ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰᠤ

2025-04-01 10:08:46

ᠰᠤᠷᠠᠭ ᠨᠢ ᠬᠤᠯᠠᠳᠠᠭᠰᠠᠨ ᠠᠳᠤᠭᠤᠳ ᠤᠨ ᠴᠢᠮᠡᠭᠡ ᠠᠨᠢᠷᠳᠤᠵᠤ

ᠰᠦᠨ ᠥᠩᠭᠡ ᠲᠠᠢ ᠴᠡᠩᠬᠡᠷ ᠠᠶᠠᠯᠭᠤ ᠰᠡᠳᠭᠢᠯ ᠳᠤ ᠠᠮᠢᠯᠠᠨ᠎ᠠ

ᠰᠦᠰᠦᠭ ᠲᠤ ᠮᠦᠩᠬᠡᠷᠡᠭ᠍ᠰᠡᠨ ᠨᠠᠢᠮᠠᠨ ᠵᠠᠭᠤᠨ ᠤ ᠲᠡᠭ᠍ᠷᠢ ᠠᠴᠠ

ᠰᠣᠳᠠᠯ ᠳᠠᠭᠠᠵᠤ ᠨᠢᠭᠡᠨ ᠭᠤᠤᠯ ᠤᠷᠤᠰᠤᠨ᠎ᠠ

ᠨᠠᠷᠠᠨ ᠤ ᠠᠯᠲᠠᠩᠬᠠᠨ ᠰᠤᠷᠮᠤᠤᠰᠤ ᠴᠠᠩᠳᠤᠵᠤ

ᠨᠢᠯᠪᠤᠰᠤᠷᠠᠬᠤ ᠭᠤᠨᠢᠭ ᠤᠨ ᠨᠠᠪᠴᠢᠰ ᠪᠦᠵᠢᠨ᠎ᠠ

ᠨᠠᠷᠠᠲᠤ ᠢᠢᠨ ᠵᠠᠢ ᠢᠢ ᠬᠤᠷᠤᠮᠬᠠᠨ ᠳᠤᠪᠴᠢᠯᠠᠵᠤ

ᠨᠠᠢᠮᠠᠨ ᠰᠢᠷᠭ᠎ᠠ ᠢᠢᠨ ᠦᠦᠷᠰᠡᠭᠡᠨ ᠬᠠᠩᠭᠢᠨᠠᠨ᠎ᠠ

ᠮᠦᠷᠤᠭᠡᠳᠣᠯ ᠢᠶᠠᠨ ᠳᠠᠭᠠᠭᠤᠯᠤᠨ ᠢᠲᠡᠭᠡᠯ ᠡᠷᠴᠢᠯᠡᠵᠤ

ᠰᠠᠷᠠᠨ ᠤ ᠡᠭᠡᠰᠢᠭ ᠰᠠᠨᠠᠭ᠎ᠠ ᠠᠷᠢᠭᠤᠰᠬᠠᠨ᠎ᠠ

ᠰᠠᠯᠬᠢᠨ ᠭᠦᠶᠤᠳᠡᠯ ᠲᠠᠢ ᠬᠦᠯᠦᠭ ᠤᠨ ᠬᠡᠶᠢᠮᠤᠷᠢ ᠰᠡᠷᠭᠦᠭᠡᠵᠤ

ᠰᠠᠨᠰᠠᠷ ᠤᠨ ᠲᠤᠷᠭᠠᠨ ᠡᠯᠢᠭᠡᠨ ᠠᠴᠠ ᠷᠠᠰᠢᠶᠠᠨ ᠪᠤᠯᠤᠨ ᠰᠢᠩᠭᠡᠨ᠎ᠡ

ᠴᠠᠬᠢᠯᠵᠤ ᠣᠳᠬᠤ ᠴᠠᠭ ᠬᠤᠭᠤᠴᠠᠭᠠᠨ ᠤ ᠦᠯᠢᠭᠡᠷ ᠬᠡᠯᠬᠢᠵᠤ

ᠴᠠᠬᠢᠯᠳᠠᠭ ᠤᠨ ᠮᠢᠷᠠᠯᠵᠠᠭᠠᠨ ᠲᠠᠢ ᠠᠶ᠎ᠠ ᠳᠠᠭᠤᠤ ᠤᠶᠠᠩᠭᠠᠷᠠᠨ᠎ᠠ

ᠴᠠᠰᠤᠲᠤ ᠶᠡᠭᠡ ᠰᠠᠷᠢᠳᠠᠭ ᠠᠴᠠ ᠳᠤᠭ ᠬᠢᠬᠢᠷᠢ ᠰᠢᠭᠤᠶᠢᠷᠠᠵᠤ

ᠴᠠᠭᠠᠨ ᠱᠤᠩᠬᠤᠷ ᠡᠯᠡᠲᠡᠯ᠎ᠡ ᠬᠠᠯᠢᠭᠰᠠᠭᠠᠷ ᠳᠣᠮᠤᠭ ᠤᠨ ᠬᠤᠨ ᠪᠠᠭᠤᠴᠠᠯᠠᠨ᠎ᠠ

ᠣᠳᠣᠳ ᠤᠨ ᠲᠤᠭ᠎ᠠ ᠪᠠᠷ ᠭᠡᠭᠡ ᠰᠦᠵᠢᠷᠡᠵᠤ

ᠣᠷᠴᠢᠯᠠᠩ ᠤᠨ ᠴᠢᠨᠠᠲᠤ ᠠᠴᠠ ᠵᠡᠭᠦᠳᠤᠨ ᠤ ᠬᠦᠮᠦᠨ ᠠᠯᠬᠤᠯᠠᠨ᠎ᠠ

ᠤᠷᠤᠢ ᠠᠴᠠ ᠪᠠᠨ ᠪᠤᠭᠤᠷᠤᠯᠲᠤᠬᠤ ᠬᠤᠷᠸ᠎ᠠ ᠢᠢᠨ ᠲᠤᠭᠤᠰᠤ ᠢᠢ ᠠᠴᠢᠵᠤ

ᠬᠠᠵᠠᠭᠠᠷ ᠤᠨ ᠴᠢᠮᠡᠭᠡ ᠲᠠᠢ ᠴᠡᠩᠬᠡᠷ ᠴᠠᠰᠤ ᠯᠠᠪᠰᠠᠯᠠᠨ᠎ᠠ᠃

(ᠬᠤᠨᠢᠴᠢᠨ ᠰᠣᠨᠢᠨᠪᠢᠯᠢᠭ᠌)

X