ᠪᠥᠯᠬᠦᠮᠳᠡᠯ ︱ ᠴᠢᠷᠮᠠᠶᠢᠯᠭ᠎ᠠ ︱ ᠠᠮᠵᠢᠯᠲᠠ
2025-03-23 05:35:00
ᠶᠠᠮᠠᠷ ᠬᠦᠮᠦᠨ ᠶᠠᠮᠠᠷ ᠠᠵᠢᠯ ᠬᠢᠭ᠍ᠰᠡᠨ ᠴᠤ ᠪᠣᠯᠤᠭ᠂ ᠪᠥᠯᠬᠦᠮᠳᠡᠯ ᠪᠣᠯ ᠠᠮᠵᠢᠯᠲᠠ ᠣᠯᠬᠤ ᠢᠢᠨ ᠨᠥᠬᠦᠴᠡᠯ᠂ ᠴᠢᠷᠮᠠᠶᠢᠯᠭ᠎ᠠ ᠪᠣᠯ ᠠᠮᠵᠢᠯᠲᠠ ᠣᠯᠬᠤ ᠢᠢᠨ ᠶᠠᠪᠤᠴᠠ᠂ ᠠᠮᠵᠢᠯᠲᠠ ᠪᠣᠯ ᠪᠥᠯᠬᠦᠮᠳᠡᠨ ᠴᠢᠷᠮᠠᠶᠢᠭᠰᠠᠨ ᠤ ᠦᠷ᠎ᠡ ᠳ᠋ᠦᠩ ᠭᠡᠰᠡᠨ ᠢ ᠲᠣᠳᠣᠷᠬᠠᠢ ᠮᠡᠳᠡᠳᠡᠭ᠃ ︽ ᠣᠯᠠᠨ ᠤ ᠬᠦᠴᠦᠨ ᠳᠦ ᠠᠭᠤᠯᠠ ᠢᠢ ᠨᠡᠭᠦᠯᠭᠡᠨ᠎ᠡ︾᠂ ︽ᠴᠣᠪᠣᠵᠤ ᠶᠠᠪᠤᠭᠰᠠᠨ ᠪᠠᠷᠰ ᠠᠴᠠ ᠴᠤᠭᠯᠠᠵᠤ ᠰᠠᠭᠤᠭᠰᠠᠨ ᠱᠠᠭᠠᠵᠠᠭᠠᠢ ᠳᠡᠭᠡᠷ᠎ᠡ︾ᠭᠡᠳᠡᠭ᠃ ᠪᠥᠯᠬᠦᠮᠳᠡᠯ ᠪᠣᠯ ᠠᠮᠵᠢᠯᠲᠠ ᠣᠯᠬᠤ ᠢᠢᠨ ᠨᠥᠬᠦᠴᠡᠯ᠂ ᠠᠮᠵᠢᠯᠲᠠ ᠣᠯᠬᠤ ᠢᠢᠨ ᠬᠦᠴᠦ ᠮᠦᠨ᠃
ᠨᠢᠭᠡ ᠭᠡᠷ ᠪᠦᠯᠢ ᠪᠡᠷ ᠦᠵᠡᠭ᠍ᠰᠡᠨ ᠴᠤ ᠭᠡᠷ ᠪᠦᠯᠢ ᠢᠢᠨ ᠭᠡᠰᠢᠭᠦᠨ ᠪᠣᠯᠭᠠᠨ ᠬᠠᠷᠢᠯᠴᠠᠨ ᠬᠠᠪᠰᠤᠷᠴᠤ ᠬᠠᠷᠢᠯᠴᠠᠨ ᠣᠶᠢᠯᠠᠭᠠᠯᠴᠠᠵᠤ ᠪᠠᠶᠢᠪᠠᠯ ᠠᠯᠢᠪᠠ ᠪᠦᠬᠦᠨ ᠢᠯᠭᠤᠮ ᠰᠢᠯᠤᠭᠤᠨ᠂ ᠤᠷᠤᠭᠰᠢ ᠲᠠᠢ ᠳᠠᠪᠰᠢᠯᠲᠠ ᠲᠠᠢ ᠪᠣᠯᠵᠤ᠂ ᠠᠵᠤ ᠠᠮᠢᠳᠤᠷᠠᠯ ᠡᠳᠦᠷ ᠡᠴᠡ ᠡᠳᠦᠷ ᠥᠭᠡᠳᠡᠯᠡᠨ᠂ ᠥᠶᠦᠭ ᠲᠠᠩᠰᠤᠭ᠂ ᠵᠣᠯ ᠵᠢᠷᠭᠠᠯ ᠲᠠᠢ ᠪᠠᠷ ᠢᠷᠡᠭᠡᠳᠦᠢ ᠪᠡᠨ ᠤᠭᠲᠤᠬᠤ ᠪᠣᠯᠤᠨ᠎ᠠ᠃ ᠬᠡᠷᠪᠡ ᠬᠡᠨ ᠠᠯᠢᠨ ᠢᠶᠠᠨ ᠣᠶᠢᠰᠢᠶᠠᠬᠤ ᠦᠭᠡᠢ᠂ ᠴᠢ ᠬᠢ ᠪᠢ ᠬᠢ ᠭᠡᠵᠦ ᠲᠦᠯᠬᠢᠯᠴᠡᠨ᠂ ᠠᠵᠢᠯ ᠶᠠᠪᠤᠳᠠᠯ ᠢᠶᠠᠨ ᠭᠦᠢᠴᠡᠳᠭᠡᠬᠦ ᠦᠭᠡᠢ᠂ ᠰᠡᠳᠭᠢᠯ ᠨᠢᠭᠡᠲᠡᠢ ᠵᠢᠳᠬᠦᠬᠦ ᠦᠭᠡᠢ᠂ ᠴᠢᠨᠠᠭᠰᠢᠯᠠᠪᠠᠯ ᠡᠳᠦᠷ ᠡᠳᠦᠷ ᠬᠡᠷᠡᠭᠦᠯ ᠴᠤᠤᠭᠢᠶᠠᠨ ᠪᠣᠯᠵᠤ᠂ ᠬᠡᠳᠡᠷ ᠲᠣᠭᠰᠢᠨ ᠠᠭᠠᠰᠢᠯᠠᠨ᠂ ᠠᠵᠢᠯ ᠠᠯᠪᠠ ᠪᠠᠨ ᠲᠤᠬᠤᠨ ᠠᠷᠤ ᠳ᠋ᠠᠭᠠᠨ ᠰᠢᠳᠡᠵᠦ᠂ ᠠᠯᠵᠠᠭᠤ ᠵᠠᠯᠬᠠᠭᠤ ᠪᠠᠨ ᠣᠷᠣᠢ ᠢᠢᠨ ᠴᠢᠮᠡᠭ ᠪᠣᠯᠭᠠᠪᠠᠯ ᠳᠠᠪᠰᠢᠯᠲᠠ ᠥᠭᠡᠳᠡᠯᠡᠯ ᠭᠡᠵᠦ ᠦᠭᠡᠢ᠂ ᠪᠠᠶᠠᠷ ᠵᠢᠷᠭᠠᠯ ᠭᠡᠵᠦ ᠦᠭᠡᠢ᠂ ᠵᠥᠪᠬᠡᠨ ᠯᠠ ᠴᠠᠭ ᠢᠶᠠᠨ ᠲᠠᠯᠠᠭᠠᠷ ᠦᠷᠡᠭᠡᠵᠦ᠂ ᠠᠮᠢᠳᠤᠷᠠᠯ ᠢᠶᠠᠨ ᠵᠦᠳᠡᠭᠦᠷᠢᠲᠡᠢ ᠦᠷᠭᠦᠯᠵᠢᠯᠡᠭᠦᠯᠦᠨ᠂ ᠡᠴᠤᠰ ᠤᠨ ᠡᠴᠤᠰ ᠲᠤ ᠪᠠᠨ ᠬᠦᠮᠦᠨ ᠦ ᠣᠷᠣᠨᠴᠣᠭ ᠲᠡᠳᠦᠢ ᠪᠡᠷ ᠠᠮᠢ ᠨᠠᠰᠤ ᠪᠠᠨ ᠳᠠᠭᠤᠰᠬᠠᠬᠤ ᠪᠣᠯᠤᠨ᠎ᠠ᠃ ᠳᠡᠯᠡᠬᠡᠢ ᠶ᠋ᠢᠷᠲᠢᠨᠴᠦ ᠴᠤ ᠠᠳᠠᠯᠢᠬᠠᠨ᠃ ᠡᠩᠬᠡ ᠲᠠᠶᠢᠪᠤᠩ᠂ ᠬᠥᠭ᠍ᠵᠢᠯᠲᠡ᠂ ᠡᠷᠬᠡ ᠲᠡᠭ᠍ᠰᠢ᠂ ᠲᠥᠪ ᠭᠣᠣᠯᠴᠢ᠂ ᠠᠷᠠᠳᠴᠢᠯᠠᠯ ᠲᠠᠢ᠂ ᠡᠷᠬᠡ ᠴᠢᠯᠥᠭᠡᠲᠡᠢ ᠪᠠᠶᠢᠬᠤ ᠪᠣᠯ ᠪᠦᠬᠦ ᠬᠦᠮᠦᠨ ᠲᠥᠷᠥᠯᠬᠢᠲᠡᠨ ᠦ ᠬᠠᠮᠲᠤ ᠢᠢᠨ ᠥᠷᠲᠡᠭ ᠦᠨ ᠦᠵᠡᠯᠲᠡ ᠪᠣᠯᠤᠨ᠎ᠠ᠃ ᠡᠨ᠋ᠨ ᠬᠦ ᠠᠤᠭ᠎ᠠ ᠶᠡᠬᠡ ᠵᠣᠷᠢᠯᠭ᠎ᠠ ᠪᠠᠨ ᠪᠡᠶᠡᠯᠡᠭᠦᠯᠵᠦ᠂ ᠬᠦᠮᠦᠨ ᠲᠥᠷᠥᠯᠬᠢᠲᠡᠨ ᠦ ᠬᠤᠪᠢ ᠵᠠᠶᠠᠭᠠᠨ ᠤ ᠬᠠᠮᠲᠤ ᠢᠢᠨ ᠴᠣᠭᠴᠠ ᠪᠠᠨ ᠪᠦᠲᠦᠭᠡᠨ ᠪᠠᠶᠢᠭᠤᠯᠤᠶ᠎ᠠ ᠭᠡᠪᠡᠯ ᠡᠯ᠎ᠡ ᠤᠯᠤᠰ ᠬᠣᠭᠣᠷᠣᠨᠳᠤ ᠪᠠᠨ ᠬᠠᠷᠢᠯᠴᠠᠨ ᠬᠦᠨᠳᠦᠳᠭᠡᠵᠦ᠂ ᠬᠠᠷᠢᠯᠴᠠᠨ ᠣᠶᠢᠯᠠᠭᠠᠯᠴᠠᠨ᠂ ᠡᠷᠬᠡ ᠳᠡᠭ᠍ᠰᠢ ᠪᠡᠷ ᠶᠠᠪᠤᠯᠴᠠᠵᠤ᠂ ᠡᠶ᠎ᠡ ᠨᠠᠶᠢᠷᠰᠠᠭ ᠢᠶᠠᠷ ᠬᠠᠷᠢᠯᠴᠠᠨ᠂ ᠬᠠᠷᠢᠯᠴᠠᠨ ᠰᠤᠷᠤᠯᠴᠠᠵᠤ᠂ ᠬᠠᠷᠢᠯᠴᠠᠨ ᠨᠥᠬᠦᠪᠦᠷᠢᠯᠡᠨ᠂ ᠬᠠᠮᠲᠤ ᠪᠠᠷ ᠠᠰᠢᠭ ᠬᠦᠷᠲᠡᠵᠦ᠂ ᠬᠠᠮᠲᠤ ᠪᠠᠷ ᠳᠠᠪᠰᠢᠨ ᠳᠡᠭᠡᠭ᠍ᠰᠢᠯᠡᠬᠦ ᠪᠡᠷ ᠭᠠᠷ ᠭᠠᠷ ᠢᠶᠡᠨ ᠬᠣᠯᠪᠤᠯᠴᠠᠨ᠂ ᠵᠢᠷᠭᠠᠯ ᠵᠣᠪᠠᠯ ᠢᠶᠠᠨ ᠬᠠᠮᠳᠤᠳᠬᠠᠵᠤ᠂ ᠪᠥᠯᠬᠦᠮᠳᠡᠯ ᠨᠢᠭᠲᠠᠷᠠᠯ ᠲᠠᠢ ᠪᠠᠷ ᠤᠷᠤᠭᠰᠢᠯᠠᠬᠤ ᠬᠡᠷᠡᠭ᠍ᠲᠡᠢ᠃
ᠬᠡᠨ ᠴᠤ ᠭᠡᠳ ᠡᠨ᠋ᠨ ᠬᠣᠷᠸ᠎ᠠ ᠢᠢ ᠭᠠᠭᠴᠠᠭᠠᠷ ᠡᠵᠡᠮᠰᠢᠵᠦ ᠳᠡᠶᠢᠯᠬᠦ ᠦᠭᠡᠢ᠂ ᠬᠡᠨ ᠴᠤ ᠭᠡᠳ ᠡᠨ᠋ᠨ ᠶ᠋ᠢᠷᠲᠢᠨᠴᠦ ᠢᠢ ᠭᠠᠭᠴᠠᠭᠠᠷ ᠬᠥᠭ᠍ᠵᠢᠭᠦᠯᠵᠦ ᠴᠢᠳᠠᠬᠤ ᠦᠭᠡᠢ᠃ ᠡᠨ᠋ᠨ ᠬᠣᠷᠸ᠎ᠠ ᠢᠢᠨ ᠬᠥᠭ᠍ᠵᠢᠯ ᠳᠠᠪᠰᠢᠯ ᠢ ᠬᠠᠮᠲᠤ ᠪᠠᠷ ᠴᠣᠭᠴᠠᠯᠠᠵᠤ᠂ ᠡᠨ᠋ᠨ ᠶ᠋ᠢᠷᠲᠢᠨᠴᠦ ᠢᠢᠨ ᠬᠤᠪᠢ ᠵᠠᠶᠠᠭ᠎ᠠ ᠢᠢ ᠬᠠᠮᠲᠤ ᠪᠠᠷ ᠲᠣᠭᠲᠠᠭᠠᠬᠤ ᠪᠣᠯᠬᠣᠷ ᠬᠡᠨ ᠬᠡᠨ ᠡᠴᠡ ᠪᠡᠨ ᠰᠠᠯᠤᠯ ᠦᠭᠡᠢ ᠨᠢᠭᠲᠠ ᠪᠥᠯᠬᠦᠮᠳᠡᠯ ᠲᠠᠢ ᠪᠠᠶᠢᠵᠤ᠂ ᠬᠦᠰᠡᠯ ᠬᠠᠷᠠᠯᠲᠠ ᠪᠠᠨ ᠨᠢᠭᠡ ᠴᠢᠭ᠍ᠯᠡᠯ ᠳᠦ ᠲᠥᠪᠯᠡᠷᠡᠭᠦᠯᠵᠦ᠂ ᠬᠦᠴᠦ ᠬᠥᠯᠥᠰᠦ ᠪᠡᠨ ᠨᠢᠭᠡ ᠵᠦᠭ ᠲᠦ ᠵᠣᠷᠢᠭᠤᠯᠤᠨ᠂ ᠬᠦᠴᠢᠷ ᠢ ᠬᠠᠮᠲᠤ ᠪᠠᠷ ᠲᠤᠭᠤᠯᠵᠤ᠂ ᠵᠢᠷᠭᠠᠯ ᠢ ᠴᠣᠭ ᠲᠠᠭᠠᠨ ᠡᠳ᠋ᠯᠡᠪᠡᠯ ᠰᠠᠶ᠋ᠢ ᠡᠶ᠎ᠡ ᠨᠠᠶᠢᠷᠠᠮᠳᠠᠭᠤ᠂ ᠪᠠᠶᠠᠨ ᠴᠢᠨᠡᠭᠡᠯᠢᠭ᠂ ᠠᠮᠢᠯᠠᠯ ᠡᠰᠡᠨᠢᠯ ᠲᠠᠢ᠂ ᠵᠣᠯ ᠵᠢᠷᠭᠠᠯ ᠲᠠᠢ᠂ ᠠᠯᠤᠰ ᠢᠷᠡᠭᠡᠳᠦᠢ ᠲᠠᠢ︽ ᠪᠥᠮᠪᠦᠷᠴᠡᠭ ᠦᠨ ᠲᠣᠰᠬᠤᠨ︾ᠪᠤᠢ ᠪᠣᠯᠵᠤ᠂ ᠬᠦᠮᠦᠨ ᠲᠥᠷᠥᠯᠬᠢᠲᠡᠨ ᠦ ᠬᠤᠪᠢ ᠵᠠᠶᠠᠭᠠᠨ ᠤ ᠬᠠᠮᠲᠤ ᠢᠢᠨ ᠴᠣᠭᠴᠠ ᠪᠦᠷᠢᠯᠳᠦᠬᠦ ᠪᠣᠯᠤᠨ᠎ᠠ᠃ ᠡᠰᠡᠷᠭᠦ ᠪᠡᠷ᠂ ᠵᠠᠷᠢᠮ ᠤᠯᠤᠰ ᠤᠷᠤᠨ ᠪᠤᠶᠤ ᠬᠦᠮᠦᠨ ᠳᠡᠯᠡᠬᠡᠢ ᠢᠢ ᠭᠠᠭᠴᠠᠭᠠᠷ ᠤᠳᠤᠷᠢᠳᠴᠤ᠂ ᠬᠦᠮᠦᠨ ᠲᠥᠷᠥᠯᠬᠢᠲᠡᠨ ᠢ ᠭᠠᠭᠴᠠᠭᠠᠷ ᠨᠣᠶᠠᠷᠬᠠᠨ᠂ ᠡᠬᠢ ᠪᠠᠶᠠᠯᠢᠭ ᠢ ᠭᠠᠭᠴᠠᠭᠠᠷ ᠡᠵᠡᠮᠰᠢᠵᠦ᠂ ᠠᠰᠢᠭ ᠬᠣᠨᠵᠢᠪᠤᠷᠢ ᠢᠢ ᠭᠠᠭᠴᠠᠭᠠᠷ ᠡᠷᠬᠡᠰᠢᠶᠡᠬᠦ ᠭᠡᠰᠡᠨ ᠵᠡᠷᠯᠢᠭ ᠰᠠᠨᠠᠭ᠎ᠠ ᠡᠪᠦᠷᠯᠡᠵᠦ᠂ ᠭᠠᠵᠠᠷ ᠪᠣᠯᠭᠠᠨ ᠳᠤ ᠭᠠᠷ ᠲᠦᠷᠦᠵᠦ᠂ ᠳᠠᠶᠢᠨ ᠳᠠᠵᠢᠨ ᠡᠭᠦᠰᠭᠡᠨ᠂ ᠭᠠᠢ ᠭᠠᠮᠰᠢᠭ ᠲᠠᠷᠢᠵᠤ᠂ ᠬᠠᠷᠭᠢᠰ ᠳᠡᠭᠡᠷᠡᠩᠭᠦᠢ ᠠᠭᠠᠰᠢᠯᠠᠵᠤ ᠪᠠᠶᠢᠪᠠᠯ︽ᠡᠷᠭᠢᠭᠦᠦ ᠰᠢᠳᠠᠮ ᠡᠵᠡᠨ ᠳ᠋ᠡᠬᠡᠨ︾ᠲᠤᠰᠴᠤ᠂ ᠥᠪᠡᠷ ᠦᠨ ᠬᠥᠭ᠍ᠵᠢᠯᠲᠡ ᠳᠠᠪᠰᠢᠯᠲᠠ ᠪᠠᠨ ᠬᠠᠷᠰᠢᠯᠠᠨ︽ ᠰᠡᠭᠦᠯ ᠡᠴᠡ ᠪᠡᠨ ᠥᠭᠡᠷ᠎ᠡ ᠨᠥᠬᠦᠷ ᠦᠭᠡᠢ᠂ ᠰᠡᠭᠦᠳᠡᠷ ᠡᠴᠡ ᠪᠡᠨ ᠥᠭᠡᠷ᠎ᠡ ᠬᠠᠨᠢ ᠦᠭᠡᠢ︾ ᠭᠣᠣᠨᠢ ᠭᠠᠭᠴᠠᠭᠠᠷ ᠪᠣᠯᠵᠤ᠂ ᠳᠣᠷᠣᠶᠢᠲᠠᠯ ᠮᠥᠬᠦᠯ ᠦᠨ ᠵᠠᠮ ᠢᠶᠠᠨ ᠡᠯᠭᠦᠬᠦ ᠪᠣᠯᠤᠨ᠎ᠠ᠃
ᠬᠡᠯᠡᠯᠭᠡᠨ ᠦᠭᠡᠢ ᠵᠥᠪᠬᠡᠨ ᠪᠥᠯᠬᠦᠮᠳᠡᠯ ᠪᠠᠶᠢᠭᠠᠳ ᠪᠣᠯᠬᠤ ᠦᠭᠡᠢ᠂ ᠪᠥᠯᠬᠦᠮᠳᠡᠯ ᠦᠨ ᠰᠠᠭᠤᠷᠢᠨ ᠳᠡᠭᠡᠷ᠎ᠡ ᠬᠠᠲᠠᠭᠤ ᠰᠢᠷᠭᠠᠭᠤ ᠴᠢᠷᠮᠠᠶᠢᠯᠭ᠎ᠠ ᠢᠢᠨ ᠶᠠᠪᠤᠴᠠ ᠢᠢ ᠳᠠᠮᠵᠢᠮᠠᠨᠵᠢᠨ ᠰᠠᠶ᠋ᠢ ᠠᠮᠵᠢᠯᠲᠠ ᠳᠤ ᠬᠦᠷᠴᠦ ᠴᠢᠳᠠᠨ᠎ᠠ᠃ ᠠᠮᠵᠢᠯᠲᠠ ᠳᠤ ᠬᠦᠷᠬᠦ ᠶᠠᠪᠤᠴᠠ ᠠᠰᠬᠠᠨ ᠰᠢᠯᠤᠭᠤᠨ ᠪᠠᠶᠢᠳᠠᠭ ᠦᠭᠡᠢ᠂ ᠡᠩᠬᠦᠯ ᠲᠣᠩᠬᠣᠯ᠂ ᠮᠣᠷᠣᠢ ᠰᠠᠷᠣᠢ᠂ ᠬᠠᠷᠰᠢ ᠰᠠᠭᠠᠳ ᠲᠠᠢ ᠪᠠᠶᠢᠳᠠᠭ᠃ ︽ ᠲᠡᠭ᠍ᠷᠢ ᠡᠴᠡ ᠱᠠᠯᠪᠢᠩ ᠤᠨᠠᠵᠤ ᠢᠷᠡᠳᠡᠭ ᠦᠭᠡᠢ︾᠂ ︽ ᠦᠨ᠎ᠡ ᠲᠥᠯᠥᠪᠦᠷᠢ ᠦᠭᠡᠢ ᠬᠦᠷᠭᠡᠵᠦ ᠢᠷᠡᠬᠦ ᠥᠷᠯᠥᠭᠡ ᠢᠢᠨ ᠬᠣᠭᠣᠯᠠ ᠪᠠᠶᠢᠳᠠᠭ ᠦᠭᠡᠢ︾ ᠭᠡᠳᠡᠭ᠃ ᠥᠪᠡᠷ ᠦᠨ ᠴᠢᠷᠮᠠᠶᠢᠯᠭ᠎ᠠ᠂ ᠥᠪᠡᠷ ᠦᠨ ᠵᠢᠳᠬᠦᠯ᠂ ᠥᠪᠡᠷ ᠦᠨ ᠠᠷᠭ᠎ᠠ ᠤᠬᠠᠭᠠᠨ᠂ ᠥᠪᠡᠷ ᠦᠨ ᠬᠦᠴᠦ ᠬᠥᠯᠥᠰᠦ ᠪᠠᠷ ᠢᠶᠠᠨ ︽ ᠱᠠᠯᠪᠢᠩ︾ ᠪᠠ ︽ ᠬᠣᠭᠣᠯᠠ︾ ᠣᠯᠬᠤ ᠬᠡᠷᠡᠭ᠍ᠲᠡᠢ᠃ ᠬᠦᠮᠦᠨ ᠲᠥᠷᠥᠯᠬᠢᠲᠡᠨ ᠶᠡᠷᠦ ᠨᠢ ᠬᠦᠴᠢᠷ ᠪᠡᠷᠬᠡᠰᠢᠶᠡᠯ ᠳᠦ ᠬᠠᠨᠳᠤᠬᠤ ᠳ᠋ᠠᠭᠠᠨ ᠠᠳᠠᠯᠢ ᠪᠤᠰᠤ ᠢᠢᠨ ᠢᠯᠡᠷᠡᠯ ᠲᠠᠢ᠃ ᠨᠢᠭᠡ ᠪᠥᠯᠦᠭ ᠬᠦᠮᠦᠨ ᠬᠦᠴᠢᠷ ᠦᠨ ᠡᠮᠦᠨ᠎ᠡ ᠲᠣᠯᠣᠭᠠᠢ ᠪᠦᠬᠦᠢᠵᠦ ᠡᠪᠦᠳᠦᠭ ᠨᠤᠭᠤᠷᠠᠨ᠂ ᠬᠤᠪᠢ ᠵᠠᠶᠠᠭ᠎ᠠ ᠪᠠᠨ ᠮᠠᠭᠤ᠂ ᠠᠵᠠ ᠳᠣᠬᠢᠶᠠᠯ ᠪᠠᠷᠤᠭᠲᠠᠢ ᠭᠡᠵᠦ ᠪᠣᠳᠣᠨ᠂ ᠠᠮᠢᠳᠤᠷᠠᠯ ᠳᠤ ᠪᠠᠨ ᠢᠲᠡᠭᠡᠯ ᠠᠯᠳᠠᠵᠤ᠂ ᠠᠮᠢ ᠨᠠᠰᠤ ᠪᠠᠨ ᠦᠨ᠎ᠡ ᠥᠷᠲᠡᠭ ᠦᠭᠡᠢ ᠪᠣᠯᠭᠠᠳᠠᠭ᠃
ᠪᠠᠰᠠ ᠨᠢᠭᠡ ᠪᠥᠯᠦᠭ ᠬᠦᠮᠦᠨ᠂ ᠬᠦᠴᠢᠷ ᠪᠣᠯ ᠠᠮᠢᠳᠤᠷᠠᠯ ᠤᠨ ᠨᠢᠭᠡ ᠬᠡᠰᠡᠭ᠂ ᠲᠦᠮᠡᠨ ᠬᠦᠮᠦᠨ ᠳᠦ ᠠᠳᠠᠯᠢᠬᠠᠨ ᠲᠤᠯᠭᠠᠷᠠᠳᠠᠭ ᠠᠰᠠᠭᠤᠳᠠᠯ᠃ ᠬᠦᠴᠢᠷ ᠢ ᠲᠤᠭᠤᠯᠵᠤ ᠭᠠᠷᠬᠤ ᠠᠴᠠ ᠪᠢᠰᠢ ᠲᠣᠭᠣᠷᠢᠵᠤ ᠭᠠᠷᠳᠠᠭ ᠦᠭᠡᠢ ᠭᠡᠵᠦ ᠵᠥᠪ ᠲᠠᠨᠢᠨ᠂ ᠬᠡᠳᠦᠢ ᠬᠦᠴᠢᠷ ᠪᠠᠶᠢᠪᠠᠯ ᠲᠡᠳᠦᠢ ᠵᠣᠷᠢᠭ ᠲᠠᠢ ᠪᠣᠯᠵᠤ᠂ ᠰᠢᠨᠵᠢᠯᠡᠬᠦ ᠤᠬᠠᠭᠠᠨᠴᠢ ᠠᠷᠭ᠎ᠠ ᠪᠠᠷᠢᠯ ᠢᠶᠠᠷ ᠬᠠᠯᠠᠰᠢᠷᠠᠯ ᠦᠭᠡᠢ ᠴᠢᠷᠮᠠᠶᠢᠵᠤ᠂ ᠴᠦᠬᠦᠷᠡᠯ ᠦᠭᠡᠢ ᠵᠢᠳᠬᠦᠨ᠂ ︽ ᠪᠢ ᠯᠠᠪ ᠪᠣᠯᠤᠨ᠎ᠠ︾ ᠭᠡᠰᠡᠨ ᠪᠠᠲᠤ ᠢᠲᠡᠭᠡᠯ ᠲᠠᠢ᠂ ᠴᠢᠩᠭ᠎ᠠ ᠪᠠᠷᠢᠮᠲᠠᠯᠠᠯ ᠲᠠᠢ ᠪᠠᠷ ᠮᠠᠬᠠᠷᠠᠨ ᠲᠡᠮᠡᠤᠯᠵᠤ᠂ ᠡᠴᠤᠰ ᠲᠡᠭᠡᠨ ᠬᠦᠴᠢᠷ ᠢ ᠳᠠᠪᠠᠵᠤ ᠰᠠᠭᠠᠳ ᠢ ᠲᠤᠭᠤᠯᠤᠨ᠂ ᠠᠮᠵᠢᠯᠲᠠ ᠢᠢᠨ ᠥᠨᠳᠥᠷ ᠣᠷᠭᠢᠯ ᠳᠤ ᠭᠠᠷᠴᠤ᠂ ᠵᠣᠯ ᠵᠢᠷᠭᠠᠯ ᠤᠨ ᠠᠮᠲᠠᠲᠤ ᠵᠢᠮᠢᠰ ᠢ ᠣᠯᠵᠤ ᠬᠦᠷᠲᠡᠳᠡᠭ᠃ ᠢᠨᠵᠠᠨᠠᠰᠢ ᠪᠣᠯ ᠶᠠᠭ ᠡᠶᠢᠮᠦ ᠬᠦᠮᠦᠨ ᠶᠤᠮ᠃ ᠲᠡᠷᠡ︽ᠬᠥᠬᠡ ᠰᠣᠳᠣᠷ︾ ᠢᠶᠡᠨ ᠪᠢᠴᠢᠬᠦ ᠶᠠᠪᠤᠴᠠ ᠳᠤ ᠮᠠᠰᠢ ᠣᠯᠠᠨ ᠬᠦᠴᠢᠷᠳᠡᠯ ᠳᠦ ᠲᠤᠯᠭᠠᠷᠠᠭᠰᠠᠨ ᠴᠤ︽ᠮᠤᠩᠬᠠᠭ ᠣᠶᠣᠨ ᠤ ᠬᠢᠷᠢ ᠪᠡᠷ ᠰᠡᠳᠭᠢᠯ ᠦᠨ ᠴᠢᠰᠤᠨ ᠢ ᠪᠥᠭᠡᠯᠵᠢᠵᠦ᠂ ᠪᠠᠯᠠᠷ ᠨᠢᠳᠦᠨ ᠦ ᠬᠢᠷᠢ ᠪᠡᠷ ᠣᠯᠠᠨ ᠰᠣᠳᠣᠷ ᠤᠳ ᠢ ᠰᠢᠨᠵᠢᠵᠦ︾᠂︽ ᠭᠦᠢᠬᠡᠨ ᠮᠡᠳᠡᠯ︾ ᠂︽ᠥᠴᠦᠬᠡᠨ ᠴᠢᠳᠠᠯ ᠤᠨ ᠬᠢᠷᠢ ᠪᠡᠷ︾ᠬᠢᠴᠢᠶᠡᠨ ᠨᠢᠭᠲᠠᠯᠠᠵᠤ᠂ ︽ᠦᠰᠦ ᠴᠠᠶᠢᠵᠤ᠂ ᠴᠢᠷᠠᠢ ᠠᠲᠤᠷᠢᠨ᠂ ᠮᠢᠬ᠎ᠠ ᠲᠤᠷᠠᠵᠤ᠂ ᠰᠢᠷᠪᠤᠰᠤ ᠰᠤᠩᠬᠤᠢ ᠳ᠋ᠤ ᠬᠦᠷᠦᠭ᠍ᠰᠡᠨ︾ ᠪᠠᠶᠢᠳᠠᠭ᠃ ᠬᠦᠮᠦᠨ ᠪᠣᠯᠭᠠᠨ ᠡᠶᠢᠮᠦ ᠵᠣᠷᠢᠭ ᠢᠶᠠᠷ ᠴᠢᠷᠮᠠᠶᠢᠳᠠᠭ ᠯᠠ ᠶᠤᠮ ᠪᠣᠯ ᠮᠠᠰᠢ ᠣᠯᠠᠨ ︽ᠬᠥᠬᠡ ᠰᠣᠳᠣᠷ︾ ᠮᠡᠨᠳᠦᠯᠡᠬᠦ ᠨᠢ ᠯᠠᠪᠲᠠᠢ᠃ ᠠᠮᠵᠢᠯᠲᠠ ᠪᠣᠯ ᠪᠥᠯᠬᠦᠮᠳᠡᠨ ᠨᠢᠭᠲᠠᠷᠠᠭᠰᠠᠨ ᠤ ᠡᠴᠤᠰ ᠲᠤ ᠣᠯᠵᠤ ᠠᠪᠤᠭᠰᠠᠨ ᠥᠩᠭᠡᠲᠦ ᠴᠡᠴᠡᠭ ᠮᠦᠨ᠂ ᠠᠮᠵᠢᠯᠲᠠ ᠪᠣᠯ ᠪᠥᠯᠬᠦᠮᠳᠡᠨ ᠴᠢᠷᠮᠠᠶᠢᠭᠰᠠᠨ ᠤ ᠡᠴᠤᠰ ᠲᠤ ᠣᠯᠵᠤ ᠬᠦᠷᠲᠡᠭ᠍ᠰᠡᠨ ᠱᠠᠩᠨᠠᠯ ᠮᠦᠨ᠃ ᠠᠮᠵᠢᠯᠲᠠ ᠪᠣᠯ ᠪᠥᠯᠬᠦᠮᠳᠡᠨ ᠴᠢᠷᠮᠠᠶᠢᠭᠰᠠᠨ ᠤ ᠰᠠᠶᠢᠨ ᠢᠶᠠᠷ ᠨᠡᠶᠢᠭᠡᠮ ᠨᠡᠶᠢᠲᠡ ᠳᠦ ᠦᠵᠡᠭᠦᠯᠦᠭ᠍ᠰᠡᠨ ᠬᠤᠪᠢ ᠨᠡᠮᠡᠷᠢ ᠮᠦᠨ᠂ ᠠᠮᠵᠢᠯᠲᠠ ᠪᠣᠯ ᠪᠥᠯᠬᠦᠮᠳᠡᠨ ᠴᠢᠷᠮᠠᠶᠢᠭᠰᠠᠨ ᠤ ᠰᠠᠶᠢᠨ ᠢᠶᠠᠷ ᠬᠤᠪᠢ ᠪᠡᠶ᠎ᠡ ᠳ᠋ᠡᠬᠡᠨ ᠣᠯᠭᠣᠭᠰᠠᠨ ᠨᠡᠷ᠎ᠡ ᠲᠥᠷᠥ ᠮᠦᠨ᠃
ᠢᠯᠠᠭᠳᠠᠯ ᠳᠤ ᠤᠴᠠᠷᠠᠭᠰᠠᠨ ᠬᠦᠮᠦᠨ ᠤᠢᠳᠬᠠᠷ ᠪᠣᠬᠢᠨᠢᠳᠦᠯ ᠲᠠᠢ᠂ ᠭᠤᠨᠢᠭ ᠵᠣᠪᠠᠭᠤᠷᠢᠲᠠᠢ ᠪᠠᠶᠢᠳᠠᠭ ᠪᠣᠯ ᠢᠯᠠᠯᠲᠠ ᠣᠯᠣᠭᠰᠠᠨ ᠬᠦᠮᠦᠨ ᠪᠠᠶᠠᠷ ᠪᠠᠶᠠᠰᠤᠯ ᠲᠠᠢ᠂ ᠵᠣᠯ ᠵᠢᠷᠭᠠᠯ ᠲᠠᠢ ᠪᠠᠶᠢᠳᠠᠭ᠃︽ᠬᠦᠴᠢᠷ ᠢ ᠲᠤᠭᠤᠯᠬᠤ ᠦᠭᠡᠢ ᠪᠣᠯ ᠨᠣᠮ ᠰᠤᠷᠬᠤ ᠦᠭᠡᠢ᠂ ᠬᠥᠯᠥᠰᠦ ᠤᠷᠤᠰᠬᠠᠬᠤ ᠦᠭᠡᠢ ᠪᠣᠯ ᠠᠮᠵᠢᠯᠲᠠ ᠣᠯᠬᠤ ᠦᠭᠡᠢ︾ ᠭᠡᠰᠡᠨ ᠰᠤᠷᠭᠠᠯ ᠢ ᠤᠬᠠᠭᠠᠷᠠᠳᠠᠭ ᠬᠦᠮᠦᠨ ᠠᠮᠵᠢᠯᠲᠠ ᠳᠤ ᠬᠦᠷᠳᠡᠭ᠂ ︽ ᠪᠥᠯᠬᠦᠮᠳᠡᠨ ᠨᠢᠭᠡᠳᠪᠡᠯ ᠮᠠᠨᠳᠤᠬᠤ ᠢᠢᠨ ᠳᠡᠮᠳᠡᠭ᠂ ᠪᠥᠯᠥᠭ᠍ᠯᠡᠨ ᠵᠠᠳᠠᠷᠠᠪᠠᠯ ᠮᠥᠬᠦᠬᠦ ᠢᠢᠨ ᠳᠡᠮᠳᠡᠭ︾ ᠭᠡᠰᠡᠨ ᠶᠣᠰᠣ ᠢᠢ ᠮᠡᠳᠡᠷᠡᠳᠡᠭ ᠬᠦᠮᠦᠨ ᠠᠮᠵᠢᠯᠲᠠ ᠳᠤ ᠬᠦᠷᠳᠡᠭ᠃ ᠠᠮᠵᠢᠯᠲᠠ ᠣᠯᠣᠭᠰᠠᠨ ᠬᠦᠮᠦᠨ ᠪᠣᠯ ᠭᠡᠷ ᠪᠦᠯᠢ ᠳ᠋ᠡᠬᠡᠨ ᠲᠤᠰᠠᠲᠠᠢ ᠬᠦᠮᠦᠨ᠂ ᠤᠭᠰᠠᠭ᠎ᠠ ᠦᠨᠳᠦᠰᠦᠲᠡᠨ ᠳ᠋ᠡᠬᠡᠨ ᠠᠰᠢᠭᠲᠠᠢ ᠬᠦᠮᠦᠨ᠂ ᠤᠯᠤᠰ ᠭᠦᠷᠦᠨ ᠳ᠋ᠡᠬᠡᠨ ᠭᠠᠪᠢᠶ᠎ᠠ ᠲᠠᠢ ᠬᠦᠮᠦᠨ᠃ ᠡᠶᠢᠮᠦ ᠬᠦᠮᠦᠨ ᠦ ᠠᠮᠢᠳᠤᠷᠠᠯ ᠤᠳᠭ᠎ᠠ ᠠᠭᠤᠯᠭ᠎ᠠ ᠲᠠᠢ᠂ ᠡᠶᠢᠮᠦ ᠬᠦᠮᠦᠨ ᠦ ᠠᠮᠢ ᠨᠠᠰᠤ ᠰᠠᠶ᠋ᠢ ᠦᠨ᠎ᠡ ᠥᠷᠲᠡᠭ ᠲᠠᠢ ᠰᠢᠦ︕