︽ᠰᠢᠨ᠎ᠡ ᠴᠠᠭ ᠤᠨ ᠬᠠᠷ᠎ᠠ ᠲᠠᠮᠠᠭᠢ︾ ᠢᠢ ᠰᠡᠷᠭᠡᠶᠢᠯᠡᠶ᠎ᠡ

2025-03-09 05:38:37

ᠴᠠᠭ ᠡᠷᠡᠨ ᠤ ᠭᠦᠭ᠍ᠵᠢᠯᠲᠡ ᠠᠴᠠ ᠪᠤᠯᠵᠤ ᠣᠶᠤᠨᠳᠤ ᠭᠠᠷ ᠤᠲᠠᠰᠤ ᠨᠢ ᠬᠦᠮᠦᠨ ᠠᠷᠠᠳ ᠤᠨ ᠬᠠᠷᠢᠯᠴᠠᠭ᠎ᠠ ᠬᠤᠯᠪᠤᠭᠠᠨ ᠳᠤ ᠲᠤᠲᠠᠭᠳᠠᠵᠤ ᠪᠤᠯᠤᠰᠢ ᠦᠭᠡᠢ ᠴᠢᠬᠤᠯᠠ ᠵᠠᠭᠤᠴᠢ ᠪᠤᠯᠤᠭᠰᠠᠨ ᠶᠤᠮ᠃ ᠭᠠᠷ ᠤᠲᠠᠰᠤ ᠪᠠᠷ ᠬᠦᠮᠦᠰ ᠪᠠᠭ᠎ᠠ ᠰᠠᠭ᠎ᠠ ᠤᠴᠢᠷ ᠶᠠᠪᠤᠳᠠᠯ ᠢᠶᠠᠨ ᠰᠶᠢᠳᠪᠦᠷᠢᠯᠡᠬᠦ ᠳᠤ ᠲᠦᠭᠦᠮ ᠮᠦᠷᠳᠡᠭᠡᠨ ᠵᠤᠭᠤᠰᠤᠨ ᠳᠤ ᠠᠷᠪᠢᠳᠠᠢ᠃ ᠡᠬᠦᠨ ᠤ ᠳᠠᠭᠠᠤ ᠨᠠᠭᠠᠳᠤᠮ ᠵᠤᠭ᠎ᠠ ᠴᠡᠩᠭᠡᠯ ᠤᠨ ᠠᠭᠤᠯᠭ᠎ᠠ ᠲᠠᠢ ᠵᠢᠷᠤᠭ ᠲᠦᠷᠰᠦ ᠪᠤᠶᠤ ᠪᠢᠴᠢᠯᠬᠡ ᠪᠡᠨ ᠨᠢᠬᠡ ᠨᠢᠬᠡᠨ ᠳ᠋ᠡᠬᠡᠨ ᠳᠠᠮᠵᠢᠭᠤᠯᠵᠤ᠂ ᠨᠢᠭᠡᠨ ᠴᠠᠭ ᠤᠨ ᠪᠠᠶᠠᠰᠤᠯ ᠪᠤᠯᠭᠠᠵᠤ᠂ ᠨᠦᠭᠦᠷᠯᠡᠯ ᠢᠶᠠᠨ ᠵᠤᠵᠠᠭᠠᠳᠬᠠᠨ ᠨᠠᠶᠢᠷ ᠰᠡᠳᠭᠢᠯᠭᠡ ᠪᠠᠨ ᠨᠡᠮᠡᠭ᠍ᠳᠡᠭᠦᠯᠵᠤ ᠪᠤᠯᠤᠨ᠎ᠠ᠃

ᠨᠡᠩ ᠢᠯᠡᠩᠭᠤᠶ᠎ᠠ ᠦᠢᠷ᠎ᠡ ᠢᠢᠨ ᠵᠢᠯ ᠠᠴᠠ ᠲᠢᠺ ᠲᠤᠺ ᠭᠠᠷᠴᠤ ᠢᠷᠡᠭ᠍ᠰᠡᠨ ᠠᠴᠠ ᠬᠦᠮᠦᠰ ᠤᠨ ᠦᠵᠡᠵᠦ ᠰᠤᠨᠢᠷᠬᠠᠬᠤ ᠬᠦᠷᠢᠶ᠎ᠡ ᠭᠡᠪᠴᠢᠶ᠎ᠡ ᠦᠷᠭᠡᠵᠢᠨ᠂ ᠭᠠᠷ ᠤᠲᠠᠰᠤᠨ ᠤ ᠰᠤᠷᠢᠨᠵᠢᠨ ᠬᠦᠴᠦᠨ ᠲᠤᠩ ᠦᠨᠳᠦᠷ ᠪᠤᠯᠵᠤ᠂ ᠮᠠᠰᠢ ᠠᠷᠪᠢᠨ︽ᠰᠦᠯᠵᠢᠶᠡᠨ ᠤ ᠤᠳᠤᠳ︾ ᠢᠯᠡᠷᠡᠵᠤ ᠤᠯᠠᠨ ᠤ ᠰᠡᠳᠭᠢᠯ  ᠤᠨ ᠤᠷᠤᠨ ᠵᠠᠢ ᠢᠢ ᠡᠵᠡᠯᠡᠭᠰᠡᠨ ᠪᠠᠶᠢᠨ᠎ᠠ᠃

ᠬᠡᠪᠡᠴᠤ︽ᠤᠯᠠᠳᠠᠪᠠᠯ ᠤᠯᠢᠭ ᠨᠢ ᠠᠯᠳᠠᠷᠠᠨ᠎ᠠ︾ ᠭᠡᠭ᠍ᠴᠢ ᠪᠠᠷ ᠤᠳᠤ ᠭᠠᠷ ᠤᠲᠠᠰᠤᠨ ᠤ ᠡᠯᠳᠡᠪ ᠮᠡᠳᠡᠬᠡᠯᠡᠯ ᠳ᠋ᠤ ᠬᠤᠳᠠᠯ ᠬᠠᠭᠤᠷᠮᠠᠭ᠂ ᠪᠤᠯᠭᠢ ᠪᠦᠳᠦᠭᠦᠯᠢᠭ᠂ ᠪᠤᠵᠠᠷ ᠰᠠᠮᠠᠭᠤᠨ ᠵᠦᠢᠯ ᠴᠤ ᠬᠤᠳᠬᠤᠯᠳᠤᠭᠠᠳ ᠤᠯᠢᠭ ᠨᠢ ᠠᠯᠳᠠᠷᠠᠵᠤ ᠪᠠᠶᠢᠨ᠎ᠠ᠃ ᠨᠡᠩ ᠢᠯᠡᠩᠭᠤᠶ᠎ᠠ ᠵᠠᠷᠢᠮ ᠬᠤᠳᠠᠯ ᠮᠡᠳᠡᠭᠡ᠂ ᠮᠡᠭᠡᠯᠡᠯ ᠤᠨ ᠮᠡᠳᠡᠭᠡ ᠨᠢ ᠬᠦᠮᠦᠰ ᠤᠨ ᠰᠡᠳᠭᠢᠯ ᠢ ᠲᠦᠭᠡᠷᠢᠭᠦᠯᠵᠦ ᠲᠠᠷᠢᠭᠢ ᠲᠤᠯᠤᠭᠠᠢ ᠢᠢ ᠨᠢ ᠪᠤᠷᠤᠭᠤ ᠵᠦᠭ ᠬᠦᠳᠦᠯᠵᠤ ᠪᠠᠶᠢᠨ᠎ᠠ᠃ ᠭᠠᠷ ᠤᠲᠠᠰᠤ ᠨᠢ ᠬᠦᠮᠦᠨ ᠠᠷᠠᠳ ᠤᠨ ᠰᠡᠳᠭᠢᠯ ᠢ ᠡᠵᠡᠮᠳᠡᠵᠦ ᠭᠡᠤᠭᠡᠳ ᠪᠠᠭᠠᠴᠤᠳ ᠠᠴᠠ ᠭᠦᠭ᠍ᠰᠢᠨ ᠨᠠᠰᠤᠳᠠᠶᠢᠴᠤᠳ ᠭᠦᠷᠳᠡᠯ᠎ᠡ ᠭᠠᠷ ᠤᠲᠠᠰᠤᠨ ᠠᠴᠠ ᠰᠠᠯᠵᠤ ᠶᠠᠳᠠᠨ᠎ᠠ᠃ ᠦᠷᠯᠦᠭᠡ ᠡᠷᠲᠡ ᠨᠢᠳᠦ ᠨᠡᠭᠡᠮᠡᠭ᠍ᠴᠡ ᠭᠠᠷ ᠤᠲᠠᠰᠤ ᠲᠠᠢ ᠪᠠᠨ ᠨᠤᠴᠤᠯᠳᠤᠨ᠎ᠠ᠃ ᠠᠵᠢᠯ ᠭᠦᠳᠡᠯᠮᠦᠷᠢ ᠢᠢᠨ ᠲᠤᠮᠲᠠ᠂ ᠴᠠᠢ ᠪᠤᠳᠠᠭ᠎ᠠ ᠢᠳᠡᠬᠦ ᠢᠢᠨ ᠵᠠᠪᠰᠠᠷ ᠲᠤ ᠡᠰᠡᠭᠦᠯ᠎ᠡ ᠲᠤᠨᠤᠯᠵᠢᠨ ᠵᠠᠮ ᠲᠡᠭᠡᠷ᠎ᠡ ᠨᠤᠭᠤᠭᠠᠨ ᠳ᠋ᠧᠩ ᠬᠦᠯᠢᠶᠡᠬᠦ ᠢᠢᠨ ᠵᠠᠭᠤᠷ᠎ᠠ ᠴᠦ ᠭᠡᠰᠡᠨ ᠭᠠᠷ ᠤᠲᠠᠰᠤ ᠪᠠᠨ ᠱᠠᠭᠠᠶᠢᠵᠤ ᠠᠪᠤᠨ᠎ᠠ᠃ ᠵᠢᠭᠠᠬᠠᠨ ᠴᠠᠭ ᠢ ᠠᠯᠳᠠᠯ ᠦᠭᠡᠢ ᠭᠠᠷ ᠤᠲᠠᠰᠤ ᠳᠤ ᠰᠢᠨᠤᠭᠰᠠᠨ ᠠᠴᠠ ᠲᠡᠷᠡ ᠨᠢ ᠠᠵᠢᠯ ᠰᠤᠷᠤᠯᠭ᠎ᠠ ᠢᠢ ᠲᠤᠩ ᠶᠡᠭᠡ ᠨᠦᠯᠦᠭᠡᠯᠡᠵᠦ ᠲᠦᠷᠦᠯ ᠰᠠᠳᠤᠨ᠂ ᠨᠠᠶᠢᠵᠠ ᠨᠦᠭᠦᠳ ᠤᠨ ᠬᠤᠭᠤᠷᠤᠨᠳᠤᠭᠢ ᠬᠠᠷᠢᠴᠠᠭ᠎ᠠ ᠢᠢ ᠬᠤᠯᠠᠳᠠᠭᠤᠯᠤᠨ᠎ᠠ᠃

ᠦᠩᠭᠡᠷᠡᠭ᠍ᠰᠡᠨ ᠳᠤ ᠬᠦᠮᠦᠰ ᠬᠤᠭᠤᠷᠤᠨᠲᠤ ᠪᠠᠨ ᠠᠭᠤᠯᠵᠠᠵᠤ ᠶᠠᠷᠢᠯᠴᠠᠬᠤ ᠪᠠᠷ ᠲᠠᠮᠵᠢᠨ ᠬᠠᠷᠢᠯᠴᠠᠭ᠎ᠠ ᠬᠤᠯᠪᠤᠭ᠎ᠠ ᠨᠢ ᠰᠠᠶᠢᠵᠢᠷᠠᠵᠤ ᠨᠦᠭᠦᠷᠯᠡᠯ ᠪᠠᠨ ᠵᠤᠵᠠᠭᠠᠳᠬᠠᠵᠤ ᠪᠠᠶᠢᠯ᠎ᠠ᠃ ᠭᠡᠲᠡᠯ᠎ᠡ ᠤᠳᠤ ᠬᠦᠮᠦᠰ ᠵᠦᠪᠭᠡᠨ ᠤᠴᠢᠷ ᠪᠠᠶᠢᠪᠠᠯ ᠭᠠᠷ ᠤᠲᠠᠰᠤ ᠪᠠᠷ ᠲᠦᠭᠦᠮᠭᠡᠨ ᠬᠠᠷᠢᠯᠴᠠᠵᠤ ᠰᠢᠢᠳᠪᠦᠷᠢᠯᠡᠨ᠎ᠡ᠃ ᠢᠩᠭᠢᠭ᠍ᠰᠡᠨ ᠠᠴᠠ ᠭᠦᠮᠦᠰ ᠤᠨ ᠬᠤᠭᠤᠷᠤᠨᠲᠤᠭᠢ ᠨᠡᠶᠢᠷ ᠰᠡᠳᠭᠢᠯᠭᠡ ᠬᠤᠯᠠᠳᠠᠨ᠎ᠠ᠃ ᠭᠠᠷ ᠣᠲᠠᠰᠤᠨ ᠳᠤ ᠠᠯᠮᠠᠶᠢᠷᠠᠵᠤ ᠶᠠᠪᠤᠭᠰᠠᠨ ᠠᠴᠠ ᠪᠤᠯᠵᠤ᠂ ᠠᠵᠢᠯ ᠰᠤᠷᠤᠯᠭ᠎ᠠ ᠳᠤ ᠵᠠᠷᠤᠴᠠᠭᠤᠯᠬᠤ ᠴᠠᠭ ᠨᠢ ᠪᠠᠭᠠᠰᠴᠤ ᠭᠡᠪ ᠤᠨ ᠠᠮᠢᠳᠤᠷᠠᠯ ᠢ ᠨᠦᠯᠦᠭᠡᠯᠡᠨ᠎ᠡ᠃ ᠲᠦᠷᠦᠭᠦᠭᠡᠨ ᠪᠢ ᠨᠢᠭᠡ ᠨᠠᠯᠢᠶᠠᠳ ᠰᠠᠶᠢᠨ ᠵᠤᠭᠢᠶᠡᠯ ᠪᠢᠴᠢᠳᠡᠭ ᠬᠦᠮᠦᠨ ᠠᠴᠠ ᠤᠷᠴᠢᠮ ᠶᠠᠮᠠᠷ ᠪᠦᠳᠦᠭᠡᠯ ᠭᠠᠷᠭᠠᠭᠰᠠᠨ ᠢ ᠠᠰᠠᠭᠤᠬᠤ ᠳᠤ᠄ ︽ᠦᠢᠷ᠎ᠡ ᠳᠤ ᠪᠢᠴᠢᠭ᠍ᠰᠡᠨ ᠶᠠᠭᠤᠮ᠎ᠠ ᠪᠠᠶᠢᠬᠤ ᠦᠭᠡᠢ᠃ ᠪᠦᠷ ᠯᠠ ᠡᠨᠡ ᠮᠠᠭᠤ ᠭᠠᠷ ᠤᠲᠠᠰᠤᠨ ᠤ ᠤᠷᠰᠢᠭ᠂ ᠪᠦᠬᠦ ᠴᠠᠭ ᠢᠶᠠᠨ ᠲᠡᠭᠦᠨ ᠳᠤ ᠲᠠᠯᠪᠢᠭᠠᠳ ᠨᠤᠮ᠂ ᠵᠤᠭᠢᠶᠠᠯ ᠳᠤ ᠶᠡᠷᠦ ᠤᠶᠢᠷᠠᠳᠤᠭᠰᠠᠨ ᠦᠭᠡᠢ︕︾ ᠭᠡᠨ᠎ᠡ᠃ ᠡᠨᠡ ᠮᠡᠲᠦ ᠪᠠᠷ ︽ᠭᠠᠷ ᠤᠲᠠᠰᠤᠨ ᠤ ᠮᠠᠭᠤ︾ ᠠᠴᠠ ᠪᠤᠯᠵᠤ ᠠᠵᠢᠯ ᠰᠤᠷᠤᠯᠭ᠎ᠠ ᠪᠠᠨ ᠨᠦᠯᠦᠭᠡᠯᠡᠵᠦ ᠰᠦᠨᠢ ᠨᠢ︽ᠰᠢᠨ᠎ᠡ ᠴᠠᠭ ᠤᠨ ᠬᠠᠷ᠎ᠠ ᠲᠡᠮᠡᠭᠢ︾ ᠳᠤ ᠰᠢᠨᠦᠵᠦ ᠂ ᠡᠳᠦᠷ ᠨᠢ ᠦᠳᠡ ᠪᠤᠯᠲᠠᠯ᠎ᠠ ᠤᠨᠲᠠᠵᠤ ︽ᠡᠳᠦᠷ ᠰᠦᠨᠢ ᠲᠤᠩᠭᠤᠷᠠᠵᠤ︾ ᠪᠠᠶᠢᠬᠤ ᠢᠢ ᠶᠠᠭᠤᠨ ᠦᠭᠦᠯᠡᠬᠦ ᠪᠤᠢ︖ ᠬᠠᠶᠠ ᠭᠠᠷ ᠤᠲᠠᠰᠤ ᠱᠠᠭᠠᠶᠢᠨ ᠶᠠᠪᠤᠵᠤ ᠪᠠᠶᠢᠭᠠᠳ ᠲᠡᠷᠭᠡ ᠤᠨᠤᠭᠠᠨ ᠳᠤ ᠮᠦᠷᠭᠦᠯᠳᠦᠨ ᠠᠮᠢ ᠨᠠᠰᠤ ᠪᠠᠨ ᠠᠯᠳᠠᠭᠰᠠᠳ ᠴᠦ ᠰᠤᠨᠤᠰᠳᠠᠨ᠎ᠠ᠃ ᠵᠠᠷᠢᠮ ᠨᠢ ᠲᠡᠷᠭᠡ ᠵᠢᠯᠤᠭᠤᠳᠬᠤ ᠢᠢᠨ ᠲᠠᠭᠠᠤ ᠭᠠᠷ ᠤᠲᠠᠰᠤ ᠦᠵᠡᠵᠦ ᠬᠦᠨᠲᠦ ᠶᠡᠭᠡ ᠵᠠᠮ ᠬᠠᠷᠢᠯᠴᠠᠭᠠᠨ ᠤ ᠠᠳᠡᠯ ᠭᠠᠷᠭᠠᠭᠰᠠᠨ ᠪᠠᠶᠢᠳᠠᠭ᠃ ᠭᠡᠳᠦᠢ ᠬᠠᠷᠠᠮᠰᠠᠯᠳᠠᠢ᠂ ᠭᠡᠳᠦᠢ ᠠᠶᠤᠯᠲᠠᠢ ᠤᠴᠢᠷ ᠶᠤᠮ ᠳ᠋ᠠ︕

ᠭᠠᠷ ᠤᠲᠠᠰᠤᠨ ᠤ ᠲᠤᠭᠯᠠᠭᠠᠮ ᠳᠤ ᠭᠡᠤᠭᠡᠳ ᠪᠠᠭᠠᠴᠤᠳ ᠠᠴᠠ ᠶᠡᠭᠡ ᠬᠦᠮᠦᠨ ᠭᠦᠷᠳᠡᠯ᠎ᠡ ᠰᠢᠨᠤᠵᠤ ᠭᠡᠪ ᠤᠨ ᠠᠵᠢᠯ ᠰᠤᠷᠤᠯᠭ᠎ᠠ ᠢᠢ ᠨᠦᠯᠦᠭᠡᠯᠡᠵᠦ ᠪᠠᠶᠢᠨ᠎ᠠ᠃ ᠴᠦᠭᠡᠨ ᠪᠤᠰᠤ ᠪᠠᠭᠠᠴᠤᠳ ᠨᠢᠭᠡᠨᠲᠡ ᠭᠠᠷ ᠤᠲᠠᠰᠤᠨ ᠠᠴᠠ ᠰᠠᠯᠵᠤ ᠴᠢᠳᠠᠬᠤ ᠦᠭᠡᠢ ᠭᠡᠮᠵᠢᠶᠡᠨ ᠳᠤ ᠭᠦᠷᠴᠦ ᠡᠭᠡᠴᠦᠤᠯ ᠨᠢ ᠭᠠᠷ ᠤᠲᠠᠰᠤ ᠢᠢ ᠨᠢ ᠬᠤᠷᠢᠶᠠᠵᠤ ᠠᠪᠬᠤ ᠳᠤ ᠠᠰᠠᠷ ᠠᠴᠠ ᠦᠰᠦᠷᠦᠭ᠍ᠰᠡᠨ ᠦᠵᠡᠭ᠍ᠳᠡᠯ ᠴᠦ ᠭᠠᠷᠴᠤ ᠪᠤᠢ᠂ ᠪᠠᠭᠠᠴᠤᠳ ᠭᠡᠤᠭᠡᠳ ᠰᠦᠨᠢ ᠭᠠᠷ ᠤᠲᠠᠰᠤᠨ ᠳᠤ ᠰᠢᠭᠡᠳᠴᠦ ᠬᠤᠨᠤᠭᠰᠠᠨ ᠠᠴᠠ ᠡᠳᠦᠷ ᠨᠢ ᠪᠤᠰᠬᠤ ᠦᠭᠡᠢ᠂ ᠬᠤᠶᠠᠷ ᠨᠢᠳᠦ ᠨᠢ ᠴᠤᠭ ᠰᠦᠯᠳᠡ ᠦᠭᠡᠢ ᠪᠤᠯᠵᠤ᠂ ᠭᠢᠴᠢᠶᠡᠯ ᠤᠷᠤᠬᠤ ᠳ᠋ᠠᠭᠠᠨ ᠴᠦ ᠨᠤᠶᠢᠷᠮᠤᠭᠯᠠᠵᠤ᠂ ᠤᠶᠤᠨ ᠤᠬᠠᠭᠠᠨ ᠰᠤᠩ ᠰᠦᠨᠡᠰᠦ ᠪᠠᠨ ᠭᠠᠷ ᠤᠲᠠᠰᠤᠨ ᠳᠤ ᠡᠵᠡᠮᠳᠡᠭᠦᠯᠦᠭ᠍ᠰᠡᠨ ᠪᠠᠶᠢᠳᠠᠭ᠃ ᠨᠡᠩ ᠴᠢᠨᠠᠭᠰᠢᠯᠠᠨ ᠭᠠᠷ ᠤᠲᠠᠰᠤᠨ ᠤ ᠨᠠᠭᠠᠳᠤᠮ ᠤᠨ ᠤᠷᠴᠢᠨ ᠳᠤ ᠤᠷᠤᠵᠤ ᠬᠠᠷᠢᠯᠴᠠᠨ ᠨᠢᠭᠡᠨ ᠨᠢᠭᠡᠨ ᠢᠶᠠᠨ ᠬᠤᠤᠷᠯᠠᠭᠰᠠᠨ ᠶᠠᠪᠤᠳᠠᠯ ᠴᠦ ᠭᠠᠷᠴᠤ ᠪᠠᠶᠢᠨ᠎ᠠ᠃ ᠡᠶᠢᠮᠦ ᠪᠠᠶᠢᠳᠠᠯ ᠦᠷᠭᠦᠯᠵᠢᠯᠡᠪᠡᠯ ᠤᠯᠤᠰ ᠦᠨᠳᠦᠰᠦᠳᠡᠨ ᠤ ᠢᠷᠡᠭᠡᠳᠦᠢ ᠶᠠᠮᠠᠷ ᠪᠠᠶᠢᠳᠠᠯ ᠳᠤ ᠤᠷᠤᠬᠤ ᠪᠤᠯ︖ ᠴᠦᠭᠡᠨ ᠪᠤᠰᠤ ᠬᠦᠮᠦᠨ ᠬᠤᠳᠠᠯ ᠬᠠᠭᠤᠷᠮᠠᠭ ᠮᠡᠳᠡᠭᠡᠯᠡᠯ ᠳᠤ ᠤᠬᠠᠭᠠᠨ ᠠᠯᠳᠠᠵᠤ ᠰᠠᠶᠢᠨ ᠮᠠᠭᠤ᠂ ᠵᠦᠪ ᠪᠤᠷᠤᠭᠤ ᠢᠯᠭᠠᠬᠤ ᠪᠠᠨ ᠪᠠᠶᠢᠵᠤ ᠨᠠᠮ ᠵᠠᠰᠠᠭ ᠤᠨ ᠵᠢᠭᠠᠪᠤᠷᠢ ᠢᠢ ᠲᠤᠤᠱᠯᠠᠭᠤᠯᠬᠤ ᠳᠤ ᠬᠠᠷᠰᠢ ᠰᠠᠭᠠᠳ ᠤᠴᠠᠷᠠᠭᠤᠯᠵᠤ ᠪᠤᠢ᠃ ︽ᠰᠢᠨ᠎ᠡ ᠴᠠᠭ ᠤᠨ ᠬᠠᠷ᠎ᠠ ᠲᠡᠮᠡᠭᠢ︾ ᠳᠤ ᠤᠬᠠᠭᠠᠨ ᠰᠠᠨᠠᠭ᠎ᠠ ᠪᠠᠨ ᠲᠦᠭᠡᠷᠢᠭ᠍ᠳᠡᠨ ᠨᠢᠭᠡ ᠮᠡᠳᠡᠭ᠍ᠰᠡᠨ ᠴᠢᠨᠢ ᠮᠡᠭᠡᠯᠡᠭᠦᠯᠦᠭᠡᠳ ᠠᠮᠤᠷᠤᠨ᠎ᠠ᠃

ᠵᠠᠭᠤᠨ ᠵᠢᠯ ᠤᠨ ᠡᠮᠦᠨᠡᠭᠢ ᠬᠠᠷ᠎ᠠ ᠲᠡᠮᠡᠭᠢ ᠨᠢ ᠮᠢᠬᠠᠨ ᠪᠡᠶ᠎ᠡ ᠢᠢ ᠬᠤᠤᠷᠯᠠᠵᠤ ᠪᠠᠶᠢᠭᠰᠠᠨ ᠪᠤᠯ ︽ᠰᠢᠨ᠎ᠡ ᠴᠠᠭ ᠤᠨ ᠬᠠᠷ᠎ᠠ ᠲᠡᠮᠡᠭᠢ︾ ᠨᠢ ᠪᠡᠶ᠎ᠡ ᠰᠡᠳᠭᠢᠯ᠂ ᠤᠶᠤᠨ ᠤᠬᠠᠭᠠᠨ᠂ ᠰᠤᠩ ᠰᠦᠨᠡᠰᠦ ᠢᠢ ᠴᠦ ᠬᠤᠤᠷᠳᠠᠭᠤᠯᠵᠤ ᠪᠠᠶᠢᠨ᠎ᠠ᠃ ᠶᠠᠭ ᠡᠶᠢᠮᠦ ᠠᠴᠠ ᠪᠢᠳᠡ ᠭᠠᠷ ᠤᠲᠠᠰᠤ ᠠᠴᠠ ᠵᠠᠶᠢᠳᠠᠶ᠎ᠠ︕ ᠭᠡᠯᠡᠯᠭᠡᠨ ᠦᠭᠡᠢ ᠴᠠᠭ ᠦᠶ᠎ᠡ ᠢᠢᠨ ᠱᠠᠭᠠᠷᠳᠠᠯᠭ᠎ᠠ ᠠᠴᠠ ᠪᠤᠯᠵᠤ ᠭᠠᠷ ᠤᠲᠠᠰᠤ ᠠᠴᠠ ᠨᠢᠭᠡᠮᠦᠰᠦᠨ ᠰᠠᠯᠵᠤ ᠴᠢᠳᠠᠬᠤ ᠦᠭᠡᠢ ᠶᠤᠮ᠃ ᠲᠡᠶᠢᠮᠦ ᠪᠤᠯᠪᠠᠴᠤ ᠪᠢᠳᠡ ᠭᠠᠷ ᠤᠲᠠᠰᠤᠨ ᠤ ᠬᠤᠤᠷ ᠬᠦᠨᠦᠭᠡᠯ ᠢ ᠤᠶᠢᠯᠠᠭᠠᠵᠤ ᠵᠦᠭᠢᠰᠳᠡᠢ ᠭᠡᠷᠡᠭ᠍ᠯᠡᠶ᠎ᠡ᠃ ᠲᠡᠳᠡᠭᠡᠷ ᠬᠤᠳᠠᠯ ᠬᠠᠭᠤᠷᠮᠠᠭ᠂ ᠪᠤᠯᠭᠢ ᠪᠦᠳᠦᠭᠦᠯᠢᠭ᠂ ᠪᠤᠵᠠᠷ ᠰᠠᠮᠠᠭᠤᠨ ᠮᠡᠳᠡᠭᠡᠯᠡᠯ ᠵᠢᠴᠢ ᠨᠠᠭᠠᠳᠤᠮ ᠲᠤᠭᠯᠠᠭᠠᠮ ᠠᠴᠠ ᠨᠢ ᠬᠤᠯᠠ ᠪᠠᠶᠢᠬᠤ ᠢᠢ ᠰᠠᠨᠠᠵᠤ ᠶᠠᠪᠤᠪᠠᠯ ᠵᠤᠭᠢᠨ᠎ᠠ᠃ ᠬᠠᠮᠤᠭ ᠤᠨ ᠨᠠᠭᠠᠲᠤ ᠵᠠᠬ᠎ᠠ ᠨᠢ ᠨᠢᠳᠦ ᠪᠠᠨ ᠬᠠᠮᠠᠭᠠᠯᠠᠬᠤ ᠢᠢᠨ ᠡᠭᠦᠳᠡᠨ ᠠᠴᠠ ᠭᠠᠷ ᠤᠲᠠᠰᠤ ᠢᠢ ᠪᠠᠭ᠎ᠠ ᠭᠡᠷᠡᠭ᠍ᠯᠡᠶ᠎ᠡ︕

X