︽ᠰᠤᠨᠤᠷ ᠤᠨ ᠬᠠᠨᠢ︾︱ ᠰᠤᠨᠤᠰᠤᠭᠴᠢᠳ ᠤᠨ ᠪᠠᠶᠠᠷ
2025-01-26 04:36:56
ᠴᠠᠭᠠᠨ ᠰᠠᠷ᠎ᠠ ᠤᠶᠢᠷᠠᠳᠴᠤ ᠴᠠᠭᠯᠠᠰᠢ ᠦᠭᠡᠢ ᠪᠠᠶᠠᠷ ᠤᠨ ᠮᠠᠨᠭᠨᠠᠢ ᠲᠡᠨᠡᠶᠢᠬᠦ ᠲᠠᠰᠢᠷᠠᠮ ᠳ᠋ᠤ ᠤᠲᠤᠭ ᠬᠤᠰᠢᠭᠤᠨ ᠤ ᠰᠦᠮᠡᠲᠤ ᠰᠤᠮᠤᠨ ᠤ ᠴᠠᠭᠠᠠᠤᠪᠤᠭ᠎ᠠ ᠭᠠᠴᠠᠭᠠᠨ ᠤ ᠮᠠᠯᠴᠢᠨ ᠮᠠᠰᠢᠪᠢᠯᠢᠭ᠍ ᠤᠨ ᠳ᠋ᠤ ᠬᠤᠯᠠ ᠤᠶᠢᠷ᠎ᠠ ᠵᠢᠨ ᠬᠡᠶᠢᠴᠢᠨ ᠵᠤᠴᠢᠨ ᠮᠤᠷᠢᠯᠠᠨ ᠰᠠᠭᠠᠲᠠᠵᠤ᠂ ᠤᠷᠳᠤᠰ ᠨᠤᠲᠤᠭ ᠤᠨ ᠪᠠᠷᠠᠭᠤᠨ ᠲᠦᠷᠪᠡᠨ ᠬᠤᠰᠢᠭᠤᠨ ᠤ ᠨᠤᠲᠤᠭ ᠨᠤᠲᠤᠭ ᠤᠨ ᠴᠠᠰᠤ ᠴᠢᠬᠢᠭ᠂ ᠬᠦᠢᠲᠠᠨ ᠲᠤᠯᠠᠭᠠᠨ ᠤ ᠲᠤᠬᠠᠢ ᠮᠡᠨᠳᠦ ᠵᠢᠨ ᠦᠬᠡᠨ ᠳ᠋ᠤ ᠲᠤᠭᠤᠯᠲᠠᠨᠠ᠃ ᠡᠨᠳᠡ ᠦᠨᠦᠳᠦᠷ 2024 ᠤᠨ ᠵᠢᠡᠨ ᠦᠳᠡᠵᠤ᠂ ᠰᠢᠨ᠎ᠡ ᠵᠢᠯ ᠵᠢᠡᠨ ᠤᠭᠲᠤᠬᠤ︽ᠰᠤᠨᠤᠷ ᠤᠨ ᠬᠠᠨᠢ︾ᠬᠤᠯᠪᠤᠭᠠᠨ ᠤ ᠠᠷᠪᠠᠨ ᠲᠠᠪᠤᠳᠠᠬᠢ ᠤᠳᠠᠭᠠᠨ ᠤ ᠰᠤᠶᠤᠯ ᠤᠷᠠᠯᠢᠭ ᠤᠨ ᠴᠤᠭᠯᠠᠭᠠᠨ᠂ ᠠᠮᠠᠨ ᠦᠯᠢᠬᠡᠷ ᠤᠨ ᠤᠷᠤᠯᠳᠤᠭᠠᠨ ᠵᠢᠴᠢ ᠮᠸᠲ᠋ᠯ ᠵᠡᠬᠦᠯᠬᠡᠬᠦ ᠶᠤᠰᠤᠯᠠᠯ ᠶᠠᠪᠤᠭᠳᠠᠵᠤ ᠪᠠᠶᠢᠯ᠎ᠠ᠃
︽ᠰᠤᠨᠤᠷ ᠤᠨ ᠬᠠᠨᠢ︾ᠬᠤᠯᠪᠤᠭ᠎ᠠ ᠪᠤᠯ ᠮᠠᠨ ᠤ ᠬᠤᠲᠠ ᠵᠢᠨ ᠡᠯ᠎ᠡ ᠬᠤᠰᠢᠭᠤ ᠲᠤᠭᠤᠷᠢᠭ ᠵᠢᠴᠢ ᠮᠠᠨ ᠤ ᠤᠷᠤᠨ ᠤ ᠵᠠᠷᠢᠮ ᠠᠶᠢᠮᠠᠭ ᠬᠤᠲᠠ ᠵᠢᠨ ᠮᠠᠯᠴᠢᠳ ᠲᠠᠷᠢᠶᠠᠴᠢᠳ ᠵᠢᠡᠷ ᠪᠦᠷᠢᠯᠳᠦᠭᠰᠡᠨ ᠬᠤᠯᠪᠤᠭ᠎ᠠ ᠪᠤᠯᠤᠨ᠎ᠠ᠃ ᠡᠳᠡᠬᠡᠷ ᠬᠦᠮᠦᠰ ᠠᠵᠢᠯ ᠤᠨ ᠵᠠᠪᠰᠠᠷ᠂ ᠠᠮᠢᠵᠢᠭᠤᠯᠭᠠ ᠵᠢᠨ ᠬᠤᠭᠤᠷᠤᠨᠳᠤ ᠤᠷᠳᠤᠰ ᠤᠨ ᠮᠤᠨᠭᠭᠤᠯ ᠷᠠᠳᠢᠤ᠋ ᠪᠡᠨ ᠪᠠᠶᠢᠨᠭᠭᠤ ᠰᠤᠨᠤᠰᠤᠨ᠂ ᠡᠯ᠎ᠡ ᠲᠦᠷᠦᠯ ᠤᠨ ᠨᠠᠪᠲᠠᠷᠡᠬᠦᠯᠬᠡ ᠳ᠋ᠤ ᠢᠳᠡᠪᠬᠢᠲᠠᠢ ᠪᠡᠷ ᠤᠷᠤᠯᠴᠠᠵᠤ ᠪᠠᠶᠢᠭᠰᠠᠭᠠᠷ ᠬᠤᠭᠤᠷᠤ ᠬᠤᠭᠤᠷᠤᠨᠳᠤ ᠪᠡᠨ ᠳᠠᠭᠤ ᠬᠤᠭᠤᠯᠠᠢ ᠪᠡᠷ ᠵᠢᠡᠨ ᠲᠠᠨᠢᠯᠴᠠᠵᠤ᠂ ᠠᠷᠪᠠᠭᠠᠳ ᠵᠢᠯ ᠤᠨ ᠲᠡᠷᠲᠡᠭᠡ ᠡᠴᠡ ᠸᠢᠴᠠᠲ ᠬᠤᠯᠪᠤᠭ᠎ᠠ ᠪᠠᠶᠢᠭᠤᠯᠤᠨ᠂ ᠴᠢᠯᠥᠬᠡᠲᠡᠢ ᠵᠤᠭᠤᠭᠳᠠᠳᠠᠭ ᠪᠤᠯᠵᠠᠢ᠃ ᠡᠬᠦᠨ ᠤ ᠬᠠᠮᠲᠤ ᠨᠢᠬᠡ ᠵᠢᠯ ᠨᠢᠬᠡ ᠤᠳᠠᠭ᠎ᠠ ᠪᠤᠶᠤ ᠬᠤᠶᠠᠷ ᠤᠳᠠᠭ᠎ᠠ ᠬᠠᠮᠲᠤ ᠳ᠋ᠠᠭᠠᠨ ᠴᠤᠭᠯᠠᠷᠠᠨ ᠤᠷᠳᠤᠰ ᠤᠨ ᠮᠤᠨᠭᠭᠤᠯ ᠷᠠᠳᠢᠥ᠌ ᠵᠢᠨ ᠨᠡᠪᠲᠡᠷᠡᠬᠦᠯᠥᠭᠴᠢ᠂ ᠬᠦᠲᠦᠯᠥᠭᠴᠢ᠂ ᠨᠠᠶᠢᠷᠠᠭᠤᠯᠤᠭᠴᠢ᠂ ᠬᠢᠨᠠᠭᠴᠢᠳ ᠢ ᠤᠷᠢᠨ ᠠᠮᠠᠨ ᠦᠯᠢᠬᠡᠷ ᠤᠨ ᠤᠷᠤᠯᠳᠤᠭᠠᠨ᠂ ᠤᠨᠢᠰᠤᠭ᠎ᠠ ᠲᠠᠭᠠᠬᠤ ᠨᠠᠭᠠᠳᠤᠮ ᠶᠠᠪᠤᠭᠳᠠᠭᠤᠯᠤᠨ ᠨᠢᠬᠡ ᠨᠢᠬᠡ ᠪᠡᠨ ᠤᠷᠮᠠᠰᠢᠭᠤᠯᠤᠨ ᠵᠤᠷᠢᠭᠵᠢᠭᠤᠯᠳᠠᠭ ᠠᠵᠢ᠃
ᠮᠠᠰᠢ ᠪᠤᠯ ᠲᠤᠰ ᠬᠤᠯᠪᠤᠭᠠᠨ ᠤ ᠠᠬᠠᠯᠠᠭᠴᠢ ᠪᠢᠯᠡ᠃ ᠲᠡᠷᠡ ᠰᠤᠷᠪᠤᠯᠵᠢᠯᠠᠭᠴᠢ ᠳ᠋ᠤ᠄︽ᠮᠠᠨ ᠤ ᠬᠤᠯᠪᠤᠭᠠᠨ ᠳ᠋ᠤ ᠪᠠᠶᠢᠭ᠎ᠠ ᠬᠦᠮᠦᠰ ᠴᠦᠮ ᠮᠠᠯᠴᠢᠨ ᠲᠠᠷᠢᠶᠠᠴᠢᠳ᠂ ᠪᠢᠳᠠ ᠴᠤᠬᠤᠮ ᠶᠠᠭ︿ᠠᠳᠤᠭᠤ ᠮᠠᠯ ᠳ᠋ᠠᠭᠠᠨ ᠶᠠᠪᠤᠬᠤ ᠳ᠋ᠤ ᠠᠯᠠᠭᠠᠨ ᠲᠡᠭᠡᠷ᠎ᠡ ᠪᠡᠨ ᠲᠠᠯᠪᠢᠳᠠᠭ᠂ ᠠᠶᠢᠯ ᠬᠡᠷ ᠲᠡᠭᠡᠨ ᠪᠠᠶᠢᠬᠤ ᠳ᠋ᠤ ᠠᠪᠳᠠᠷ᠎ᠠ ᠲᠡᠭᠡᠷ᠎ᠡ ᠪᠡᠨ ᠲᠠᠯᠪᠢᠳᠠᠭ﹀ᠬᠡᠭᠴᠢ ᠪᠡᠷ ᠮᠤᠨᠭᠭᠤᠯ ᠷᠠᠳᠢᠣ᠋ ᠪᠡᠨ ᠡᠳᠦᠷ ᠪᠤᠯᠭᠠᠨ ᠰᠤᠨᠤᠰᠴᠤ᠂ ᠲᠡᠨᠳᠡ ᠡᠴᠡ ᠶᠡᠭᠡ ᠤᠯᠠᠨ ᠮᠡᠳᠡᠯᠬᠡ ᠵᠢᠨ ᠬᠤᠷᠠᠮᠳᠠᠭᠤᠯᠤᠯ ᠬᠢᠳᠡᠭ᠂ ᠡᠨᠡ ᠤᠳᠠᠭ᠎ᠠ ᠮᠠᠨ ᠤ ᠬᠤᠯᠪᠤᠭᠠᠨ ᠤ ᠴᠤᠭᠯᠠᠭᠠᠨ ᠠᠷᠪᠠᠨ ᠲᠠᠪᠤᠳᠠᠬᠢ ᠤᠳᠠᠭ᠎ᠠ ᠪᠡᠨ ᠤᠭᠲᠤᠨ ᠠᠪᠤᠯ᠎ᠠ᠂ ᠤᠷᠳᠤᠰ ᠤᠨ ᠪᠠᠷᠠᠭᠤᠨ ᠲᠦᠷᠪᠡᠨ ᠬᠤᠰᠢᠭᠤᠨ︵ᠬᠠᠨᠭᠭᠢᠨ ᠬᠤᠰᠢᠭᠤ᠂ ᠤᠲᠤᠭ ᠬᠤᠰᠢᠭᠤ᠂ ᠤᠲᠤᠭ ᠤᠨ ᠡᠮᠦᠨᠡᠲᠤ ᠬᠤᠰᠢᠭᠤ᠂ ᠦᠤᠰᠢᠨ ᠬᠤᠰᠢᠭᠤ︶ ᠤ ᠭᠤᠴᠢ ᠭᠠᠷᠤᠢ ᠰᠤᠨᠤᠰᠤᠭᠴᠢᠳ ᠦᠨᠦᠳᠦᠷ ᠮᠠᠨ ᠤ ᠳ᠋ᠤ ᠴᠤᠭᠯᠠᠷᠠᠨ ᠮᠡᠳᠡᠯᠬᠡ ᠵᠢᠨ ᠤᠷᠤᠯᠳᠤᠭᠠᠨ ᠬᠢᠵᠤ ᠮᠸᠲᠯ ᠵᠡᠬᠦᠯᠬᠡᠬᠦ ᠪᠤᠯᠤᠭᠰᠠᠨ ᠳ᠋ᠠᠭᠠᠨ ᠶᠡᠭᠡ ᠪᠠᠶᠠᠷᠲᠠᠢ ᠪᠠᠶᠢᠨ᠎ᠠ᠂ ᠳᠠᠭᠠᠤ ᠳ᠋ᠤ ᠨᠢ ᠡᠬᠦᠷᠢᠳᠡ ᠪᠢᠳᠠᠨ ᠳ᠋ᠤ ᠰᠠᠶᠢᠨ ᠰᠠᠶᠢᠬᠠᠨ ᠢ ᠰᠤᠨᠤᠷᠲᠠᠭᠤᠯᠵᠤ᠂ ᠪᠢᠳᠠᠨ ᠵᠢᠡᠨ ᠤᠷᠮᠠᠰᠢᠭᠤᠯᠵᠤ ᠶᠠᠪᠤᠳᠠᠭ ᠮᠤᠨᠭᠭᠤᠯ ᠷᠠᠳᠢᠣ᠋ ᠵᠢᠨ ᠬᠢᠨ ᠳ᠋ᠡᠬᠡᠨ ᠪᠠᠶᠠᠷᠯᠠᠯ᠎ᠠ ᠬᠡᠵᠤ ᠬᠡᠯᠡᠶ᠎ᠡ︾ᠬᠡᠵᠤ ᠶᠠᠷᠢᠯ᠎ᠠ᠃