ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰᠤ
2025-04-01 09:44:00
ᠬᠥᠬᠡ ᠮᠥᠩᠭᠦᠨ ᠲᠡᠭ᠍ᠷᠢ ᠠᠴᠠ ᠬᠥᠪᠥᠩ ᠴᠠᠭᠠᠨ ᠡᠭᠦᠯᠡ ᠤᠷᠭᠤᠨ᠎ᠠ
ᠬᠥᠮᠥᠨ ᠠᠷᠠᠳ ᠤᠨ ᠰᠡᠳᠭᠢᠯ ᠤᠮᠤᠭ ᠤᠨ ᠬᠤᠷᠤᠢ ᠳᠤ ᠮᠡᠯᠮᠡᠷᠡᠨ᠎ᠡ
ᠬᠥᠰᠡᠯ ᠤᠨ ᠵᠥᠩ ᠳᠡᠭᠡᠵᠢᠯᠡᠵᠥ ᠤᠯᠠᠷᠢᠯ ᠤᠨ ᠥᠩᠭᠡ ᠰᠢᠨᠡᠳᠥᠨᠡ
ᠬᠥᠪᠴᠢᠨ ᠳᠡᠯᠡᠬᠡᠢ ᠢᠢᠨ ᠢᠲᠡᠭᠡᠯ ᠳᠤᠮᠤᠭ ᠤᠨ ᠤᠷᠠᠢ ᠳᠤ ᠴᠡᠯᠭᠡᠷᠡᠨᠡ
ᠥᠬᠢᠨ ᠤ ᠮᠢᠨᠢ ᠨᠢᠭᠤᠵᠤ ᠤᠨᠠᠭᠠᠭᠰᠠᠨ ᠨᠢᠯᠪᠤᠰᠤ ᠴᠠᠷᠴᠠᠵᠤ
ᠤᠶᠠᠬᠠᠨ ᠽᠠᠮᠪᠤᠯᠢᠩ ᠤᠨ ᠥᠷᠥᠴᠡᠨ ᠳᠤ ᠰᠠᠴᠤᠭᠳᠠᠭᠰᠠᠨ ᠰᠢᠭ
ᠤᠷᠲᠤ ᠢᠢᠨ ᠳᠠᠭᠤᠨ ᠤ ᠤᠶᠠᠩᠭ᠎ᠠ ᠢᠢᠨ ᠠᠶᠠᠰ ᠴᠤᠤᠷᠢᠶᠠᠳᠤᠨ
ᠤᠩᠭᠤᠨ ᠪᠠᠶᠢᠭᠠᠯᠢ ᠢᠢᠨ ᠥᠷᠥᠴᠡᠨ ᠳᠤ ᠰᠥᠨ ᠴᠠᠰᠤ ᠯᠠᠪᠰᠠᠯᠠᠬᠤ ᠪᠠᠷ
ᠠᠭᠰᠤᠮ ᠬᠤᠷᠳᠤᠨ ᠬᠥᠯᠥᠭ ᠤᠨ ᠲᠤᠭᠤᠷᠠᠢ ᠢᠢᠨ ᠲᠤᠭᠤᠰᠤ ᠨᠠᠮᠲᠠᠵᠤ
ᠠᠮᠢᠨ ᠵᠢᠷᠥᠬᠡᠨ ᠲᠤᠯᠳᠤᠨ ᠤ ᠰᠥᠰᠦᠭ ᠤᠨ ᠢᠪᠢᠯᠭᠡ ᠤᠶᠠᠩᠭᠠᠷᠠᠵᠤ
ᠠᠷᠤ ᠬᠠᠩᠭᠠᠢ ᠨᠤᠲᠤᠭ ᠤᠨ ᠠᠷᠢᠭᠤᠬᠠᠨ ᠬᠥᠷᠥᠰᠥ ᠢᠢ ᠤᠮᠳᠠᠯᠠᠵᠤ
ᠠᠮᠢᠳᠤᠷᠠᠯ ᠬᠤᠷᠸ᠎ᠠ ᠲᠤᠯᠢᠨ ᠤ ᠥᠴᠢᠭ ᠤᠨ ᠰᠡᠪᠡᠯᠭᠡ ᠰᠤᠯᠤᠩᠭᠠᠷᠠᠵᠤ
ᠪᠤᠳᠤᠭ ᠤᠨ ᠥᠩᠭᠡ ᠢᠢ ᠬᠠᠷᠠᠭᠠᠨ ᠳᠤ ᠢᠯᠳᠠᠮᠬᠠᠨ ᠲᠤᠳᠤᠷᠠᠭᠤᠯᠵᠤ
ᠪᠤᠳᠤᠯ ᠤᠨ ᠰᠢᠪᠡᠨᠡᠭᠡ ᠢᠢ ᠰᠤᠨᠤᠷ ᠲᠤ ᠢᠷᠠᠭᠤᠬᠠᠨ ᠮᠡᠳᠡᠷᠡᠭᠦᠯᠵᠥ
ᠪᠤᠬᠢᠨᠢᠳᠥᠯ ᠤᠶᠢᠳᠬᠠᠷ ᠤᠨ ᠮᠠᠨᠠᠨ ᠢ ᠠᠷᠴᠢᠭᠰᠠᠨ ᠮᠡᠲᠥ ᠰᠠᠷᠨᠢᠭᠤᠯᠵᠤ
ᠪᠤᠮᠪᠠ ᠢᠢᠨ ᠠᠷᠢᠭᠤᠨ ᠤᠷᠤᠨ ᠵᠡᠭᠦᠳᠥ ᠶᠤᠮ ᠰᠢᠭ ᠨᠢᠯᠬᠠᠷᠠᠨ᠎ᠠ
ᠲᠡᠭ᠍ᠷᠢ ᠢᠢᠨ ᠤᠯᠠᠨ ᠤᠳᠤ ᠮᠢᠨᠤ ᠪᠠᠭᠤᠴᠠᠨ ᠳᠤ ᠢᠷᠡᠭᠡ ᠰᠢᠭ
ᠲᠡᠷᠭᠡᠯ ᠬᠥᠳᠡᠭᠡ ᠢᠢ ᠠᠷᠢᠭᠤᠰᠬᠠᠭᠰᠠᠨ ᠴᠡᠩᠬᠡᠷ ᠴᠠᠰᠤᠨ ᠰᠢᠪᠰᠢᠶ᠎ᠡ
ᠲᠡᠨᠢᠭᠡᠷ ᠠᠭᠤᠯᠠᠰ ᠤᠨ ᠰᠥᠷ ᠢ ᠤᠲᠤᠷ ᠤᠨ ᠬᠠᠶᠠᠭᠠᠨ ᠳᠤ ᠡ᠊ᠩᠬᠦᠷᠡᠶᠢᠯᠡᠵᠥ
ᠲᠡᠮᠡᠭᠡᠨ ᠵᠢᠩ ᠤᠨ ᠮᠥᠷ ᠢ ᠰᠤᠳᠤᠷ ᠤᠨ ᠬᠠᠭᠤᠳᠠᠰᠤᠨ ᠳᠤ ᠡᠪᠬᠡᠨ᠎ᠡ
ᠰᠠᠶᠢᠬᠠᠨ ᠬᠠᠨ ᠢ ᠲᠥᠰᠥᠭᠡᠯᠡᠨ ᠪᠠᠶᠢᠬᠤ ᠳᠤ ᠪᠤᠷᠬᠠᠨ ᠬᠠᠯᠲᠤᠨ ᠤᠶᠢᠷᠠᠲᠤᠨ᠎ᠠ
ᠰᠠᠷᠠᠭᠤᠯ ᠨᠤᠲᠤᠭ ᠢ ᠰᠠᠨᠠᠨ ᠤᠶᠠᠷᠠᠬᠤ ᠳᠤ ᠤᠨᠤᠨ ᠮᠥᠷᠡᠨ ᠥᠶᠡᠷᠯᠡᠨᠡ
ᠰᠠᠯᠬᠢ ᠢᠰᠭᠡᠷᠡᠭᠦᠯᠥᠨ ᠲᠠᠪᠬᠢᠬᠤ ᠠᠳᠤᠭᠤᠨ ᠰᠥᠷᠥᠭ ᠤᠨ ᠲᠥᠪᠡᠷᠭᠡᠨ ᠳᠤ
ᠰᠠᠨᠴᠢᠭ ᠪᠤᠭᠤᠷᠤᠯ ᠠᠪᠤ ᠢᠢᠨ ᠮᠠᠩᠨᠠᠢ ᠢᠢᠨ ᠠᠲᠤᠷᠢᠶ᠎ᠠ ᠲᠡᠨᠶᠢᠨᠡ
ᠠᠶᠠᠯᠭᠤ ᠢᠷᠠᠭᠤ ᠬᠤᠷᠸ᠎ᠠ ᠢᠢᠨ ᠬᠥᠭ ᠨᠡᠶᠢᠯᠡᠭ᠍ᠰᠡᠨ ᠠᠶᠢᠵᠠᠮ ᠢᠶᠠᠷ
ᠠᠩᠭᠢᠷ ᠴᠠᠭᠠᠨ ᠴᠠᠰᠤ ᠠᠯᠲᠠᠨ ᠳᠡᠯᠡᠬᠡᠢ ᠢᠢ ᠥᠩᠭᠡᠯᠡᠬᠦ ᠳᠤ
ᠠᠷᠠᠳ ᠤᠨ ᠳᠠᠭᠤᠨ ᠤ ᠠᠶᠢᠵᠠᠮ ᠠᠲᠠᠷ ᠲᠠᠯ᠎ᠠ ᠪᠠᠷ ᠤᠶᠠᠩᠭᠠᠷᠠᠨ
ᠠᠶᠠᠰ ᠤᠨ ᠰᠠᠯᠬᠢᠨ ᠤ ᠰᠡᠪᠡᠯᠵᠡᠭᠡᠨ ᠳᠤ ᠠᠶᠠᠨ ᠤ ᠴᠤᠪᠤᠭ᠎ᠠ ᠳᠤᠷᠠᠶᠢᠨ᠎ᠠ
ᠤᠰᠤᠨ ᠲᠤᠩᠭᠠᠯᠠᠭ ᠨᠠᠭᠤᠷ ᠲᠤ ᠤᠯᠠᠷᠢᠯ ᠤᠨ ᠰᠢᠪᠠᠭᠤᠳ ᠰᠠᠭᠠᠲᠠᠨ
ᠤᠶᠠᠩᠭ᠎ᠠ ᠢᠢᠨ ᠲᠤᠷᠭᠠᠨ ᠬᠠᠳᠠᠭ ᠰᠠᠷᠠᠨ ᠤ ᠲᠤᠶᠠᠭᠠᠨ ᠳᠤ ᠴᠠᠶᠢᠯᠵᠠᠨ᠎ᠠ
ᠤᠭᠲᠠᠷᠭᠤᠢ ᠢᠢᠨ ᠭᠥᠨ ᠮᠠᠨᠳᠠᠯ ᠳᠤ ᠮᠥᠷᠥᠭᠡᠳᠥᠯ ᠤᠨ ᠡᠭᠦᠯᠡᠰ ᠬᠤᠷᠠᠭᠠᠳ
ᠤᠷᠢᠬᠠᠨ ᠬᠠᠪᠤᠷ ᠤᠨ ᠴᠠᠰᠤ ᠬᠠᠵᠠᠭᠠᠷ ᠤᠨ ᠴᠢᠮᠡᠭᠡ ᠲᠠᠢ ᠬᠠᠶᠠᠯᠠᠨ᠎ᠠ ᠁
(ᠬᠤᠨᠢᠴᠢᠨ ᠰᠤ ᠥᠨᠡᠨᠴᠢ)