ᠬᠠᠪᠤᠷ ᠵᠦᠭ ᠤᠨ ᠤᠷᠤᠰᠬᠠᠯ
2025-03-25 09:39:00
ᠰᠢᠯᠢ ᠢᠢᠨ ᠤᠷᠤᠢ ᠪᠠᠷ ᠰᠡᠮᠡᠵᠡᠨ ᠡᠬᠦᠯᠡ
ᠰᠡᠬᠦᠳᠡᠷ ᠢᠶᠠᠨ ᠬᠠᠶᠠᠯᠠᠨ ᠨᠡᠬᠦᠬᠦ ᠰᠠᠶᠢᠬᠠᠨ
ᠰᠢᠯᠦᠭ ᠬᠦᠯᠬᠦᠭ᠍ᠰᠡᠨ ᠬᠦᠭᠡᠷᠦᠬᠦᠨ ᠴᠢ ᠮᠢᠨᠢ
ᠰᠢᠪᠡᠨᠡᠬᠦ ᠦᠭᠡᠰ ᠢᠶᠠᠨ ᠲᠡᠯᠭᠡᠬᠦ ᠰᠠᠶᠢᠬᠠᠨ
ᠡᠬᠦᠯᠡᠨ ᠤ ᠲᠤᠤᠷ᠎ᠠ ᠰᠢᠯᠦᠭ ᠤᠨ ᠲᠡᠭᠡᠷ᠎ᠡ
ᠦᠪᠡᠷ ᠢ ᠪᠠᠨ ᠮᠠᠷᠳᠠᠨ ᠲᠤᠨᠢᠷᠬᠠᠬᠤ ᠰᠠᠶᠢᠬᠠᠨ
ᠦᠨᠡᠨ ᠴᠦ ᠶᠤᠮ ᠰᠢᠭ ᠦᠯᠢᠭᠡᠷ ᠴᠦ ᠶᠤᠮ ᠰᠢᠭ
ᠦᠨᠦᠴᠢᠨ ᠵᠢᠷᠦᠭᠡ ᠤᠪᠤᠯᠵᠠᠬᠤ ᠰᠠᠶᠢᠬᠠᠨ
ᠮᠤᠷᠢ ᠲᠠᠢ ᠡᠷ᠎ᠡ ᠭᠠᠯᠬᠢᠭᠤᠯᠵᠤ ᠢᠷᠡᠭᠡᠳ
ᠬᠦᠬᠦᠦᠷ ᠰᠤᠯᠢᠨ ᠲᠠᠮᠠᠬᠢᠯᠠᠬᠤ ᠰᠠᠶᠢᠬᠠᠨ
ᠮᠦᠩᠬᠦᠨ ᠪᠤᠭᠤᠷᠤᠯ ᠰᠠᠬᠠᠯ ᠢᠶᠠᠨ ᠢᠮᠡᠷᠦᠨ
ᠬᠠᠭᠤᠴᠢ ᠡᠯᠡᠭᠡᠨ ᠬᠦᠭᠡᠷᠬᠦ ᠰᠠᠶᠢᠬᠠᠨ
ᠮᠤᠩᠭᠤᠯ ᠲᠡᠯᠡᠭᠡᠢ ᠤᠨᠠᠭᠠᠨ ᠪᠠᠶᠢᠭᠠᠯᠢ
ᠵᠡᠷᠭᠡᠯᠭᠡᠨ ᠲᠤᠮᠳᠠ ᠪᠦᠷᠦᠯᠵᠡᠬᠦ ᠰᠠᠶᠢᠬᠠᠨ
ᠮᠦᠰᠢᠶᠡᠳᠤ ᠲᠦᠬᠦᠷᠡᠩ ᠲᠤᠶᠠᠬᠠᠨ ᠪᠦᠰᠡᠬᠦᠢ
ᠵᠡᠷᠭᠡᠴᠡᠵᠤ ᠰᠠᠭᠤᠭᠠᠳ ᠲᠤᠷᠮᠤᠯᠵᠠᠬᠤ ᠰᠠᠶᠢᠬᠠᠨ
ᠤᠨᠠᠬᠤ ᠨᠠᠷᠠᠨ ᠲᠡᠯ ᠢᠶᠠᠨ ᠰᠡᠭ᠍ᠰᠦᠷᠦᠨ
ᠠᠭᠤᠯᠠ ᠢᠢᠨ ᠴᠠᠭᠠᠭᠤᠷ ᠲᠤᠩᠭᠤᠶᠢᠬᠤ ᠰᠠᠶᠢᠬᠠᠨ
ᠤᠷᠭ᠎ᠠ ᠪᠠᠨ ᠴᠢᠷᠦᠭ᠍ᠰᠡᠭᠡᠷ ᠡᠪᠦᠭᠡᠨ ᠭᠤᠸᠠᠢ
ᠤᠷᠳᠤ ᠢᠢᠨ ᠲᠠᠭᠤᠤ ᠲᠠᠢ ᠵᠢᠷᠢᠯᠵᠡᠬᠦ ᠰᠠᠶᠢᠬᠠᠨ
ᠲᠤᠯᠤᠩ ᠤᠨ ᠲᠤᠤᠭᠤᠷ ᠲᠤᠯᠤᠭᠠᠳ ᠤᠨ ᠲᠡᠭᠡᠬᠦᠷ
ᠲᠤᠷᠭᠠᠨ ᠬᠦᠰᠢᠭᠡ ᠲᠠᠳᠠᠬᠤ ᠰᠠᠶᠢᠬᠠᠨ
ᠲᠤᠭᠤᠭᠰᠠᠨ ᠠᠮᠠᠷᠠᠭ ᠪᠢᠳᠠ ᠬᠤᠶᠠᠭᠤᠯᠠ ᠪᠠᠨ
ᠲᠤᠬᠤᠮ ᠢᠶᠠᠨ ᠬᠦᠪᠢᠨ ᠪᠤᠴᠠᠬᠤ ᠰᠠᠶᠢᠬᠠᠨ᠃
(ᠴᠢ᠊ · ᠮᠠᠨᠳᠤᠯ᠎ᠠ)