᠡᠨ ᠳᠤ ᠪᠢ ︽ᠰᠤᠷᠬᠤ ᠢᠢᠨ ᠡᠷᠬᠢᠮ ᠢᠨᠤ ᠬᠠᠯᠠᠰᠢᠷᠠᠯ ᠦᠭᠡᠢ ᠳᠤᠷ ᠪᠠᠶᠢᠳᠠᠭ︾ ᠶᠤᠰᠤ ᠢᠢ ᠮᠡᠳᠡᠭᠡ ᠦᠭᠡᠢ᠂ ᠰᠤᠷᠬᠤ ᠶᠠᠪᠤᠴᠠ ᠳᠤ ᠢᠯᠠᠭᠳᠠᠵᠤ ᠦᠩᠭᠡᠷᠡᠭ᠍ᠰᠡᠨ᠂ ᠲᠤᠷᠤᠶᠢᠳᠠᠵᠤ ᠶᠠᠪᠤᠭᠰᠠᠨ᠃ ᠵᠦᠪᠬᠡᠨ ᠭᠠᠳᠠᠭᠠᠳᠤ ᠬᠡᠯᠨ ᠪᠠᠷ ᠦᠵᠡᠭ᠍ᠰᠡᠨ ᠴᠤ ᠲᠤᠭᠤᠷᠠᠳᠠᠯ᠎ᠠ ᠰᠠᠶᠢᠨ ᠰᠤᠷᠴᠢᠬᠠᠪᠠᠯ ᠬᠤᠵᠢᠮ ᠲᠤᠳᠤᠭᠠᠳᠤ ᠭᠠᠳᠠᠭᠠᠳᠤ ᠢᠢᠨ ᠠᠵᠤ ᠠᠬᠤᠢ ᠢᠢᠨ ᠬᠠᠷᠢᠴᠠᠭ᠎ᠠ᠂ ᠰᠤᠶᠤᠯ ᠤᠷᠠᠯᠢᠭ ᠤᠨ ᠰᠤᠯᠢᠯᠴᠠᠭ᠎ᠠ᠂ ᠨᠦᠬᠦᠷᠰᠡᠭ ᠰᠠᠶᠢᠨ ᠶᠠᠪᠤᠯᠴᠠᠭᠠᠨ ᠤ ᠲᠤᠮᠳᠠ ᠵᠠᠭᠤᠴᠢ ᠪᠤᠯᠵᠤ᠂ ᠡᠷᠬᠡ ᠲᠡᠭ᠍ᠰᠢ ᠬᠠᠷᠢᠴᠠᠭᠠᠨ ᠤ ᠬᠢᠨᠢ ᠡᠯᠴᠢ ᠪᠤᠯᠵᠤ ᠪᠤᠯᠤᠨ᠎ᠠ᠃ ᠪᠤᠳᠤᠯ ᠲᠤᠳᠤᠷ᠎ᠠ ᠪᠠᠨ ᠢᠩᠬᠢᠵᠦ ᠤᠭᠳᠠᠷᠭᠤᠢ ᠳᠤ ᠲᠡᠭᠦᠯᠢᠬᠦ ᠪᠦᠷᠭᠦᠳ ᠰᠢᠭ ᠨᠢᠰᠭᠦ ᠢᠢ ᠰᠠᠨᠠᠪᠠᠴᠤ᠂ ᠪᠤᠳᠠᠳᠤ ᠠᠵᠢᠯᠯᠠᠭᠠᠨ ᠳ᠋ᠠᠭᠠᠨ ᠬᠠᠪᠤᠷ ᠤᠨ ᠲᠡᠭ᠍ᠷᠢ ᠰᠢᠭ ᠬᠠᠯᠠᠭᠤᠨ ᠲᠠᠢ᠂ ᠬᠦᠢᠳᠡᠨ ᠲᠠᠢ ᠪᠠᠶᠢᠵᠤ ᠤᠷᠤᠭᠰᠢ ᠦᠭᠡᠢ ᠯᠨ ᠪᠠᠶᠢᠭᠰᠠᠨ᠃ ᠡᠨ᠋ᠨ ᠬᠦ ᠢᠯᠠᠭᠳᠠᠯ ᠨᠢ ᠨᠠᠳᠠᠳᠤ ᠬᠦᠨ ᠬᠦᠨᠵᠡᠭᠡᠢ ᠰᠤᠷᠭᠠᠮᠵᠢ ᠦᠯᠡᠳᠡᠭᠡᠭ᠍ᠰᠡᠨ ᠪᠤᠯᠬᠤᠷ ᠰᠤᠷᠭᠠᠮᠵᠢ ᠠᠴᠠ ᠪᠠᠨ ᠲᠤᠷᠰᠢᠯᠭ᠎ᠠ ᠬᠤᠷᠠᠮᠳᠤᠭᠤᠯᠤᠨ ᠬᠠᠯᠠᠰᠢᠷᠠᠯ ᠦᠭᠡᠢ ᠴᠢᠷᠮᠠᠶᠢᠵᠤ ᠴᠦᠬᠦᠷᠡᠯ ᠦᠭᠡᠢ ᠰᠤᠷᠤᠭᠰᠠᠨ ᠠᠴᠠ ᠭᠠᠳᠠᠭᠠᠳᠤ ᠬᠡᠯᠡᠨ ᠤ ᠪᠦᠳᠦᠮᠵᠢ ᠮᠢᠨᠢ ᠡᠳᠦᠷ ᠠᠴᠠ ᠡᠳᠦᠷ ᠲᠡᠭᠡᠭ᠍ᠰᠢᠯᠡᠭ᠍ᠰᠡᠨ ᠮᠦᠷᠳᠡᠭᠡᠨ ︽ᠰᠤᠷᠬᠤ ᠢᠢᠨ ᠡᠷᠬᠢᠮ ᠢᠨᠦ ᠬᠠᠯᠠᠰᠢᠷᠠᠯ ᠦᠭᠡᠢ ᠳᠤᠷ ᠠᠮᠤᠢ︾ ᠭᠡᠰᠡᠨ ᠢ ᠨᠡᠩ ᠬᠦᠨᠵᠡᠭᠡᠢ ᠤᠶᠢᠯᠠᠭᠠᠵᠤ᠂ ᠬᠦᠴᠦ ᠬᠦᠯᠦᠰᠦᠨ ᠤ ᠲᠠᠯᠠᠢ ᠲᠠᠩᠬᠢᠰ ᠲᠤ ᠰᠠᠶ᠋ᠢ ᠠᠮᠵᠢᠯᠳᠠ ᠪᠦᠳᠦᠭᠡᠯ ᠤᠨ ᠤᠩᠭᠤᠴᠠ ᠠᠶᠠᠯᠠᠵᠤ ᠲᠡᠶᠢᠯᠬᠦ ᠢᠢ ᠲᠠᠨᠢᠨ᠂ ᠲᠠᠪᠰᠢᠵᠤ ᠲᠡᠭᠡᠭ᠍ᠰᠢᠯᠡᠶ᠎ᠡ ᠭᠡᠪᠡᠯ ᠭᠡᠯᠡᠭᠡᠳ ᠪᠤᠯᠬᠤ ᠦᠭᠡᠢ ᠬᠢᠬᠦ ᠬᠡᠷᠡᠭ᠍ᠳᠡᠢ ᠭᠡᠳᠡᠭ ᠶᠤᠰᠤ ᠤᠴᠢᠷ ᠢ ᠤᠬᠠᠯ᠎ᠠ᠃

ᠠᠯᠤᠰ ᠬᠡᠳᠦ ᠢᠢᠨ ᠵᠤᠷᠢᠯᠭ᠎ᠠ᠂ ᠠᠭᠤᠤ ᠶᠡᠭᠡ ᠢᠯᠠᠯᠳᠠ ᠪᠤᠯ ᠶᠡᠷᠦ ᠠᠴᠠ ᠲᠦᠮᠡᠨ ᠭᠠᠵᠠᠷ ᠤᠨ ᠲᠦᠷᠦᠭᠦᠦ ᠠᠯᠬᠤᠮ ᠠᠴᠠ ᠡᠬᠢᠯᠡᠳᠡᠭ᠃ ᠶᠠᠮᠠᠷᠪᠠ ᠬᠦᠮᠦᠨ ᠭᠡᠳ ︽ᠰᠢᠨᠳᠠᠷᠠᠰᠢ ᠦᠭᠡᠢ ᠬᠠᠳᠠᠭᠤ ᠵᠤᠷᠢᠭ︾ ᠦᠭᠡᠢ ᠪᠤᠯ ᠬᠡᠷᠬᠢᠨ︽ᠬᠠᠳᠠᠭᠤ ᠬᠠᠳᠠ ᠢᠢ ᠰᠡᠶᠢᠯᠵᠦ︾ ᠮᠦᠩᠬᠡ ᠢᠢᠨ ᠲᠤᠷᠠᠰᠬᠠᠯ ᠦᠯᠡᠳᠡᠭᠡᠵᠦ ᠲᠡᠶᠢᠯᠬᠦ ᠪᠢᠯᠨ︖ ᠠᠯᠢᠪᠠ ᠠᠮᠵᠢᠯᠳᠠ ᠢᠯᠠᠯᠳᠠ ᠴᠦᠮ ᠬᠠᠳᠠᠭᠤ ᠰᠢᠷᠭᠠᠭᠤ ᠬᠦᠳᠡᠯᠮᠦᠷᠢᠯᠡᠵᠦ ᠬᠠᠯᠠᠰᠢᠷᠠᠯ ᠦᠭᠡᠢ ᠵᠢᠳᠬᠦᠭ᠍ᠰᠡᠳ ᠤᠨ ᠬᠢ ᠪᠢᠯᠡ︕

X