ᠨᠠᠨᠳᠢᠨ ᠤ ᠬᠢᠭᠰᠡᠨ ᠨᠠᠶᠢᠳᠠᠪᠤᠷᠢᠲᠠᠢ ᠭᠤᠷᠪᠠᠨ ᠠᠵᠢᠯ

2024-12-22 04:44:25

ᠶᠠᠷᠦᠡᠭᠬᠡᠢ ᠱᠦᠵᠢ ᠰᠢ ᠵᠢᠨ ᠫᠢᠡᠭ ᠲᠦᠪ ᠤᠨ ᠦᠨᠲᠤᠰᠤᠲᠠᠨ ᠤ ᠠᠵᠢᠯ ᠤᠨ ᠬᠤᠷᠠᠯ ᠲᠡᠭᠡᠷ᠎ᠡ︽ᠦᠨᠳᠦᠰᠦᠲᠡᠨ ᠦ ᠭᠠᠵᠠᠷ ᠣᠷᠣᠨ ᠤ ᠰᠠᠭᠤᠷᠢ ᠲᠥᠬᠥᠭᠡᠷᠦᠮᠵᠢ ᠢᠢᠨ ᠪᠦᠳᠦᠭᠡᠨ ᠪᠠᠶᠢᠭᠤᠯᠤᠯᠲᠠ᠂ ᠠᠵᠤ ᠦᠢᠯᠡᠰ ᠦᠨ ᠪᠦᠲᠦᠴᠡ ᠢᠢᠨ ᠲᠤᠬᠢᠷᠠᠭᠤᠯᠤᠯᠳᠠ ᠢᠢ ᠳᠡᠮᠵᠢᠬᠦ ᠡᠷᠴᠢᠮ ᠢᠶᠡᠨ ᠴᠢᠩᠭᠠᠷᠠᠭᠤᠯᠵᠤ᠂ ᠠᠵᠤ ᠠᠬᠤᠢ ᠨᠡᠶᠢᠭᠡᠮ ᠦᠨ ᠬᠥᠭ᠍ᠵᠢᠯᠲᠡ ᠪᠣᠯᠤᠨ ᠠᠮᠢ ᠠᠬᠤᠢ ᠢᠢᠨ ᠪᠣᠯᠪᠠᠰᠤᠨ ᠤ ᠪᠠᠶᠢᠭᠤᠯᠤᠯᠲᠠ ᠢᠢᠨ ᠪᠦᠬᠦᠯᠢ ᠴᠣᠭᠴᠠ ᠢᠢᠨ ᠪᠠᠶᠢᠷᠢᠰᠢᠭᠤᠯᠤᠯᠲᠠ ᠢᠢ ᠰᠢᠯᠢᠳᠡᠭ᠍ᠵᠢᠭᠦᠯᠵᠦ᠂ ᠦᠨᠳᠦᠰᠦᠲᠡᠨ ᠨᠦᠭᠦᠳ ᠦᠨ ᠤᠯᠠᠨ ᠲᠦᠮᠡᠨ ᠦ ᠬᠦᠷᠲᠡᠮᠵᠢ ᠢᠢᠨ ᠲᠦᠷᠦᠭ᠍ᠳᠡᠯ᠂ ᠵᠢᠷᠭᠠᠯᠲᠤ ᠲᠦᠷᠦᠭ᠍ᠳᠡᠯ᠂ ᠠᠮᠤᠷ ᠲᠦᠪᠰᠢᠨ ᠦ ᠲᠦᠷᠦᠭ᠍ᠳᠡᠯ ᠢ ᠲᠠᠰᠤᠷᠠᠯᠳᠠ ᠦᠭᠡᠢ ᠨᠡᠮᠡᠭ᠍ᠳᠡᠭᠦᠯᠬᠦ ᠬᠡᠷᠡᠭ᠍ᠲᠡᠢ᠃ ᠦᠨᠳᠦᠰᠦᠲᠡᠨ ᠦ ᠭᠠᠵᠠᠷ ᠣᠷᠣᠨ ᠤ ᠶᠠᠳᠠᠭᠤ ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠤᠭᠰᠠᠨ ᠦᠷ᠎ᠡ ᠪᠦᠲᠦᠭᠡᠯ ᠢᠶᠡᠨ ᠪᠡᠬᠢᠵᠢᠭᠦᠯᠬᠦ ᠢᠢ ᠬᠥᠳᠡᠭᠡ ᠲᠣᠰᠬᠣᠨ ᠢ ᠬᠥᠭ᠍ᠵᠢᠭᠦᠯᠦᠨ ᠮᠠᠨᠳᠤᠭᠤᠯᠬᠤ ᠯᠤᠭ᠎ᠠ ᠪᠦᠲᠦᠮᠵᠢᠲᠡᠢ ᠵᠣᠯᠭᠠᠭᠤᠯᠬᠤ ᠢᠢ ᠳᠡᠮᠵᠢᠵᠦ᠂ ᠲᠠᠷᠢᠶᠠᠯᠠᠩ ᠮᠠᠯ ᠠᠵᠤ ᠠᠬᠤᠢ ᠴᠢᠨᠠᠷ ᠰᠠᠶᠢᠲᠠᠢ᠂ ᠥᠨᠳᠥᠷ ᠪᠦᠲᠦᠮᠵᠢᠲᠡᠢ᠂ ᠬᠥᠳᠡᠭᠡ ᠲᠣᠰᠬᠣᠨ ᠣᠷᠣᠰᠢᠨ ᠰᠠᠭᠤᠷᠢᠰᠢᠬᠤ ᠳ᠋ᠸ ᠲᠣᠬᠢᠷᠠᠮᠵᠢᠲᠠᠢ᠂ ᠦᠢᠯᠡᠰ ᠪᠤᠰᠬᠠᠬᠤ ᠳᠤ ᠲᠣᠬᠢᠷᠠᠮᠵᠢᠲᠠᠢ ᠪᠠᠶᠢᠵᠤ᠂ ᠮᠠᠯᠴᠢᠨ ᠲᠠᠷᠢᠶᠠᠴᠢᠨ ᠪᠠᠶᠠᠵᠢᠨ ᠴᠢᠨᠡᠬᠡᠯᠢᠭᠵᠢᠬᠦ ᠢᠢ ᠠᠬᠢᠭᠤᠯᠬᠤ ᠬᠡᠷᠡᠭ᠍ᠲᠡᠢ︾ᠬᠡᠵᠤ ᠴᠢᠬᠤᠯᠠᠴᠢᠯᠠᠭᠰᠠᠨ ᠪᠢᠯᠡ︕

ᠬᠦᠳᠡᠭᠡ ᠲᠤᠰᠬᠤᠨ ᠢ ᠬᠦᠭᠵᠢᠬᠦᠯᠥᠨ ᠮᠠᠨᠳᠤᠭᠤᠯᠬᠤ ᠠᠵᠢᠯ ᠨᠢ ᠦᠷᠬᠡᠨ ᠤᠯᠠᠨ ᠮᠠᠯᠴᠢᠨ ᠲᠠᠷᠢᠶᠠᠴᠢᠳ ᠤᠨ ᠠᠵᠤ ᠠᠮᠢᠳᠤᠷᠠᠯ ᠢ ᠤᠯᠠᠮ ᠰᠠᠶᠢᠵᠢᠷᠠᠭᠤᠯᠬᠤ ᠨᠢ ᠯᠠᠪᠲᠠᠢ᠂ ᠡᠬᠦᠨ ᠳ᠋ᠤ ᠲᠤᠬᠠᠢ ᠵᠢᠨ ᠭᠠᠵᠠᠷ ᠤᠷᠤᠨ ᠤ ᠭᠠᠴᠠᠭ᠎ᠠ ᠵᠦᠪᠯᠡᠯ ᠡᠴᠡ ᠭᠠᠳᠠᠨ᠎ᠠ ᠭᠠᠴᠠᠭ᠎ᠠ ᠲᠤᠰᠬᠤᠨ ᠳ᠋ᠤ ᠰᠠᠭᠤᠭ᠎ᠠ ᠨᠢᠬᠡᠳᠦᠬᠡᠷ ᠱᠦᠵᠢ ᠵᠢᠴᠢ ᠺᠠᠳ᠋ᠷ ᠨᠠᠷ ᠤᠨ ᠤᠶᠤᠨ ᠤᠬᠠᠭᠠᠨ ᠮᠠᠰᠢ ᠶᠡᠭᠡ ᠨᠦᠯᠥᠬᠡ ᠪᠤᠯᠳᠠᠭ᠃ ᠤᠲᠤᠭ ᠤᠨ ᠡᠮᠦᠨᠡᠲᠤ ᠬᠤᠰᠢᠭᠤᠨ ᠤ ᠤᠬᠠᠭᠤᠯᠬᠤ ᠭᠡᠯᠲᠡᠰ ᠤᠨ ᠨᠠᠨᠳᠢᠨ ᠪᠤᠯ ᠨᠠᠨᠭᠰᠤ ᠪᠠᠯᠭᠠᠰᠤᠨ ᠤ ᠪᠠᠶᠠᠠᠬᠤᠷᠠᠬᠤ ᠭᠠᠴᠠᠭᠠᠨ ᠳ᠋ᠤ ᠲᠤᠮᠢᠯᠠᠭᠳᠠᠭᠰᠠᠨ ᠨᠢᠬᠡᠳᠦᠬᠡᠷ ᠱᠦᠵᠢ ᠪᠤᠯᠤᠨ᠎ᠠ᠃ ᠲᠡᠷᠡ ᠲᠤᠰ ᠭᠠᠴᠠᠭᠠᠨ ᠳ᠋ᠤ ᠢᠷᠡᠭᠰᠡᠨ ᠤ ᠲᠠᠷᠠᠭᠠᠬᠢ ᠤᠬᠤᠷᠬᠠᠨ ᠨᠢᠬᠡ ᠵᠢᠯ ᠤᠨ ᠲᠤᠳᠤᠷ᠎ᠠ ᠨᠢᠳᠤᠨ ᠳ᠋ᠤ ᠦᠵᠡᠭᠳᠡᠵᠤ ᠭᠠᠷ ᠲᠤ ᠪᠠᠷᠢᠭᠳᠠᠬᠤ ᠭᠤᠷᠪᠡᠨ ᠠᠵᠢᠯ ᠢ ᠪᠡᠶᠡᠴᠢᠯᠡᠨ ᠤᠬᠠᠭᠠᠯᠠᠵᠤ ᠬᠢᠬᠡᠳ ᠮᠠᠯᠴᠢᠨ ᠲᠠᠷᠢᠶᠠᠴᠢᠳ ᠤᠨ ᠬᠠᠯᠠᠭᠤᠨ ᠬᠦᠷᠢᠶᠡᠯᠡᠯ ᠢ ᠤᠯᠤᠭᠰᠠᠨ ᠪᠠᠶᠢᠨ᠎ᠠ᠃

ᠪᠢᠳᠠ ᠨᠠᠨᠭᠰᠤ ᠪᠠᠯᠭᠠᠰᠤᠨ ᠡᠴᠡ ᠪᠤᠷᠤᠪᠠᠯᠭᠠᠰᠤ ᠪᠠᠯᠭᠠᠰᠤ ᠬᠦᠷᠬᠦ ᠵᠠᠰᠠᠮᠠᠯ ᠵᠠᠮ ᠵᠢᠡᠷ ᠬᠡᠰᠡᠭ ᠲᠠᠪᠬᠢᠭᠤᠯᠤᠭᠠᠳ ᠪᠠᠶᠠᠠᠬᠤᠷᠠᠬᠤ ᠭᠠᠴᠠᠭᠠᠨ ᠳ᠋ᠤ ᠬᠦᠷᠬᠦ ᠳ᠋ᠤ ᠨᠠᠨᠳᠢᠨ ᠪᠢᠳᠠᠨ ᠢ ᠲᠤᠰᠤᠯ᠎ᠠ᠃ ᠴᠠᠭᠠᠨ ᠦᠨᠭᠬᠡ ᠲᠠᠢ ᠰᠢᠨ᠎ᠡ ᠡᠨ᠋ᠸᠷᠬᠢ ᠵᠢᠨ ᠵᠢᠵᠢᠭ ᠰᠠᠭᠤᠳᠠᠯ ᠤᠨ ᠮᠠᠰᠢᠨ ᠨᠢ ᠲᠡᠭᠦᠨ ᠤ ᠤᠨᠤᠭ᠎ᠠ ᠪᠤᠯᠤᠯᠲᠠᠢ᠂ ᠠᠭᠤᠯᠵᠠᠵᠤ ᠠᠮᠤᠷ ᠮᠡᠨᠳᠤ ᠪᠡᠨ ᠮᠡᠳᠡᠮᠡᠭᠴᠡ ᠲᠡᠷᠭᠡᠨ ᠡᠴᠡ ᠪᠡᠨ ᠵᠢᠵᠢᠭ ᠬᠡᠯᠪᠡᠷᠢ ᠵᠢᠨ ᠵᠢᠯᠤᠭᠤᠴᠢ ᠦᠭᠡᠢ ᠨᠢᠰᠬᠡᠯ ᠵᠢᠡᠨ ᠪᠠᠭᠤᠯᠭᠠᠨ᠂ ᠺᠠᠷᠲ ᠢ ᠨᠢ ᠭᠠᠷᠭᠠᠵᠤ ᠠᠯᠪᠠᠨ ᠬᠡᠷ ᠤᠨ ᠵᠢᠡᠨ ᠺᠤᠮᠫᠢᠶᠸᠲᠷ ᠲᠤ ᠤᠷᠤᠭᠤᠯᠤᠨ ᠲᠤᠰ ᠭᠠᠴᠠᠭᠠᠨ ᠤ ᠠᠶᠢᠯ ᠡᠷᠦᠬᠡ ᠵᠢᠨ ᠨᠤᠲᠤᠭ ᠪᠡᠯᠴᠢᠬᠡᠷ ᠤᠨ ᠤᠷᠭᠤᠮᠠᠯ ᠤᠨ ᠪᠦᠷᠬᠦᠴᠡ ᠵᠢᠨ ᠵᠢᠷᠤᠭ ᠢ ᠬᠠᠷᠠᠭᠤᠯᠤᠯ᠎ᠠ᠃ ᠡᠨᠡ ᠨᠢ ᠲᠡᠭᠦᠨ ᠤ ᠤᠷᠴᠢᠮ ᠤᠨ ᠭᠤᠷᠪᠡᠨ ᠰᠠᠷ᠎ᠠ ᠳ᠋ᠤ ᠬᠢᠭᠰᠡᠨ ᠭᠤᠤᠯ ᠠᠵᠢᠯ ᠤᠨ ᠨᠢᠬᠡ ᠨᠢ᠃ ︽ᠠᠵᠤ ᠦᠢᠯᠡᠰᠵᠢᠯᠲᠡ᠂ ᠪᠠᠶᠠᠵᠢᠯ ᠴᠢᠨᠡᠭᠡᠯᠢᠭᠵᠢᠯ ᠬᠡᠳᠦᠢ ᠰᠠᠶᠢᠨ ᠪᠠᠶᠢᠯ᠎ᠠ ᠬᠡᠳ ᠠᠮᠢ ᠠᠬᠤᠢ ᠬᠡᠬᠦ ᠤᠬᠠᠬᠳᠠᠬᠤᠨ ᠢ ᠪᠢᠳᠠ ᠤᠭᠲᠤ ᠤᠮᠠᠷᠳᠠᠵᠤ ᠪᠤᠯᠬᠤ ᠦᠭᠡᠢ ᠮᠦᠷᠲᠡᠬᠡᠨ ᠲᠡᠷᠢᠬᠦᠨ ᠪᠠᠶᠢᠷᠢᠨ ᠳ᠋ᠤ ᠲᠠᠯᠪᠢᠬᠤ ᠬᠡᠷᠡᠭᠲᠡᠢ᠃ ᠬᠦᠮᠦᠨ ᠵᠢᠡᠷ ᠵᠢᠰᠢᠶᠡᠯᠡᠪᠡᠯ ᠴᠢ ᠬᠡᠳᠦᠢ ᠶᠡᠭᠡ ᠬᠦᠷᠦᠨᠭᠬᠡ ᠮᠦᠨᠭᠭᠦ ᠲᠠᠢ ᠪᠠᠶᠢᠯ᠎ᠠ ᠬᠡᠳ ᠪᠡᠶ᠎ᠡ ᠴᠢᠨᠢ ᠡᠪᠡᠳᠴᠢᠨ ᠲᠠᠢ ᠪᠠᠶᠢᠪᠠᠯ ᠶᠠᠮᠠᠷ ᠬᠡᠷᠡᠭ ᠪᠠᠶᠢᠨ᠎ᠠ᠂ ᠲᠡᠶᠢᠮᠤ ᠪᠤᠯᠬᠤᠷ ᠪᠢ ᠡᠨᠡ ᠵᠢᠯ ᠮᠠᠨ ᠤ ᠭᠠᠴᠠᠭᠠᠨ ᠤ ᠮᠠᠯᠴᠢᠳ ᠤᠨ ᠨᠤᠲᠤᠭ ᠪᠡᠯᠴᠢᠬᠡᠷ ᠤᠨ ᠠᠮᠢ ᠠᠬᠤᠢ ᠵᠢᠨ ᠰᠡᠷᠬᠦᠬᠡᠯᠲᠡ᠂ ᠬᠡᠲᠦᠷᠲᠡᠯ᠎ᠡ ᠮᠠᠯᠵᠢᠭᠰᠠᠨ ᠡᠴᠡ ᠪᠤᠯᠵᠤ ᠡᠯᠡᠰᠦᠷᠬᠡᠭᠵᠢᠬᠦ ᠶᠠᠪᠤᠳᠠᠯ ᠢ ᠲᠡᠳᠡᠨ ᠳ᠋ᠤ ᠲᠤᠪ ᠲᠤᠳᠤᠷᠬᠠᠢ ᠬᠠᠷᠠᠭᠤᠯᠬᠤ ᠵᠢᠨ ᠲᠦᠯᠥᠬᠡ ᠨᠢᠬᠡ ᠵᠢᠯᠤᠭᠤᠴᠢ ᠦᠭᠡᠢ ᠨᠢᠰᠬᠡᠯ ᠠᠪᠤᠭᠰᠠᠨ ᠪᠢᠯᠡ᠂ ᠪᠢᠳᠠ ᠦᠪᠡᠷ ᠤᠨ ᠨᠤᠲᠤᠭ ᠤᠰᠤ ᠪᠡᠨ ᠬᠡᠴᠢᠨᠡᠨ ᠵᠢᠯ ᠤᠨ ᠲᠤᠷᠰᠢ ᠲᠡᠭᠰᠢ ᠬᠠᠷᠠᠭᠠᠰᠤᠨ ᠡᠴᠡ ᠬᠠᠷᠠᠭᠠᠳ ᠲᠠᠳᠴᠢᠬᠠᠭᠰᠠᠨ ᠪᠤᠯᠬᠤᠷ ᠤᠷᠭᠤᠮᠠᠯ ᠤᠨ ᠪᠦᠷᠬᠦᠴᠡ ᠬᠡᠳᠦᠢ ᠪᠠᠶᠢᠭ᠎ᠠ ᠪᠡᠨ ᠶᠡᠭᠡ ᠠᠨᠭᠬᠠᠷᠳᠠᠭ ᠦᠭᠡᠢ᠂ ᠬᠠᠷᠢᠨ ᠠᠭᠠᠷ ᠡᠴᠡ ᠰᠡᠬᠦᠳᠡᠷᠯᠡᠵᠤ ᠠᠪᠤᠭᠠᠳ ᠬᠠᠷᠢᠴᠠᠭᠤᠯᠵᠤ ᠦᠵᠡᠬᠦ ᠳ᠋ᠤ ᠮᠠᠰᠢ ᠶᠡᠭᠡ ᠵᠦᠷᠢᠶᠡᠨ ᠲᠠᠢ ᠪᠤᠯᠤᠭᠰᠠᠨ ᠵᠢᠡᠨ ᠮᠡᠳᠡᠷᠡᠳᠡᠭ᠃ ᠡᠳᠡᠬᠡᠷ ᠰᠡᠬᠦᠳᠡᠷ ᠢ ᠪᠢ ᠲᠠᠷᠤᠮᠯᠠᠵᠤ ᠠᠪᠤᠭᠠᠳ ᠨᠢᠬᠡ ᠬᠤᠪᠢ ᠶ᠋ᠢ ᠨᠢ ᠡᠨᠳᠡ ᠲᠠᠨᠭᠰᠠᠯᠠᠨ ᠦᠯᠡᠳᠡᠬᠡᠵᠤ᠂ ᠨᠢᠬᠡ ᠬᠤᠪᠢ ᠶ᠋ᠢ ᠨᠢ ᠲᠤᠰ ᠠᠶᠢᠯ ᠡᠷᠦᠬᠡ ᠳ᠋ᠤ ᠨᠢ ᠬᠦᠷᠭᠡᠵᠤ ᠦᠭᠳᠡᠭ᠂ ᠲᠡᠳᠡᠨᠤᠰ ᠡᠬᠦᠨ ᠵᠢᠡᠨ ᠬᠠᠷᠠᠭᠠᠳ︿ᠵᠠ᠂ ᠵᠠ᠂ ᠮᠢᠨᠤ ᠪᠡᠯᠴᠢᠬᠡᠷ ᠤᠨ ᠬᠤᠪᠬᠠᠶᠢᠷᠠᠭᠰᠠᠨ ᠨᠢ ᠶᠡᠭᠡ ᠪᠠᠶᠢᠨ᠎ᠠ᠂ ᠪᠢ ᠤᠤᠯ ᠨᠢ ᠮᠡᠳᠡᠬᠡ ᠦᠭᠡᠢ ᠪᠠᠶᠢᠵᠠᠢ᠂ ᠦᠭᠡᠷ᠎ᠡ ᠠᠶᠢᠯ ᠤᠨ ᠬᠢ ᠲᠠᠢ ᠬᠠᠷᠢᠴᠠᠭᠤᠯᠬᠤ ᠳ᠋ᠤ ᠶᠡᠭᠡ ᠵᠦᠷᠢᠶᠡᠨ ᠲᠠᠢ ᠪᠠᠶᠢᠨ᠎ᠠ᠂ ᠤᠳᠤ ᠮᠠᠯᠵᠢᠬᠤ ᠲᠠᠷᠢᠶᠠᠯᠠᠬᠤ ᠪᠡᠨ ᠵᠤᠬᠢᠰᠲᠠᠢ ᠲᠤᠬᠢᠷᠠᠭᠤᠯᠤᠨ᠎ᠠ﹀ᠬᠡᠵᠤ ᠬᠡᠯᠡᠳᠡᠭ᠃ ᠡᠨᠡ ᠪᠤᠯ ᠮᠢᠨᠤ ᠨᠢᠬᠡᠳᠡᠬᠢ ᠠᠵᠢᠯ︾ᠬᠡᠵᠤ ᠨᠠᠨᠳᠢᠨ ᠪᠢᠳᠠᠨ ᠳ᠋ᠤ ᠲᠠᠶᠢᠯᠪᠤᠷᠢᠯᠠᠯ᠎ᠠ᠃

ᠲᠡᠭᠦᠨ ᠤ ᠡᠨᠡ ᠬᠡᠳᠦᠨ ᠰᠠᠷ᠎ᠠ ᠳ᠋ᠤ ᠰᠡᠬᠦᠳᠡᠷᠯᠡᠭᠰᠡᠨ ᠵᠢᠷᠤᠭ ᠤᠳ ᠢ ᠲᠤᠭᠠᠯᠠᠵᠤ ᠦᠵᠡᠬᠦ ᠳ᠋ᠤ ᠪᠠᠷᠤᠭ ᠮᠢᠨᠭᠭ᠎ᠠ ᠢᠯᠡᠬᠦᠦ ᠪᠠᠶᠢᠵᠤ᠂ ᠲᠤᠰ ᠭᠠᠴᠠᠭᠠᠨ ᠤ ᠲᠦᠴᠢ ᠭᠠᠷᠤᠢ ᠠᠶᠢᠯ ᠡᠷᠦᠬᠡ ᠵᠢᠨ ᠨᠤᠲᠤᠭ ᠲᠠᠪᠢᠰᠬᠡᠷ ᠪᠠᠭᠲᠠᠭᠰᠠᠨ ᠪᠠᠶᠢᠯ᠎ᠠ᠃ ᠤᠷᠤᠯᠭ᠎ᠠ ᠵᠠᠷᠤᠯᠭ᠎ᠠ ᠵᠢᠨ ᠲᠠᠨᠭᠰᠠ ᠪᠡᠨ ᠪᠤᠳᠤᠬᠤ ᠪᠤᠯ ᠠᠶᠢᠯ ᠡᠷᠦᠬᠡ ᠲᠡᠳᠦᠢ ᠦᠭᠡᠢ ᠬᠤᠪᠢ ᠬᠦᠮᠦᠨ ᠤ ᠨᠢᠬᠡ ᠨᠠᠰᠤᠨ ᠳ᠋ᠤ ᠵᠠᠪᠠᠯ ᠪᠠᠷᠢᠮᠲᠠᠯᠠᠬᠤ ᠶᠠᠪᠤᠳᠠᠯ ᠮᠦᠨ᠂ ᠬᠡᠪᠡᠴᠤ ᠮᠠᠨ ᠤ ᠤᠷᠴᠢᠨ ᠲᠤᠭᠤᠷᠢᠨ ᠳ᠋ᠤ ᠠᠵᠤ ᠠᠬᠤᠢ ᠵᠢᠨ ᠲᠠᠨᠭᠰᠠ ᠪᠡᠨ ᠪᠤᠳᠤᠬᠤ ᠦᠭᠡᠢ ᠬᠦᠮᠦᠨ ᠮᠠᠰᠢ ᠤᠯᠠᠨ᠂ ᠵᠠᠷᠢᠮ ᠮᠠᠯᠴᠢᠨ ᠲᠠᠷᠢᠶᠠᠴᠢᠳ ᠴᠤ ᠡᠬᠦᠨ ᠵᠢᠡᠨ ᠤᠮᠳᠠᠭᠠᠶᠢᠯᠠᠭᠰᠠᠨ ᠡᠴᠡ ᠪᠤᠯᠤᠭᠠᠳ ᠦᠷᠢ ᠰᠢᠷᠢᠨ ᠳ᠋ᠤ ᠲᠠᠷᠤᠭᠳᠠᠬᠤ᠂ ᠨᠡᠡᠭ ᠴᠢᠨᠠᠭᠰᠢᠯᠠᠨ ᠵᠦᠷᠢᠴᠡᠯ ᠮᠦᠷᠬᠦᠯᠳᠦᠬᠡᠨ ᠴᠤ ᠭᠠᠷᠳᠠᠭ᠃ ᠲᠡᠭᠡᠪᠡᠯ ᠮᠠᠯᠴᠢᠨ ᠲᠠᠷᠢᠶᠠᠴᠢᠳ ᠵᠢᠴᠢ ᠵᠠᠰᠠᠭ ᠤᠨ ᠠᠵᠢᠯᠲᠠᠳ ᠤᠨ ᠵᠦᠷᠢᠴᠡᠯ ᠭᠤᠤᠯᠳᠠᠭᠤ ᠡᠯ᠎ᠡ ᠵᠦᠢᠯ ᠤᠨ ᠨᠦᠬᠦᠪᠦᠷᠢ ᠮᠦᠨᠭᠭᠦ ᠲᠠᠢ ᠬᠤᠯᠪᠤᠭᠳᠠᠳᠠᠭ᠃ ᠨᠠᠨᠳᠢᠨ ᠡᠨᠡ ᠪᠠᠶᠢᠳᠠᠯ ᠳ᠋ᠤ ᠴᠢᠭᠯᠡᠬᠦᠯᠥᠨ ᠲᠡᠳᠡᠨ ᠳ᠋ᠤ ᠠᠷᠪᠠᠨ ᠵᠢᠯ ᠤᠨ ᠲᠠᠨᠭᠰᠠ ᠶ᠋ᠢ ᠲᠠᠷᠤᠮᠠᠯᠯᠠᠵᠤ ᠭᠠᠷᠭᠠᠵᠠᠢ᠃ ︽ᠪᠢ ᠡᠨᠳᠡ ᠠᠵᠢᠯ ᠵᠢᠡᠷ ᠢᠷᠡᠭᠰᠡᠨ ᠤ ᠲᠠᠷᠠᠭ᠎ᠠ ᠨᠢᠬᠡ ᠵᠦᠢᠯ ᠢ ᠠᠨᠭᠬᠠᠷᠴᠤ ᠤᠯᠵᠠᠢ᠂ ᠮᠠᠨ ᠤ ᠭᠠᠴᠠᠭᠠᠨ ᠤ ᠤᠯᠠᠨᠭᠭᠢ ᠮᠠᠯᠴᠢᠳ ᠨᠠᠮ᠎ᠠ ᠡᠴᠡ︿ᠡᠨᠡ ᠵᠢᠯ ᠤᠨ ᠨᠤᠲᠤᠭ ᠪᠡᠯᠴᠢᠬᠡᠷ ᠤᠨ ᠨᠦᠬᠦᠪᠦᠷᠢ ᠬᠡᠳᠦᠢ ᠪᠠᠭᠤᠵᠤ ᠢᠷᠡᠪᠡ︖ᠤᠶᠢᠵᠢᠭᠤᠯᠤᠯᠲᠠ ᠵᠢᠨ ᠨᠦᠬᠦᠪᠦᠷᠢ ᠢ ᠬᠡᠵᠢᠶ᠎ᠡ ᠦᠭᠭᠦ ᠪᠤᠢ︖﹀ᠬᠡᠬᠦᠴᠢᠯᠡᠨ ᠠᠰᠠᠭᠤᠬᠤ ᠡᠴᠡ ᠦᠵᠡᠪᠡᠯ ᠲᠡᠳᠡ ᠵᠠᠰᠠᠭ ᠤᠨ ᠤᠷᠳᠤᠨ ᠡᠴᠡ ᠬᠦᠷᠲᠡᠭᠡᠵᠤ ᠪᠠᠶᠢᠭ᠎ᠠ ᠨᠦᠬᠦᠪᠦᠷᠢ ᠵᠢᠨ ᠲᠠᠯ᠎ᠠ ᠪᠡᠷ ᠮᠠᠰᠢ ᠪᠠᠯᠠᠷᠬᠠᠢ ᠪᠠᠶᠢᠳᠠᠭ᠂ ᠲᠡᠬᠡᠬᠦᠯᠡᠷ ᠪᠢ ᠪᠠᠶᠠᠠᠬᠤᠷᠠᠬᠤ ᠭᠠᠴᠠᠭᠠᠨ ᠤ ᠠᠶᠢᠯ ᠡᠷᠦᠬᠡ ᠪᠦᠬᠦᠳᠡ ᠳ᠋ᠤ ᠵᠠᠰᠠᠭ ᠤᠨ ᠤᠷᠳᠤᠨ ᠡᠴᠡ ᠦᠭᠭᠦᠭᠰᠡᠨ ᠡᠯ᠎ᠡ ᠲᠦᠷᠦᠯ ᠤᠨ ᠨᠦᠬᠦᠪᠦᠷᠢ ᠢ ᠪᠦᠬᠦᠳᠡ ᠶ᠋ᠢ ᠪᠠᠭᠤᠯᠭᠠᠵᠤ ᠲᠠᠷᠤᠮᠯᠠᠨ ᠲᠡᠳᠡᠨ ᠳ᠋ᠤ ᠬᠤᠪᠢᠶᠠᠵᠤ ᠦᠭᠳᠡᠭ᠃ ᠢᠨᠭᠭᠢᠬᠦ ᠳ᠋ᠡᠬᠡᠨ ᠠᠷᠪᠠᠨ ᠵᠢᠯ ᠤᠨ ᠲᠤᠳᠤᠷᠠᠬᠢ ᠶ᠋ᠢ ᠴᠦᠮ ᠬᠢᠵᠤ ᠦᠭᠭᠦᠭᠰᠡᠨ᠂ ᠢᠨᠭᠭᠢᠪᠠᠯ ᠲᠡᠳᠡ ᠴᠤ ᠰᠠᠨᠠᠭ᠎ᠠ ᠠᠮᠤᠷ᠂ ᠪᠢ ᠴᠤ ᠴᠢᠬᠢ ᠠᠮᠤᠷ᠃ ᠮᠠᠯᠴᠢᠳ ᠡᠨᠡ ᠲᠠᠨᠭᠰᠠᠨ ᠲᠡᠪᠲᠡᠷ ᠵᠢᠡᠨ ᠦᠵᠡᠬᠡᠳ ᠮᠢᠨᠤ ᠠᠯᠢ ᠠᠯᠢ ᠤᠨ ᠳ᠋ᠤ ᠨᠡᠶᠢᠲᠡ ᠶᠠᠮᠠᠷ ᠶᠠᠮᠠᠷ ᠨᠦᠬᠦᠪᠦᠷᠢ ᠬᠡᠳᠦᠢ ᠪᠠᠭᠤᠵᠤ ᠢᠷᠡᠭᠰᠡᠨ ᠪᠠᠶᠢᠨ᠎ᠠ ᠬᠡᠳᠡᠭ ᠵᠢᠡᠨ ᠲᠤᠪ ᠲᠤᠳᠤᠷᠬᠠᠢ ᠮᠡᠳᠡᠴᠢᠬᠡᠨ᠎ᠡ᠃ ᠡᠨᠡ ᠨᠢ ᠮᠠᠯᠴᠢᠳ ᠪᠠ ᠵᠠᠰᠠᠭ ᠤᠨ ᠠᠵᠢᠯᠲᠠᠳ ᠤᠨ ᠬᠤᠭᠤᠷᠤᠨᠳᠠᠬᠢ ᠵᠦᠷᠢᠴᠡᠯ ᠢ ᠴᠤ ᠨᠢᠬᠡ ᠬᠡᠮᠵᠢᠶ᠎ᠡ ᠪᠡᠷ ᠪᠠᠭᠠᠰᠬᠠᠵᠤ ᠴᠢᠳᠠᠨ᠎ᠠ︾ᠬᠡᠵᠤ ᠨᠠᠨᠳᠢᠨ ᠶᠠᠷᠢᠬᠤ ᠵᠢᠨ ᠬᠠᠮᠲᠤ ᠠᠶᠢᠯ ᠡᠷᠦᠬᠡ ᠳ᠋ᠤ ᠤᠯᠭᠤᠵᠤ ᠪᠠᠶᠢᠭ᠎ᠠ ᠨᠦᠬᠦᠪᠦᠷᠢ ᠵᠢᠨ ᠲᠠᠪᠲᠠᠷ ᠢ ᠭᠠᠷᠭᠠᠵᠤ ᠪᠢᠳᠠᠨ ᠳ᠋ᠤ ᠦᠵᠡᠬᠦᠯᠥᠯ᠎ᠡ᠃ ᠨᠠᠨᠳᠢᠨ ᠪᠢᠳᠠᠨ ᠳ᠋ᠤ ᠡᠳᠡᠬᠡᠷ ᠲᠡᠪᠲᠡᠷ ᠵᠢᠡᠨ ᠦᠵᠡᠬᠦᠯᠬᠦ ᠵᠢᠨ ᠵᠡᠷᠭᠡ ᠪᠡᠷ ᠪᠠᠰᠠ ᠨᠢᠬᠡ ᠡᠷᠦᠬᠡ ᠳ᠋ᠤ ᠬᠦᠷᠴᠤ ᠬᠦᠷᠬᠡᠬᠦ ᠬᠡᠬᠦᠯᠡᠷ ᠪᠢᠳᠠ ᠲᠡᠭᠦᠨ ᠤ ᠵᠢᠵᠢᠭ ᠮᠠᠰᠢᠨ ᠳ᠋ᠤ ᠭᠠᠷᠴᠤ ᠭᠠᠴᠠᠭᠠᠨ ᠡᠴᠡ ᠬᠤᠶᠢᠨ᠎ᠠ ᠪᠠᠶᠢᠭ᠎ᠠ ᠨᠢᠬᠡᠨ ᠠᠶᠢᠯ ᠢ ᠵᠤᠷᠢᠯ᠎ᠠ᠃ ᠦᠵᠡᠬᠦ ᠳ᠋ᠤ ᠰᠢᠪ ᠰᠢᠨᠡᠬᠡᠨ ᠡᠨᠡ ᠵᠢᠵᠢᠭ ᠰᠠᠭᠤᠳᠠᠯ ᠮᠠᠰᠢᠨ ᠳ᠋ᠤ ᠭᠠᠷᠤᠭᠠᠳ ᠢᠷᠡᠭᠰᠡᠨ ᠴᠢᠨᠢ ᠲᠡᠭᠦᠨ ᠤ ᠳᠡᠯᠬᠡᠴᠡᠨ ᠳ᠋ᠤ 3 ᠲᠦᠮᠡᠨ ᠺᠢᠯᠤᠮᠸᠲᠷ ᠬᠡᠬᠦ ᠲᠤᠭ᠎ᠠ ᠭᠠᠷᠴᠤ ᠪᠠᠶᠢᠨ᠎ᠠ᠂ ᠨᠠᠨᠳᠢᠨ ᠡᠴᠡ ᠨᠠᠷᠢᠪᠴᠢᠯᠠᠪᠠᠰᠤ ᠲᠡᠷᠡ ᠪᠡᠷ ᠡᠨᠡ ᠭᠠᠴᠠᠭᠠᠨ ᠳ᠋ᠤ ᠢᠷᠡᠭᠰᠡᠨ ᠤ ᠲᠠᠷᠠᠭ᠎ᠠ ᠠᠪᠤᠭᠰᠠᠨ ᠰᠢᠨ᠎ᠡ ᠮᠠᠰᠢᠨ ᠬᠡᠨ᠎ᠡ᠂ ︽ᠠᠯᠠᠭ᠎ᠠ ᠲᠠᠷᠤᠮ᠎ᠠ︾ᠡᠨᠡ ᠪᠢᠴᠢᠬᠠᠨ ᠭᠠᠴᠠᠭᠠᠨ ᠤ ᠭᠠᠵᠠᠷ ᠲᠤ ᠲᠡᠷᠡ ᠪᠡᠷ ᠨᠢᠬᠡᠬᠡᠨ ᠵᠢᠯ ᠤᠨ ᠲᠤᠳᠤᠷ᠎ᠠ 3 ᠲᠦᠮᠡᠨ ᠺᠢᠯᠤᠮᠸᠲᠷ ᠲᠠᠪᠬᠢᠭᠰᠠᠨ ᠡᠴᠡ ᠦᠵᠡᠬᠦ ᠳ᠋ᠤ ᠠᠵᠢᠯ ᠢ ᠪᠠᠰᠠ ᠪᠠᠭ᠎ᠠ ᠪᠤᠰᠤ ᠬᠢᠵᠠᠢ᠃ ᠤᠳᠠᠵᠤ ᠲᠦᠳᠡᠯ ᠦᠭᠡᠢ ᠵᠤᠷᠢᠭᠰᠠᠨ ᠠᠶᠢᠯ ᠳ᠋ᠠᠭᠠᠨ ᠬᠦᠷᠦᠯ᠎ᠡ᠃

ᠤᠴᠢᠭᠰᠠᠨ ᠠᠶᠢᠯ ᠤᠨ ᠡᠵᠡᠨ ᠢ ᠡᠷᠳᠡᠨᠢ ᠬᠡᠨ᠎ᠡ᠂ ᠲᠡᠭᠦᠨ ᠤ ᠬᠡᠷ ᠬᠦᠷᠢᠶ᠎ᠡ ᠵᠢᠨ ᠴᠡᠪᠡᠷ ᠲᠤᠬᠢᠯᠢᠭ ᠨᠢ ᠲᠠᠨᠭᠨᠠᠢ ᠱᠠᠭᠰᠢᠮᠠᠷ᠃ ᠡᠷᠳᠡᠨᠢ ᠪᠢᠳᠠᠨ ᠳ᠋ᠤ᠄︽ᠨᠠᠨᠳᠢᠨ ᠱᠦᠵᠢ ᠢᠷᠡᠭᠰᠡᠨ ᠤ ᠲᠠᠷᠠᠭ᠎ᠠ ᠪᠢᠳᠠᠨ ᠳ᠋ᠤ ᠮᠠᠰᠢ ᠰᠠᠶᠢᠨ ᠠᠵᠢᠯ ᠬᠢᠵᠤ ᠦᠭᠭᠦᠭᠰᠡᠨ᠂ ᠲᠡᠷᠡ ᠨᠢᠰᠬᠡᠯ ᠵᠢᠡᠷ ᠰᠡᠬᠦᠳᠡᠷᠯᠡᠳᠡᠭ ᠶᠠᠭᠤᠮ᠎ᠠ ᠨᠢ ᠶᠡᠭᠡ ᠰᠠᠶᠢᠬᠠᠨ ᠶᠠᠭᠤᠮ᠎ᠠ ᠪᠠᠶᠢᠨᠯᠠᠢ᠂ ᠪᠢᠳᠠ ᠡᠨᠡ ᠨᠤᠲᠤᠭ ᠲᠡᠭᠡᠷ᠎ᠡ ᠵᠢᠡᠨ ᠬᠡᠴᠢᠨᠡᠨ ᠵᠢᠯ ᠠᠮᠢᠳᠤᠷᠠᠭᠠᠳ ᠠᠭᠠᠷ ᠡᠴᠡ ᠦᠪᠡᠷ ᠤᠨ ᠪᠡᠯᠴᠢᠬᠡᠷ ᠵᠢᠡᠨ ᠠᠨᠭᠬ᠎ᠠ ᠤᠳᠠᠭ᠎ᠠ ᠬᠠᠷᠠᠵᠤ ᠪᠠᠶᠢᠨ᠎ᠠ᠂ ᠦᠭᠡᠷ᠎ᠡ ᠪᠤᠰᠤᠳ ᠤᠨ ᠪᠡᠯᠴᠢᠬᠡᠷ ᠲᠠᠢ ᠬᠠᠷᠢᠴᠠᠭᠤᠯᠤᠭᠠᠳ ᠦᠵᠡᠬᠦ ᠳ᠋ᠤ ᠦᠪᠡᠷ ᠤᠨ ᠮᠢᠨᠢ ᠪᠡᠯᠴᠢᠬᠡᠷ ᠶᠠᠮᠠᠷ ᠪᠠᠶᠢᠨ᠎ᠠ ᠬᠡᠳᠡᠭ ᠨᠢ ᠲᠤᠪ ᠲᠤᠳᠤᠷᠬᠠᠢ᠂ ᠨᠡᠡᠭ ᠴᠤ ᠡᠨᠡ ᠠᠷᠪᠠᠨ ᠵᠢᠯ ᠤᠨ ᠨᠦᠬᠦᠪᠦᠷᠢ ᠮᠦᠨᠭᠭᠦᠨ ᠤ ᠲᠠᠨᠭᠰᠠ ᠶ᠋ᠢ ᠮᠠᠰᠢ ᠨᠢᠮᠪᠡᠢ ᠬᠢᠵᠤ ᠭᠠᠷᠭᠠᠭᠰᠠᠨ ᠪᠠᠶᠢᠨ᠎ᠠ᠂ ᠪᠢᠳᠠᠨ ᠳ᠋ᠤ ᠨᠦᠬᠦᠪᠦᠷᠢ ᠮᠦᠨᠭᠭᠦ ᠪᠠᠭᠤᠬᠤ ᠳ᠋ᠤ ᠭᠠᠷ ᠤᠲᠠᠰᠤᠨ ᠲᠡᠭᠡᠷ᠎ᠡ ᠤᠬᠤᠷ ᠴᠢᠮᠡᠬᠡ ᠢᠷᠡᠳᠡᠭ᠂ ᠬᠡᠪᠡᠴᠤ ᠲᠡᠮᠲᠡᠭᠯᠡᠯ ᠬᠢᠳᠡᠭ ᠦᠭᠡᠢ᠂ ᠰᠢᠭᠤᠳ ᠯᠠ ᠠᠪᠤᠭᠠᠳ ᠵᠠᠷᠤᠴᠢᠬᠠᠳᠠᠭ᠂ ᠬᠠᠷᠢᠨ ᠡᠨᠡ ᠠᠷᠪᠠᠨ ᠵᠢᠯ ᠤᠨ ᠲᠠᠨᠭᠰᠠ ᠪᠡᠨ ᠦᠵᠡᠭᠰᠡᠨ ᠤ ᠲᠠᠷᠠᠭ᠎ᠠ ᠤᠷᠤᠯᠭ᠎ᠠ ᠵᠠᠷᠤᠯᠭ᠎ᠠ ᠬᠡᠳᠦᠢ ᠪᠠᠶᠢᠭ᠎ᠠ ᠪᠡᠨ ᠮᠡᠳᠡᠵᠤ᠂ ᠢᠷᠡᠬᠡᠳᠦᠢ ᠳ᠋ᠤ ᠬᠡᠷᠬᠢᠨ ᠲᠡᠨᠭᠴᠡᠬᠦᠯᠬᠦ ᠳ᠋ᠤ ᠶᠡᠭᠡ ᠲᠤᠰᠠ ᠲᠠᠢ ᠪᠤᠯᠤᠯ᠎ᠠ︾ᠬᠡᠵᠤ ᠶᠠᠷᠢᠯ᠎ᠠ᠃ ᠨᠠᠨᠳᠢᠨ ᠤ ᠬᠢᠭᠰᠡᠨ ᠭᠤᠷᠪᠠᠳᠤᠭᠠᠷ ᠠᠵᠢᠯ ᠨᠢ ᠲᠤᠰ ᠭᠠᠴᠠᠭᠠᠨ ᠳ᠋ᠤ ᠭᠠᠵᠠᠷ ᠵᠢᠨᠭᠯᠠᠬᠦᠷ ᠠᠪᠴᠢᠷᠠᠭᠰᠠᠨ ᠶᠠᠪᠤᠳᠠᠯ ᠪᠤᠯᠤᠨ᠎ᠠ᠃ ᠪᠠᠶᠠᠠᠬᠤᠷᠠᠬᠤ ᠭᠠᠴᠠᠭᠠᠨ ᠳ᠋ᠤ ᠲᠠᠷᠢᠶᠠᠯᠠᠡᠭ ᠤᠨ ᠡᠷᠦᠬᠡ ᠨᠡᠯᠢᠶᠡᠳ ᠤᠯᠠᠨ ᠪᠠᠶᠢᠳᠠᠭ᠂ ᠲᠡᠳᠡ ᠨᠠᠮᠤᠷ ᠪᠤᠯᠤᠭᠰᠠᠭᠠᠷ ᠲᠠᠷᠢᠮᠠᠯ ᠤᠨ ᠬᠤᠷᠢᠶᠠᠯᠲᠠ ᠪᠡᠨ ᠬᠤᠳᠠᠯᠳᠤᠬᠤ ᠪᠡᠷ ᠨᠠᠨᠭᠰᠤ ᠪᠠᠯᠭᠠᠰᠤ ᠪᠤᠶᠤ ᠪᠤᠷᠤᠪᠠᠯᠭᠠᠰᠤ ᠪᠠᠯᠭᠠᠰᠤ ᠶ᠋ᠢ ᠵᠤᠷᠢᠳᠠᠭ᠂ ᠡᠨᠡ ᠨᠢ ᠲᠡᠳᠡᠨ ᠳ᠋ᠤ ᠬᠦᠮᠦᠨ ᠤ ᠬᠦᠴᠦ᠂ ᠡᠳ᠋ ᠤᠨ ᠬᠦᠴᠦ ᠵᠢᠴᠢ ᠴᠠᠭ ᠤᠨ ᠲᠠᠯ᠎ᠠ ᠪᠡᠷ ᠶᠡᠬᠡᠬᠡᠨ ᠰᠠᠭᠠᠳ ᠪᠤᠯᠳᠠᠭ᠂ ᠨᠠᠨᠳᠢᠨ ᠲᠤᠰ ᠭᠠᠴᠠᠭᠠᠨ ᠳ᠋ᠤ ᠭᠠᠵᠠᠷ ᠵᠢᠨᠭᠯᠡᠬᠦᠷ ᠠᠪᠴᠢᠷᠠᠭᠰᠠᠨ ᠡᠴᠡ ᠬᠤᠶᠢᠰᠢ ᠮᠠᠯᠴᠢᠳ ᠡᠷᠳᠡᠨᠢ ᠰᠢᠰᠢ ᠪᠤᠶᠤ ᠮᠠᠨᠵᠢᠨ ᠲᠦᠮᠦᠰᠦ ᠪᠡᠨ ᠲᠡᠷᠭᠡᠨ ᠳ᠋ᠤ ᠭᠠᠷᠭᠠᠭᠰᠠᠨ ᠤ ᠲᠠᠷᠠᠭ᠎ᠠ ᠭᠠᠴᠠᠭᠠᠨ ᠳ᠋ᠤ ᠬᠠᠵᠠᠭᠤ ᠳ᠋ᠤ ᠵᠢᠯᠤᠭᠤᠳᠤᠭᠠᠳ ᠢᠷᠡᠪᠡᠯ ᠪᠤᠯᠴᠢᠬᠠᠨ᠎ᠠ᠂ ᠤᠤᠯ ᠤᠨ ᠠᠳᠠᠯᠢ ᠭᠤᠴᠢ ᠲᠦᠴᠢᠨ ᠺᠢᠯᠤᠮᠸᠲᠷ ᠬᠤᠯᠠ ᠶᠠᠪᠤᠵᠤ ᠵᠢᠨᠭᠯᠡᠬᠦ ᠤᠴᠢᠷ ᠦᠭᠡᠢ ᠪᠤᠯᠵᠠᠢ᠃ ᠨᠠᠨᠳᠢᠨ ᠪᠢᠳᠠᠨ ᠳ᠋ᠤ᠄︽ᠭᠠᠴᠠᠭᠠᠨ ᠬᠠᠵᠠᠭᠤ ᠳ᠋ᠤ ᠭᠠᠵᠠᠷ ᠵᠢᠨᠭᠯᠡᠬᠦᠷ ᠤᠭᠰᠠᠷᠠᠭᠰᠠᠨ ᠬᠤᠶᠢᠨ᠎ᠠ ᠮᠠᠯᠴᠢᠳ ᠤᠨ ᠵᠤᠭᠤᠰ ᠮᠦᠨᠭᠭᠦᠨ ᠳ᠋ᠤ ᠴᠤ ᠶᠡᠭᠡ ᠠᠷᠪᠢᠲᠠᠢ ᠪᠤᠯᠵᠠᠢ᠂ ᠲᠡᠳᠡ ᠡᠷᠳᠡᠨᠢ ᠰᠢᠰᠢ ᠵᠡᠷᠭᠡ ᠪᠡᠨ ᠠᠴᠢᠭᠰᠠᠨ ᠲᠡᠷᠭᠡ ᠪᠡᠨ ᠵᠢᠯᠤᠭᠤᠳᠤᠭᠠᠳ ᠰᠢᠭᠤᠳ ᠯᠡ ᠡᠨᠳᠡᠭᠡᠷ᠎ᠡ︵ᠭᠠᠵᠠᠷ ᠵᠢᠨᠭᠯᠡᠬᠦᠷ︶ᠭᠠᠷᠪᠠᠯ ᠪᠤᠯᠴᠢᠬᠠᠨ᠎ᠠ᠂ ᠬᠦᠨᠳᠦᠴᠡ ᠵᠢᠨ ᠬᠡᠮᠵᠢᠶ᠎ᠡ ᠪᠡᠷ ᠨᠢ ᠪᠠᠭ᠎ᠠ ᠬᠡᠮᠵᠢᠶᠡᠨ ᠤ ᠰᠦᠢᠳᠬᠡᠯ ᠬᠤᠷᠢᠶᠠᠨ᠎ᠠ᠂ ᠨᠢᠬᠡ ᠲᠤᠮᠤ ᠠᠴᠢᠶᠠᠨ ᠤ ᠮᠠᠰᠢᠨ ᠲᠡᠷᠭᠡ ᠪᠠᠷᠤᠭ ᠠᠷᠪᠠ ᠬᠤᠷᠢᠨ ᠲᠦᠬᠦᠷᠢᠭ ᠲᠤᠰᠢᠶᠠᠪᠠᠯ ᠬᠦᠢᠴᠢᠴᠢᠬᠡᠨ᠎ᠡ᠂ ᠪᠢᠳᠠ ᠡᠨᠡ ᠵᠤᠭᠤᠰ ᠵᠢᠡᠷ ᠵᠢᠡᠨ ᠲᠠᠬᠢᠭᠠᠳ ᠮᠠᠨ ᠤ ᠭᠠᠴᠠᠭᠠᠨ ᠤ ᠬᠦᠮᠦᠰ ᠤᠨ ᠨᠠᠰᠤᠵᠢᠯ ᠤᠨ ᠳᠠᠭᠠᠳᠬᠠᠯ ᠪᠤᠶᠤ ᠡᠮ ᠡᠮᠨᠡᠯᠬᠡ ᠵᠢᠨ ᠳᠠᠭᠠᠳᠬᠠᠯ ᠢ ᠤᠷᠤᠯᠠᠨ ᠲᠤᠰᠢᠶᠠᠬᠤ ᠰᠠᠨᠠᠭᠠᠲᠠᠢ︾ᠬᠡᠵᠤ ᠤᠴᠢᠷᠯᠠᠯ᠎ᠠ᠃

ᠬᠦᠳᠡᠭᠡ ᠲᠤᠰᠬᠤᠨ ᠢ ᠬᠦᠭᠵᠢᠬᠦᠯᠥᠨ ᠮᠠᠨᠳᠤᠭᠤᠯᠬᠤ ᠠᠵᠢᠯ ᠡᠷᠴᠢᠮᠲᠠᠢ ᠶᠠᠪᠤᠭᠳᠠᠭᠰᠠᠭᠠᠷ᠁ ᠡᠬᠦᠨ ᠳ᠋ᠤ ᠬᠡᠨ ᠶᠠᠮᠠᠷ ᠠᠵᠢᠯ ᠬᠢᠪᠡ ᠬᠡᠳᠡᠭ ᠨᠢ ᠮᠠᠯᠴᠢᠳ ᠤᠨ ᠰᠡᠳᠬᠢᠯ ᠳ᠋ᠤ ᠢᠯᠡᠬᠡᠨ᠃ ᠨᠠᠨᠳᠢᠨ ᠮᠡᠲᠤ ᠵᠢᠨ ᠦᠨᠳᠦᠰᠦᠨ ᠱᠠᠲᠤᠨ ᠳ᠋ᠤ ᠦᠢᠯᠡᠴᠢᠯᠡᠵᠤ᠂ ᠵᠢᠨᠭᠭᠢᠨᠢ ᠠᠵᠢᠯ ᠬᠢᠳᠡᠭ ᠬᠦᠮᠦᠰ ᠨᠡᠡᠭ ᠤᠯᠠᠰᠢᠷᠠᠬᠤ ᠪᠤᠯᠲᠤᠭᠠᠢ᠃

X