ᠲᠠᠪᠤᠨ ᠬᠤᠰᠢᠭᠤ ᠮᠠᠯ ᠤᠨ ᠬᠡᠰᠢᠭ ᠲᠠᠢ ᠲᠠᠯ᠎ᠠ ᠨᠤᠲᠤᠭ ᠤᠨ ᠨᠠᠶᠢᠷ

2025-03-23 09:31:47

ᠲᠠᠯ᠎ᠠ ᠨᠤᠲᠤᠭ ᠤᠨ ᠤᠷᠢᠬᠠᠨ ᠬᠠᠪᠤᠷ ᠭᠡᠵᠤ ᠲᠡᠶᠢᠮᠦ ᠯᠡ ᠲᠠᠶᠢᠪᠤᠩ ᠠᠮᠤᠭᠤᠯᠠᠩ ᠪᠢᠯᠡ᠃ ᠣᠷᠳᠤᠰ ᠲᠣᠭᠠᠯᠠᠯ ᠤᠨ ᠲᠠᠪᠤᠨ ᠰᠠᠷ᠎ᠠ ᠰᠠᠷ᠎ᠠ ᠢᠢᠨ ᠠᠷᠪᠠᠨ ᠨᠢᠬᠡᠨ  ᠤ ᠡᠳᠦᠷ᠂ ᠪᠤᠭᠤᠷᠤᠯᠴᠤᠳ ᠡᠨᠡ ᠡᠳᠦᠷ ᠢ ᠴᠢᠨᠳᠠᠮᠤᠨᠢ ᠡᠷᠳᠡᠨᠢ ᠳᠡᠯᠭᠡᠷᠡᠭ᠍ᠰᠡᠨ ᠡᠳᠦᠷ ᠬᠡᠮᠡᠨ ᠶᠠᠷᠢᠳᠠᠭ ᠠᠵᠤᠭᠤ᠂ ᠡᠨᠡ ᠡᠳᠦᠷ︽ᠬᠤᠶᠠᠳᠤᠭᠠᠷ ᠬᠤᠭᠤᠴᠠᠭᠠᠨ ᠤ ᠪᠤᠳᠠᠰ ᠤᠨ ᠪᠤᠰᠤ ᠰᠣᠶᠤᠯ ᠤᠨ ᠦᠪ ︱ ᠲᠠᠯ᠎ᠠ ᠨᠤᠲᠤᠭ ᠤᠨ ᠲᠠᠪᠤᠨ ᠬᠤᠰᠢᠭᠤ ᠮᠠᠯ ᠤᠨ ᠬᠡᠰᠢᠭ ᠪᠤᠶᠠᠨ ᠤ ᠳᠠᠯᠠᠯᠭ᠎ᠠ ᠵᠢᠴᠢ ᠦᠨᠳᠦᠰᠦᠲᠡᠨ ᠤ ᠤᠯᠠᠮᠵᠢᠯᠠᠯᠲᠤ ᠪᠡᠶ᠎ᠡ ᠢᠢᠨ ᠲᠠᠮᠢᠷ ᠤᠨ ᠤᠷᠤᠯᠳᠤᠭᠠᠨ︾ ᠬᠠᠩᠭᠢᠨ ᠬᠤᠰᠢᠭᠤᠨ ᠤ ᠶᠡᠭᠡᠠᠤᠰᠤ ᠰᠤᠮᠤᠨ ᠤ ᠴᠠᠭᠢᠷᠮ᠎ᠠ ᠢᠢᠨ ᠲᠠᠯ᠎ᠠ ᠳᠤ ᠶᠠᠪᠤᠭᠳᠠᠯ᠎ᠠ᠃

ᠦᠷᠯᠦᠭᠡ ᠵᠢᠭᠰᠠᠭᠠᠯ ᠤᠨ ᠠᠩᠭᠢ ᠲᠠᠯᠠᠪᠠᠢ ᠳᠤ ᠣᠷᠤᠵᠤ᠂ ᠲᠠᠪᠤᠨ ᠬᠤᠰᠢᠭᠤ ᠮᠠᠯ ᠤᠨ ᠬᠡᠰᠢᠭ ᠪᠤᠶᠠᠨ ᠤ ᠳᠠᠯᠠᠯᠭ᠎ᠠ ᠶᠠᠪᠤᠭᠳᠠᠵᠤ᠂ ᠬᠦᠬᠡᠭ᠍ᠴᠢᠨ ᠮᠤᠭᠠᠢ ᠵᠢᠯ ᠳᠤ ᠲᠠᠪᠤᠨ ᠬᠤᠰᠢᠭᠤ ᠮᠠᠯ ᠦᠨᠢᠷ ᠦᠰᠦᠯᠲᠡ ᠲᠠᠢ᠂ ᠠᠷᠠᠳ ᠢᠷᠭᠡᠨ ᠠᠮᠤᠭᠤᠯᠠᠩ ᠲᠠᠶᠢᠪᠤᠩ ᠪᠠᠶᠢᠬᠤ ᠪᠠᠨ ᠬᠦᠰᠡᠨ ᠳᠠᠭᠠᠳᠬᠠᠯ᠎ᠠ᠃ ᠶᠣᠰᠤᠯᠠᠯ ᠳᠤ ᠪᠠᠰᠠ ᠠᠳᠤᠭᠤ ᠳᠡᠯᠯᠡᠬᠦ᠂ ᠳᠠᠭ᠎ᠠ ᠲᠠᠮᠠᠭᠠᠯᠠᠬᠤ᠂ ᠲᠡᠮᠡᠭᠡ ᠵᠤᠭᠳᠤᠷᠯᠠᠬᠤ᠂ ᠢᠩᠭᠡᠨ ᠭᠠᠯ ᠤᠨ ᠲᠠᠬᠢᠯᠭ᠎ᠠ᠂ ᠪᠢᠷᠠᠭᠤ ᠪᠦᠭᠡᠰᠦᠯᠡᠬᠦ᠂ ᠬᠤᠷᠠᠭ᠎ᠠ ᠢᠰᠢᠭᠡ ᠬᠦᠩᠭᠡᠯᠡᠬᠦ ᠵᠡᠷᠭᠡ ᠵᠠᠩ ᠦᠢᠯᠡ ᠢᠢ ᠭᠦᠢᠴᠡᠳᠭᠡᠬᠦ ᠠᠴᠠ ᠭᠠᠳᠠᠨ᠎ᠠ ᠪᠠᠰᠠ ᠦᠭᠡᠷ᠎ᠡ ᠪᠤᠰᠤᠳ ᠭᠠᠴᠠᠭᠠᠨ ᠤ ᠮᠠᠯᠴᠢᠨ ᠠᠷᠠᠳ ᠤᠷᠠᠨ ᠰᠠᠶᠢᠬᠠᠨ ᠤ ᠲᠣᠭᠯᠠᠯᠲᠠ ᠭᠠᠷᠭᠠᠬᠤ᠂ ᠮᠣᠷᠢᠨ ᠤᠷᠤᠯᠳᠤᠭᠠᠨ᠂ ᠲᠡᠮᠡᠭᠡᠨ ᠤᠷᠤᠯᠳᠤᠭᠠᠨ ᠵᠡᠷᠭᠡ ᠪᠠᠶᠠᠯᠢᠭ ᠰᠠᠶᠢᠬᠠᠨ ᠠᠭᠤᠯᠭ᠎ᠠ ᠲᠣᠬᠢᠷᠠᠭᠤᠯᠵᠤ᠂ ᠬᠤᠷᠠᠭᠰᠠᠨ ᠣᠯᠠᠨ ᠤ ᠰᠡᠳᠭᠢᠯ ᠢ ᠪᠠᠶᠠᠰᠬᠠᠨ᠂ ᠬᠡᠶᠢᠮᠦᠷᠢ ᠢᠢ ᠰᠡᠷᠭᠦᠭᠡᠭ᠍ᠰᠡᠨ ᠪᠠᠶᠢᠨ᠎ᠠ᠃ ᠣᠶᠢᠯᠠᠭᠠᠭᠰᠠᠨ ᠢᠶᠠᠷ ᠲᠤᠰ ᠤᠳᠠᠭᠠᠨ ᠤ ᠠᠵᠢᠯᠯᠠᠭ᠎ᠠ ᠳᠤ ᠬᠠᠩᠭᠢᠨ ᠬᠤᠰᠢᠭᠤ ᠠᠴᠠ ᠭᠠᠳᠠᠨ᠎ᠠ ᠪᠠᠰᠠ ᠬᠠᠷᠢ ᠬᠤᠰᠢᠭᠤ᠂ ᠠᠯᠠᠱᠠ᠂ ᠪᠠᠶᠠᠨᠨᠠᠭᠤᠷ ᠵᠡᠷᠭᠡ ᠠᠶᠢᠮᠠᠭ ᠬᠤᠲᠠ ᠢᠢᠨ ᠵᠠᠭᠤᠭᠠᠳ ᠢᠯᠡᠭᠦᠦ ᠤᠶᠠᠭᠠᠴᠢᠳ᠂ ᠬᠤᠷᠢᠭᠠᠳ ᠲᠡᠮᠡᠭᠡᠴᠢᠳ ᠢᠷᠡᠭ᠍ᠰᠡᠨ ᠪᠠᠶᠢᠨ᠎ᠠ᠃

X