ᠤᠷᠳᠤᠰ ᠤᠨ ᠰᠦᠯᠵᠢᠶᠡᠨ ᠠᠷᠠᠯᠵᠢᠶᠠᠴᠢᠳ ᠦᠤᠰᠢᠨ ᠳ᠋ᠤ ᠴᠤᠭᠯᠠᠷᠠᠯ᠎ᠠ
2025-03-02 04:19:13
ᠲᠢᠪ ᠠᠯᠠᠭᠠᠰᠠᠨ ᠬᠦᠷᠦᠨ ᠰᠦᠯᠵᠢᠵᠤ ᠬᠦᠷᠬᠦ ᠲᠡᠭᠷᠢ ᠵᠢᠨ ᠬᠦᠭᠡ ᠲᠠᠪᠠᠯᠭ᠎ᠠ ᠮᠡᠲᠤ ︱ ᠰᠦᠯᠵᠢᠶᠡᠨ ᠤ ᠡᠷᠢᠨ ᠦᠶ᠎ᠡ ᠡᠨᠡ ᠬᠦᠮᠦᠨ ᠢ ᠪᠢ ᠬᠠᠷᠠᠵᠤ ᠪᠠᠶᠢᠭᠰᠠᠨ ᠳ᠋ᠠ ᠬᠡᠵᠤ ᠡᠨᠳᠡ ᠲᠡᠨᠳᠡ ᠦᠭᠡᠢ ᠶᠠᠷᠢᠯᠴᠠᠬᠤ ᠪᠠᠬᠠᠷᠬᠠᠭᠴᠢᠳ ᠤᠨ ᠳᠠᠭᠤᠨ ︕ ᠡᠨᠡ ᠴᠠᠭ ᠦᠶ᠎ᠡ ᠵᠢᠨ ᠲᠦᠷᠦᠳᠡᠰᠦ ᠪᠤᠯᠤᠭᠰᠠᠨ ᠡᠯ᠎ᠡ ᠭᠠᠵᠠᠷ ᠤᠨ ᠰᠦᠯᠵᠢᠶᠡᠨ ᠠᠷᠠᠯᠵᠢᠶᠠᠴᠢᠳ ᠡᠷᠢᠶᠡᠨ ᠬᠤᠷᠸ᠎ᠠ ᠵᠢᠨ ᠵᠠᠢ ᠳ᠋ᠤ ᠡᠯᠳᠡᠪ ᠶᠠᠨᠭᠵᠤ ᠪᠡᠷ ᠶᠠᠷᠢᠭᠳᠠᠵᠤ ᠪᠠᠶᠢᠭᠰᠠᠨ ᠴᠤ ᠨᠡᠶᠢᠬᠡᠮ ᠤᠨ ᠬᠤᠪᠢᠷᠠᠯᠲᠠ ᠰᠢᠨᠡᠴᠢᠯᠡᠯᠲᠡ ᠲᠤᠮᠳᠠ ᠦᠪᠡᠷ ᠦᠪᠡᠷ ᠤᠨ ᠦᠨᠭᠬᠡ ᠪᠡᠷ ᠵᠢᠡᠨ ᠦᠷᠲᠡᠭ ᠤᠨ ᠦᠵᠡᠯᠲᠡ ᠶ᠋ᠢ ᠦᠭᠡᠷ᠎ᠡ ᠶᠠᠨᠭᠵᠤ ᠪᠡᠷ ᠪᠢᠴᠢᠭᠯᠡᠬᠦ ᠳ᠋ᠤ ᠬᠤᠪᠢ ᠨᠡᠮᠡᠷᠢ ᠪᠡᠨ ᠦᠵᠡᠬᠦᠯᠥᠭᠰᠡᠨ ᠨᠢ ᠦᠨᠡᠨ᠃
ᠡᠮᠦᠨ᠎ᠡ ᠵᠢᠯ ᠤᠳ ᠲᠤ ᠲᠡᠳᠡ ᠰᠦᠯᠵᠢᠶᠡᠨ ᠤ ᠤᠷᠤᠰᠬᠠᠯ ᠳᠠᠭᠠᠵᠤ᠂ ᠦᠭᠡᠷ᠎ᠡ ᠦᠭᠡᠷ᠎ᠡ ᠠᠵᠢᠯ ᠲᠦᠷᠦᠯ ᠤᠨ ᠬᠦᠮᠦᠰ ᠪᠠᠶᠢᠭᠰᠠᠨ ᠴᠤ ᠦᠪᠡᠷ ᠦᠪᠡᠷ ᠤᠨ ᠤᠨᠴᠠᠯᠢᠭ ᠵᠢᠡᠷ ᠵᠢᠡᠨ ᠳᠠᠶᠠᠭᠠᠷ ᠲᠤ ᠲᠠᠨᠢᠭᠳᠠᠵᠤ᠂ ᠲᠡᠬᠦᠪᠡᠷ ᠵᠢᠡᠨ ᠳᠠᠮᠵᠢᠭᠤᠯᠤᠨ ᠭᠠᠨᠵᠤᠭᠠᠨ ᠮᠠᠶᠢᠮᠠᠢ ᠬᠢᠬᠦ ᠪᠤᠶᠤ ᠳᠡᠯᠬᠡᠬᠦᠷ ᠬᠤᠷᠰᠢᠶ᠎ᠠ ᠠᠵᠢᠯᠯᠠᠭᠤᠯᠤᠨ ᠠᠰᠢᠭ ᠤᠷᠤᠯᠭ᠎ᠠ ᠡᠬᠦᠳᠦᠭᠰᠡᠨ ᠶᠤᠮ᠂ ᠵᠡᠷᠭᠡ ᠪᠡᠷ ᠳᠡᠯᠬᠡᠷᠡᠭᠰᠡᠨ ᠡᠨᠡ ᠤᠯᠠᠨ ᠴᠡᠴᠡᠭ ᠤᠳ ᠤᠨ ᠦᠵᠡᠯ ᠪᠤᠳᠤᠯ ᠨᠢᠬᠡ ᠨᠢᠬᠡᠨ ᠳ᠋ᠡᠬᠡᠨ ᠨᠡᠪᠴᠢᠬᠦ ᠵᠠᠶᠢᠯᠠᠰᠢ ᠦᠭᠡᠢ ᠱᠠᠭᠠᠷᠳᠠᠯᠭ᠎ᠠ ᠴᠠᠭ ᠬᠤᠭᠤᠴᠠᠭᠠᠨ ᠤ ᠡᠷᠭᠡ ᠪᠡᠷ ᠲᠡᠳᠡᠨ ᠳ᠋ᠤ ᠤᠨᠤᠭᠳᠠᠭᠰᠠᠨ ᠪᠠᠶᠢᠯ᠎ᠠ᠃
2024 ᠤᠨ ᠳ᠋ᠤ ᠤᠲᠤᠭ ᠤᠨ ᠡᠮᠦᠨᠡᠲᠤ ᠬᠤᠰᠢᠭᠤ ᠪᠡᠷ ᠨᠤᠲᠤᠭ ᠲᠠᠢ ᠤᠶᠤᠨ᠂ ᠤᠷᠳᠤᠰ ᠤᠨ ᠪᠠᠷᠠᠭᠤᠨ ᠲᠦᠷᠪᠡᠨ ᠬᠤᠰᠢᠭᠤᠨ ᠤ ᠰᠦᠯᠵᠢᠶᠡᠨ ᠠᠷᠠᠯᠵᠢᠶᠠᠴᠢᠳ ᠢ ᠨᠢᠬᠡ ᠲᠤᠤᠷ᠎ᠠ ᠤᠷᠢᠨ ᠴᠤᠭᠯᠠᠷᠠᠭᠤᠯᠵᠤ᠂ ᠬᠠᠮᠲᠤ ᠪᠡᠷ ᠵᠢᠡᠨ ᠭᠠᠷ ᠬᠤᠯᠪᠤᠨ ᠤᠷᠤᠭᠰᠢᠯᠠᠬᠤ ᠠᠨᠭᠬᠠᠨ ᠤ ᠲᠠᠨᠢᠯᠲᠠ ᠶ᠋ᠢ ᠲᠦᠯᠥᠪᠰᠢᠬᠦᠯᠬᠦ ᠵᠢᠨ ᠬᠠᠮᠲᠤ ᠤᠲᠤᠭ ᠤᠨ ᠡᠮᠦᠨᠡᠲᠤ ᠬᠤᠰᠢᠭᠤᠨ ᠤ ᠤᠨᠴᠠᠯᠢᠭᠲᠤ ᠤᠷᠤᠨ ᠨᠤᠲᠤᠭ ᠤᠨ ᠪᠦᠲᠦᠬᠡᠭᠳᠡᠬᠦᠨ ᠢ ᠤᠬᠠᠭᠤᠯᠤᠨ ᠳᠡᠯᠬᠡᠷᠡᠬᠦᠯᠵᠤ ᠪᠤᠷᠤᠯᠠᠭᠤᠯᠬᠤ ᠠᠵᠢᠯᠯᠠᠭ᠎ᠠ ᠬᠢᠭᠡᠳ ᠠᠮᠵᠢᠯᠲᠠ ᠤᠯᠤᠭᠰᠠᠨ ᠶᠤᠮ᠃ ᠡᠨᠡ ᠰᠠᠭᠤᠷᠢᠨ ᠲᠡᠭᠡᠷ᠎ᠡ ᠬᠦᠭᠡᠭᠴᠢᠨ ᠮᠤᠭᠠᠢ ᠵᠢᠯ ᠤᠨ ᠴᠠᠭᠠᠨ ᠰᠠᠷ᠎ᠠ ᠪᠡᠷ ᠬᠤᠶᠠᠳᠠᠬᠢ ᠤᠳᠠᠭᠠᠨ ᠤ ᠠᠵᠢᠯᠯᠠᠭ᠎ᠠ ᠪᠡᠨ ᠦᠤᠰᠢᠨ ᠬᠤᠰᠢᠭᠤᠨ ᠤ ᠭᠠᠯᠠᠭᠤᠲᠤ ᠪᠠᠯᠭᠠᠰᠤᠨ ᠳ᠋ᠡᠬᠢ︽ᠦᠤᠰᠢᠨ ᠬᠤᠰᠢᠭᠤᠨ ᠤ ᠴᠢᠨᠠᠷ ᠰᠠᠶᠢᠲᠠᠢ ᠪᠦᠲᠦᠬᠡᠭᠳᠡᠬᠦᠨ ᠢ ᠪᠡᠶᠡᠴᠢᠯᠡᠨ ᠤᠶᠢᠯᠠᠭᠠᠬᠤ ᠳᠡᠯᠬᠡᠬᠦᠷ︾ ᠲᠤ ᠪᠦᠬᠦᠯᠢ ᠡᠳᠦᠷ ᠤᠨ ᠬᠤᠭᠤᠴᠠᠭ᠎ᠠ ᠲᠠᠢ ᠶᠠᠪᠤᠭᠳᠠᠭᠤᠯᠤᠯ᠎ᠠ᠃