ᠬᠠᠵᠠᠭᠠᠷ ᠤᠨ ᠴᠢᠮᠡᠭᠡ ᠲᠠᠢ ᠯᠠᠪᠰᠠᠯᠠᠬᠤ ᠴᠡᠡᠭᠭᠡᠷ ᠴᠠᠰᠤ

2025-04-01 10:22:51

ᠬᠦᠯᠦᠭ ᠤᠨ ᠲᠦᠪᠡᠷᠭᠡᠨ

ᠬᠠᠵᠠᠭᠠᠷ ᠤᠨ ᠴᠢᠮᠡᠭᠡ ᠬᠠᠷᠰᠢᠵᠤ

ᠬᠦᠯᠦᠰᠦ ᠲᠠᠢ ᠲᠤᠬᠤᠮ ᠰᠡᠪᠡᠷᠡᠭᠡᠬᠦ ᠬᠤᠷᠤᠮ

ᠮᠦᠩᠬᠦᠨ ᠡᠬᠦᠯᠡ ᠮᠡᠯᠮᠡᠷᠡᠨ ᠵᠠᠶᠢᠷᠳᠤᠭᠠᠳ

ᠮᠦᠷᠦᠭᠡᠳᠦᠯ ᠭᠤᠨᠢᠭ ᠢ ᠪᠦᠷᠬᠦᠵᠦ ᠯᠠᠪᠰᠠᠯᠠᠨ᠎ᠠ

ᠴᠠᠰᠤᠨ ᠯᠠᠪᠰᠠ

ᠴᠠᠬᠢᠯᠤᠩᠬᠠᠨ ᠪᠦᠵᠢᠭ᠍ᠯᠡᠵᠦ

ᠴᠡᠩᠬᠡᠷ ᠲᠡᠯᠡᠬᠡᠢ ᠪᠠᠨ ᠵᠢᠷᠤᠭᠯᠠᠬᠤ ᠬᠡᠵᠦ

ᠴᠡᠪᠡᠷᠬᠡᠨ ᠲᠤᠷᠠᠯᠠᠯ ᠤᠨ ᠬᠠᠶᠢᠷ᠎ᠠ ᠤᠮᠳᠠᠯᠠᠵᠤ

ᠴᠢᠨᠤ ᠲᠡᠷᠭᠡᠳᠡ ᠠᠴᠠ ᠮᠢᠨᠤ ᠵᠦᠭ ᠪᠤᠳᠠᠷᠠᠨ᠎ᠠ

ᠴᠠᠶᠢᠷᠠᠬᠤ ᠰᠢᠭᠤᠷᠭᠠᠨ

ᠴᠠᠩᠳᠤᠭᠰᠠᠨ ᠵᠤᠪᠬᠢ ᠢᠢ ᠮᠠᠷᠳᠠᠭᠤᠯᠵᠤ

ᠰᠠᠨᠴᠢᠭ ᠤᠨ ᠦᠵᠦᠬᠦᠷ ᠪᠤᠭᠤᠷᠤᠯᠳᠤᠳᠠᠯ᠎ᠠ

ᠰᠠᠨᠠᠵᠤ ᠬᠦᠯᠢᠶᠡᠭ᠍ᠰᠡᠨ ᠡᠳᠦᠷ ᠬᠤᠨᠤᠭ ᠢ

ᠴᠠᠰᠤᠨ ᠰᠢᠷᠬᠡᠭ ᠡᠮᠵᠡᠭ᠍ᠯᠡᠨ ᠲᠤᠭᠠᠯᠠᠵᠤ ᠪᠠᠭᠤᠨ᠎ᠠ

ᠠᠶᠠᠷᠬᠠᠨ ᠪᠦᠵᠢᠬᠦ ᠲᠡᠯᠪᠡᠭᠡ ᠢᠢᠨ ᠬᠡᠯᠳᠡᠰ

ᠠᠮᠠᠷᠠᠭ ᠬᠤᠤᠰ ᠤᠨ ᠰᠢᠪᠡᠨᠡᠭᠡ ᠢᠢ ᠴᠢᠩᠨᠠᠨ

ᠠᠩᠴᠢᠨ ᠵᠠᠯᠠᠭᠤ ᠢᠢᠨ ᠬᠠᠪᠬ᠎ᠠ ᠠᠴᠠ ᠪᠤᠯᠳᠠᠨ ᠲᠤᠳᠠᠭᠠᠭᠰᠠᠨ

ᠦᠨᠡᠭᠡ ᠲᠠᠤᠯᠠᠢ ᠢᠢᠨ ᠮᠦᠷ ᠢ ᠮᠦᠰᠬᠢᠨ

ᠠᠪᠠ ᠢᠢᠨ ᠤᠯᠵᠠ ᠱᠠᠩᠨᠠᠭᠤᠯᠵᠤ

ᠠᠮᠢᠯᠠᠯ ᠤᠨ ᠠᠯᠳᠠᠨ ᠷᠠᠰᠢᠶᠠᠨ ᠬᠠᠶᠢᠷᠠᠯᠠᠨ᠎ᠠ

ᠬᠦᠯᠳᠡᠬᠦᠥ ᠠᠮᠠᠭᠠᠢ ᠴᠠᠩ ᠲᠠᠢ ᠱᠠᠷᠬᠢᠬᠤ ᠦᠳᠡᠰᠢ

ᠬᠦᠷᠡᠩ ᠵᠢᠷᠤᠭᠡᠨ ᠤ ᠬᠠᠶᠢᠷ᠎ᠠ ᠪᠠᠨ ᠴᠠᠰᠤᠨ ᠰᠢᠷᠬᠡᠭ ᠰᠢᠭ ᠲᠡᠯᠬᠡᠬᠡᠳ

ᠬᠦᠪᠰᠦᠷᠡᠨ ᠪᠤᠳᠠᠷᠠᠬᠤ ᠰᠢᠭᠤᠷᠭᠠᠨ ᠲᠤᠮᠳᠠᠭᠤᠷ

ᠴᠢᠨᠤᠬᠢ ᠪᠠᠨ ᠲᠡᠷᠭᠡᠳᠡ ᠬᠦᠷᠴᠦ

ᠴᠡᠴᠡᠭ ᠰᠢᠭ ᠵᠢᠷᠭᠠᠵᠤ ᠮᠦᠰᠢᠶᠡᠨ᠎ᠡ

ᠲᠡᠭ᠍ᠷᠢ ᠢᠢᠨ ᠴᠠᠭᠠᠨ ᠲᠠᠬᠢᠨᠢ

ᠲᠠᠯ᠎ᠠ ᠢᠢᠨ ᠬᠦᠷᠦᠰᠦ ᠢᠢ ᠢᠯᠪᠢᠵᠦ ᠴᠢᠬᠢᠭ᠍ᠰᠢᠬᠦᠯᠦᠭᠡᠳ

ᠬᠠᠨᠠᠭᠠᠷ ᠪᠠᠶᠢᠭᠠᠯᠢ ᠰᠡᠷᠬᠦᠵᠦ ᠨᠤᠭᠤᠭᠠᠷᠠᠬᠤ ᠳᠤ

ᠬᠠᠶᠢᠷ᠎ᠠ ᠢᠢᠨ ᠪᠤᠯᠵᠤᠭᠠᠨ ᠳᠤ ᠬᠠᠶᠢᠯᠤᠨ ᠬᠠᠶᠢᠯᠤᠭᠰᠠᠭᠠᠷ

ᠦᠷ ᠤᠨ ᠭᠡᠭᠡ ᠳᠤ ᠦᠨᠦᠰᠦᠨ ᠠᠭᠤᠰᠤᠨ᠎ᠠ᠃

(ᠪᠤᠷᠵᠢᠬᠢᠨ ᠮᠠᠨᠳᠤᠭᠡᠷᠡᠯ)

X