ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰᠤ
2025-04-01 10:03:03
ᠰᠤᠵᠠᠭ ᠤᠨ ᠨᠤᠭᠤᠭ᠎ᠠ ᠢᠢ ᠰᠡᠷᠡᠭᠡᠬᠦ ᠭᠡᠵᠤ
ᠰᠢᠮᠡᠳᠥᠨ ᠰᠢᠮᠡᠳᠥᠨ ᠠᠭᠤᠰᠤᠭᠠ ᠪᠢᠯᠡ ᠤᠤ
ᠰᠡᠮᠡᠷᠡᠭ᠍ᠰᠡᠨ ᠰᠡᠳᠭᠢᠯ ᠢ ᠠᠷᠭᠠᠳᠠᠬᠤ ᠭᠡᠵᠤ
ᠰᠥᠨ ᠤ ᠥᠡᠭ᠍ᠭᠡ ᠲᠠᠢ ᠲᠥᠷᠥᠭᠡ ᠪᠢᠯᠡ ᠤᠤ
ᠤᠶᠢᠳᠬᠠᠷ ᠭᠤᠨᠢᠭ ᠢ ᠮᠢᠨᠢ ᠴᠡᠪᠡᠷᠯᠡᠬᠦ ᠭᠡᠵᠤ
ᠠᠭᠠᠷ ᠠᠴᠠ ᠪᠠᠭᠤᠭᠰᠠᠨ ᠠᠷᠢᠭᠤᠰᠬᠠᠯ ᠪᠢᠯᠡ ᠤᠤ
ᠤᠶᠤᠨ ᠰᠡᠷᠡᠯ ᠢ ᠮᠢᠨᠢ ᠤᠮᠳᠠᠯᠠᠬᠤ ᠭᠡᠵᠤ
ᠡᠭᠦᠯᠡᠨ ᠠᠴᠠ ᠲᠠᠰᠤᠷᠠᠭᠰᠠᠨ ᠷᠠᠰᠢᠶᠠᠨ ᠪᠢᠯᠡ ᠤᠤ
ᠴᠢᠮ᠎ᠠ ᠳᠤ ᠰᠡᠮᠬᠡᠨ ᠤᠴᠢᠬᠤ ᠭᠡᠵᠤ
ᠵᠢᠭᠦᠷ ᠲᠠᠢ ᠪᠤᠯᠵᠤ ᠪᠠᠭᠤᠭ᠎ᠠ ᠪᠢᠯᠡ ᠤᠤ
ᠵᠢᠷᠥᠬᠡᠨ ᠳᠤ ᠵᠢᠩᠭᠢᠨᠡᠨ ᠴᠤᠤᠷᠢᠶᠠᠳᠤᠬᠤ ᠭᠡᠵᠤ
ᠴᠡᠩᠬᠡᠷ ᠴᠡᠴᠡᠭ ᠤᠳ ᠪᠥᠵᠢᠭ᠍ᠯᠡᠭᠡ ᠪᠢᠯᠡ ᠤᠤ
ᠬᠤᠨ ᠤ ᠲᠡᠪᠢᠯᠳᠡ ᠪᠠᠷ ᠯᠠᠪᠰᠠᠬᠤ
ᠬᠠᠶᠢᠷ᠎ᠠ ᠢᠢᠨ ᠵᠠᠬᠢᠶ᠎ᠠ ᠲᠠᠢ ᠰᠢᠯᠥᠭ ᠪᠢᠯᠡ ᠤᠤ
ᠬᠠᠨᠭ᠍ᠭᠠᠢ ᠨᠤᠳᠤᠭ ᠤᠨ ᠬᠢᠵᠠᠭᠠᠷ ᠲᠠᠬᠢ
ᠬᠠᠵᠠᠭᠠᠷ ᠤᠨ ᠴᠢᠮᠡᠭᠡ ᠲᠠᠢ ᠪᠤᠯᠵᠤᠭ᠎ᠠ ᠪᠢᠯᠡ ᠤᠤ
ᠤᠮᠤᠭᠯᠠᠩ ᠮᠤᠷᠢᠳ ᠨᠢ ᠲᠠᠪᠬᠢᠯᠳᠤᠭᠰᠠᠨ
ᠰᠢᠷ᠎ᠠ ᠲᠠᠯ᠎ᠠ ᠢᠢᠨ ᠲᠤᠮᠤᠭ ᠪᠢᠯᠡ ᠤᠤ
ᠤᠡᠭ᠍ᠭᠤᠨ ᠪᠠᠶᠢᠭᠠᠯᠢ ᠪᠠᠨ ᠰᠠᠨᠠᠭᠰᠠᠨ
ᠤᠳᠤᠳᠤ ᠲᠡᠭ᠍ᠷᠢ ᠢᠢᠨ ᠨᠢᠯᠪᠤᠰᠤ ᠪᠢᠯᠡ ᠤᠤ
ᠲᠤᠮᠤᠭᠳᠤ ᠪᠠᠭᠠᠳᠤᠷ ᠤᠨ ᠢᠯᠳᠤᠨ ᠠᠴᠠ
ᠤᠶᠢᠨ ᠴᠠᠭᠢᠯᠤᠭᠰᠠᠨ ᠭᠢᠯᠪᠠᠭᠠᠨ ᠪᠢᠯᠡ ᠤᠤ
ᠲᠤᠭᠰᠢᠨ ᠪᠤᠭᠤᠷᠤᠯ ᠬᠠᠶᠢᠷᠠᠬᠠᠨ ᠤ
ᠰᠥᠯᠳᠡ ᠴᠠᠭᠠᠨ ᠱᠤᠩᠬᠤᠷ ᠪᠢᠯᠡ ᠤᠤ︖
( ᠶ᠊᠂ ᠤᠳᠬᠤᠨᠮᠠ)