ᠲᠤᠮᠤᠭ᠎ᠠ ᠦᠬᠡᠢ ᠬᠡᠦᠬᠡᠳ ᠢ ᠦᠯᠦ ᠵᠠᠭᠠᠯᠳᠤᠵᠤ ᠢᠷᠡᠬᠡᠳᠦᠢ ᠵᠢᠨ ᠵᠠᠮ ᠢ ᠨᠢ ᠨᠡᠬᠡᠬᠡᠭᠰᠡᠨ ᠨᠢ

2025-03-27 11:17:53

︽ᠪᠠᠶᠢᠴᠠᠭᠠᠬᠤ ᠲᠤᠰᠢᠶᠠᠯᠳᠠᠨ᠂ ᠲᠠᠨᠠᠷ ᠲᠠᠭᠠᠨ ᠲᠠᠯᠠᠷᠬᠠᠵᠤ ᠪᠠᠶᠢᠨ᠎ᠠ᠂ ᠲᠠᠨᠠᠷ ᠤᠨ ᠲᠤᠰᠠᠯᠠᠮᠵᠢ ᠦᠬᠡᠢ ᠶᠤᠮ ᠪᠤᠯ ᠮᠠᠨ ᠤ ᠬᠡᠷ ᠤᠨ ᠰᠢᠶᠤᠤ ᠸᠠᠡᠭ ᠤᠨ ᠨᠢᠬᠡ ᠨᠠᠰᠤ ᠬᠠᠷᠠᠯᠠᠭᠰᠠᠨ ᠰᠢᠦ︾ ᠬᠡᠵᠦ ᠰᠢᠶᠤᠤ ᠸᠠᠡᠭ ᠤᠨ ᠠᠪᠠᠭ᠎ᠠ ᠨᠢ ︽ᠦᠯᠦ ᠵᠠᠭᠠᠯᠳᠤᠬᠤ ᠵᠢ ᠵᠠᠷᠯᠠᠬᠤ︾ ᠦᠶᠡᠰ ᠲᠠᠬᠢᠨ ᠲᠠᠪᠳᠠᠨ ᠪᠠᠶᠢᠴᠠᠭᠠᠬᠤ ᠲᠤᠰᠢᠶᠠᠯᠳᠠᠨ ᠳᠤ ᠲᠠᠯᠠᠷᠬᠠᠬᠤ ᠰᠡᠳᠬᠢᠯ ᠵᠢᠨᠨ ᠢᠯᠡᠷᠬᠡᠵᠦ ᠪᠠᠶᠢᠪᠠ᠃

2024 ᠤᠨ ᠤ 5 ᠳ᠋ᠤᠭᠠᠷ ᠰᠠᠷ᠎ᠠ ᠵᠢᠨ ᠨᠢᠬᠡ ᠡᠳᠦᠷ ᠤᠨ ᠦᠳᠡᠰᠢ ᠸᠠᠡᠭ᠂ ᠤᠤ᠂ ᠬᠤᠤ᠂ ᠾᠸᠦ ᠤᠪᠤᠭᠳᠠᠢ ᠲᠦᠷᠪᠡᠨ ᠬᠡᠦᠬᠡᠳ ᠤᠷᠤᠢ ᠵᠢᠨ ᠬᠤᠭᠤᠯᠠᠨ ᠤ ᠲᠠᠷᠠᠭ᠎ᠠ ᠬᠡᠳᠦᠬᠦᠯᠡ ᠬᠢᠳᠡᠯ ᠠᠯᠳᠠᠨ ᠵᠡᠬᠡᠯᠢ ᠪᠡᠷ ᠬᠡᠰᠦᠵᠦ ᠪᠠᠶᠢᠬᠤ ᠵᠠᠭᠤᠷ᠎ᠠ ᠨᠢᠬᠡ ᠨᠢ᠄ ︽ᠲᠤᠤᠷ ᠰᠦᠯᠵᠢᠶᠡᠨ ᠳᠤ ᠦᠵᠡᠭᠰᠡᠨ ᠵᠢᠡᠷ ᠬᠦᠮᠦᠨ ᠲᠡᠷᠬᠡᠨ ᠡᠴᠡ ᠶᠠᠭᠤᠮ᠎ᠠ ᠬᠤᠯᠠᠭᠠᠶᠢᠯᠠᠵᠤ ᠬᠤᠳᠠᠯᠳᠤᠭᠠᠳ ᠵᠤᠭᠤᠰ ᠰᠤᠯᠢᠵᠤ ᠪᠠᠶᠢᠨ᠎ᠠ︾ ᠬᠡᠪᠡ᠃ ᠬᠡᠳᠦᠨ ᠬᠡᠦᠬᠡᠳ ᠰᠤᠨᠤᠰᠤᠭᠰᠠᠨ ᠤ ᠲᠠᠷᠠᠭ᠎ᠠ ᠰᠤᠨᠢᠭᠤᠴᠢᠯᠠᠬᠤ ᠰᠡᠳᠬᠢᠯ ᠲᠦᠷᠦᠭᠳᠡᠵᠦ ᠲᠡᠷᠬᠡᠨ ᠡᠴᠡ ᠶᠠᠭᠤᠮ᠎ᠠ ᠬᠤᠯᠠᠭᠠᠢ ᠬᠢᠬᠦ ᠪᠡᠷ ᠵᠦᠪᠳᠡᠯᠴᠡᠪᠡ᠃ ᠢᠡᠭᠭᠢᠭᠡᠳ ᠬᠡᠳᠦᠬᠦᠯᠡ ᠭᠠᠯᠠᠭᠤᠳᠤ ᠪᠠᠯᠭᠠᠰᠤᠨ ᠤ ᠨᠠᠨᠳᠢᠨ ᠲᠤᠭᠤᠷᠢᠭ᠂ ᠢ ᠯᠢᠨ ᠶᠤᠸᠠᠨ ᠲᠤᠭᠤᠷᠢᠭ ᠵᠡᠷᠬᠡ ᠰᠠᠭᠤᠭᠠᠯᠢ ᠲᠤᠭᠤᠷᠢᠭ ᠵᠢᠡᠷ ᠬᠦᠷᠴᠦ ᠲᠡᠷᠬᠡ ᠪᠤᠭᠠᠨ ᠤ ᠡᠬᠦᠳᠡ ᠵᠢ ᠲᠠᠲᠠᠵᠤ ᠦᠵᠡᠨ ᠤᠨᠢᠰᠤᠯᠠᠭᠠᠰᠨ ᠦᠬᠡᠢ ᠲᠡᠷᠬᠡ ᠡᠴᠡ ᠪᠡᠯᠡᠨ ᠵᠤᠭᠤᠰ᠂ ᠠᠷᠢᠬᠢ ᠲᠠᠮᠠᠬᠢ ᠵᠡᠷᠬᠡ ᠵᠢ ᠬᠤᠯᠠᠭᠠᠶᠢᠯᠠᠪᠠ᠃ ᠬᠡᠷᠡᠭ ᠢ ᠰᠶᠢᠳᠪᠦᠷᠢᠯᠡᠬᠦ ᠬᠤᠭᠤᠴᠠᠭᠠᠨ ᠳᠤ ᠵᠠᠭᠠᠯᠳᠤᠭᠳᠠᠭᠴᠢ ᠰᠢᠶᠤᠤ ᠸᠠᠡᠭ ᠤᠨ ᠬᠡᠷ ᠤᠨ ᠠᠬᠠᠮᠠᠳ ᠨᠢ ᠶᠠᠭᠤᠮ᠎ᠠ ᠪᠠᠨ ᠬᠡᠬᠡᠭᠰᠡᠨ ᠬᠤᠤᠷᠯᠠᠭᠳᠠᠭᠴᠢ ᠨᠠᠷ ᠲᠠᠢ ᠲᠡᠷᠡ ᠲᠠᠷᠤᠢ ᠳᠤᠨᠢ ᠬᠠᠷᠢᠯᠴᠠᠵᠤ ᠪᠦᠬᠦᠨ ᠢ ᠲᠦᠯᠦᠵᠦ᠂ ᠲᠡᠲᠡᠨ ᠤ ᠠᠭᠤᠴᠢᠯᠠᠯ ᠢ ᠤᠯᠪᠠ᠃ ᠮᠦᠨ ᠵᠠᠭᠠᠯᠳᠤᠭᠳᠠᠭᠴᠢ ᠵᠢᠨ ᠶᠠᠯ᠎ᠠ ᠪᠠᠨ ᠮᠡᠳᠡᠷᠡᠵᠦ ᠬᠡᠮᠰᠢᠨ ᠤᠬᠠᠭᠠᠷᠠᠭᠰᠠᠨ ᠵᠡᠷᠬᠡ ᠪᠤᠳᠠᠳᠤ ᠪᠠᠶᠢᠳᠠᠯ ᡂᠨ ᠢ ᠦᠨᠳᠦᠰᠦᠯᠡᠨ ᠦᠯᠦ ᠵᠠᠭᠠᠯᠳᠤᠬᠤ ᠲᠤᠭᠳᠠᠭᠠᠯ ᠭᠠᠷᠭᠠᠵᠤ᠂ ᠬᠤᠶᠢᠰᠢᠳᠠ ᠬᠵᠡᠷ ᠤᠨ ᠠᠬᠠᠮᠠᠳ ᠡᠴᠡ ᠨᠠᠰᠤᠨ ᠳᠤ ᠦᠯᠦ ᠬᠦᠷᠦᠭᠰᠡᠳ ᠢ ᠴᠢᠡᠭᠭ᠎ᠠ ᠬᠠᠮᠢᠶᠠᠷᠴᠤ ︽ᠬᠡᠷᠡᠭ ᠤᠨ ᠡᠵᠡᠨ᠂ ᠬᠡᠡᠭᠭᠡᠷᠬᠡ ᠵᠢᠨ ᠲᠤᠬᠢᠭᠤᠷ︾ ᠪᠤᠯᠬᠤ ᠮᠠᠭᠤ ᠲᠠᠳᠬᠠᠯ ᠵᠢᠠᠨ ᠲᠠᠶᠠᠭᠳᠠᠵᠤ ᠵᠦᠪ ᠵᠠᠮ ᠵᠢᠡᠷ ᠶᠠᠪᠤᠬᠤ ᠵᠢ ᠱᠠᠭᠠᠷᠳᠠᠪᠠ᠃

ᠪᠠᠶᠢᠴᠠᠭᠠᠬᠤ ᠲᠤᠰᠢᠶᠠᠯᠳᠠᠨ ᠤ ᠰᠠᠨᠠᠭᠤᠯᠤᠮᠵᠢ ᠨᠠᠰᠤᠨ ᠳᠤ ᠦᠯᠦ ᠬᠦᠷᠦᠭᠰᠡᠳ ᠵᠢᠴᠢ ᠬᠠᠷᠠᠭᠠᠯᠵᠠᠨ ᠬᠠᠮᠠᠭᠠᠯᠠᠭᠴᠢ ᠳᠤᠨᠢ ᠰᠠᠨᠠᠭᠤᠯᠬᠤ ᠨᠢ᠄

ᠨᠠᠰᠤᠨ ᠳᠤ ᠦᠯᠦ ᠬᠦᠷᠦᠭᠰᠡᠳ ᠤᠨ ︽ᠬᠤᠯᠠᠭᠠᠢ ᠬᠢᠵᠦ ᠬᠤᠳᠠᠯ ᠬᠡᠯᠡᠬᠦ︾ ᠵᠢ ᠴᠡᠬᠡᠷᠯᠡᠵᠦ᠂ ᠬᠢᠨᠠᠨ ᠬᠠᠮᠢᠶᠠᠷᠬᠤ ᠪᠠᠨ ᠴᠢᠡᠭᠭᠠᠳᠬᠠᠬᠤ ᠬᠡᠷᠡᠭᠳᠡᠢ᠃ ᠨᠠᠰᠤᠨ ᠳᠤ ᠦᠯᠦ ᠬᠦᠷᠦᠭᠰᠡᠳ ᠤᠨ ᠠᠮᠢᠳᠤᠷᠠᠯ ᠤᠨ ᠲᠤᠷᠰᠢᠯᠭ᠎ᠠ ᠲᠤᠳᠠᠮᠠᠭ᠂ ᠬᠠᠤᠯᠢ ᠴᠠᠭᠠᠵᠠ ᠵᠢᠨ ᠶᠡᠷᠦ ᠵᠢᠨ ᠮᠡᠳᠡᠯᠬᠡ ᠲᠤᠳᠠᠮᠠᠭ᠂ ᠠᠮᠠᠷᠬᠠᠨ ᠨᠠᠶᠢᠬᠡᠮ ᠤᠨ ᠭᠠᠵᠢᠭᠤ ᠮᠠᠭᠤᠬᠠᠢ ᠳᠤ ᠨᠦᠯᠦᠬᠡᠯᠡᠭᠳᠡᠨ᠎ᠠ᠃ ᠡᠶᠢᠮᠦ ᠡᠴᠡ ᠨᠠᠰᠤᠨ ᠳᠤ ᠦᠯᠦ ᠬᠦᠷᠦᠭᠰᠡᠳ ᠡᠷᠬᠡᠪᠰᠢ ᠦᠡᠭᠭᠡᠳᠦ ᠶ᠋ᠢᠷᠳᠢᠨᠴᠤ ᠵᠢᠨ ᠮᠠᠭᠤ ᠰᠡᠶᠢᠨ ᠶᠢ ᠢᠯᠭᠠᠨ ᠲᠠᠮᠢᠵᠤ᠂ ᠬᠠᠤᠯᠢ ᠵᠢ ᠰᠤᠷᠴᠤ᠂ᠬᠠᠤᠯᠢ ᠪᠡᠷ ᠪᠡᠶ᠎ᠡ ᠪᠠᠨ ᠬᠠᠮᠠᠭᠠᠯᠠᠬᠤ᠂ ᠬᠠᠤᠯᠢ ᠵᠢ ᠮᠡᠳᠡᠵᠦ ᠬᠠᠤᠯᠢ ᠵᠢ ᠬᠡᠷᠡᠭᠯᠡᠵᠦ ᠴᠢᠳᠠᠬᠤ ᠬᠡᠷᠡᠭᠳᠡᠢ᠃ ︽ᠠᠡᠭᠭᠠᠶᠢᠨ ᠢᠳᠡᠵᠦ ᠲᠠᠡᠭᠭᠠᠶᠢᠨ ᠬᠡᠪᠳᠡᠵᠦ︾ ᠠᠮᠢᠳᠤᠷᠠᠨ᠎ᠠ ᠬᠡᠰᠡᠨ ᠬᠡᠢ ᠬᠤᠭᠤᠰᠤᠨ ᠪᠤᠳᠤᠯ ᠵᠢᠠᠨ ᠲᠠᠶᠠᠭᠳᠠᠵᠤ᠂ ᠬᠠᠤᠯᠢ ᠵᠢ ᠵᠦᠷᠢᠴᠡᠵᠦ ᠶᠠᠯᠠᠳᠠᠨ ᠪᠤᠯᠬᠤ ᠡᠴᠡ ᠬᠡᠷᠰᠡᠦᠯᠡᠬᠦ ᠬᠡᠷᠡᠭᠳᠡᠢ᠃

ᠲᠡᠷᠬᠡᠨ ᠤ ᠡᠵᠡᠨ ᠳᠤ ᠰᠠᠨᠠᠭᠤᠯᠬᠤ ᠨᠢ᠄

ᠡᠷᠬᠡᠪᠰᠢ ᠲᠡᠷᠬᠡ ᠪᠠᠨ ᠤᠨᠢᠰᠤᠯᠠᠵᠤ ᠲᠦᠯᠬᠢᠬᠦᠷ ᠵᠢᠠᠨ ᠪᠠᠶ᠎ᠠ ᠳ᠋ᠡᠭᠡᠨ ᠠᠪᠬᠤ ᠬᠡᠷᠡᠭᠳᠡᠢ᠃ ᠨᠢᠬᠡ ᠳᠤ ᠲᠡᠷᠬᠡ ︽ᠪᠠᠳᠤᠯᠠᠭᠠᠳᠤ ᠠᠪᠳᠠᠷ᠎ᠠ︾ ᠪᠢᠰᠢ᠂ ᠪᠤᠤ ᠲᠡᠷᠬᠡᠨ ᠲᠤᠲᠤᠷ᠎ᠠ ᠪᠠᠨ ᠵᠤᠭᠤᠰᠤᠨ ᠪᠤᠭᠴᠤ᠂ ᠺᠤᠮᠫᠢᠥ᠋ᠲᠸᠷ᠂ ᠭᠠᠷ ᠤᠳᠠᠰᠤ ᠵᠡᠷᠬᠡ ᠦᠨᠡᠳᠦ ᠪᠤᠳᠠᠰ ᠵᠢᠠᠨ ᠲᠠᠯᠪᠢᠵᠤ ᠶᠲᠠᠯᠠᠳᠤ ᠡᠳᠡᠬᠡᠳ ᠲᠸ᠋ ᠲᠦᠶᠬᠦᠮ ᠦᠵᠡᠬᠦᠯᠬᠦ ᠡᠴᠡ ᠰᠡᠷᠬᠡᠶᠢᠯᠡᠬᠦ ᠬᠡᠷᠡᠭᠳᠡᠢ᠃ ᠬᠤᠶᠠᠷ ᠲᠸ᠋ ᠲᠡᠷᠬᠡ ᠪᠠᠨ ᠵᠤᠭᠰᠤᠭᠠᠭᠠᠳ ᠶᠠᠪᠤᠬᠤ ᠳᠠᠭᠠᠨ ᠤᠨᠢᠰᠤᠯᠠᠭᠰᠠᠨ ᠡᠰᠡᠬᠦ᠂ ᠴᠤᠡᠭᠬᠤ ᠪᠠᠨ ᠬᠠᠭᠠᠭᠰᠠᠨ ᠡᠰᠡᠬᠦ ᠵᠢ ᠪᠠᠶᠢᠴᠠᠭᠠᠵᠤ ᠦᠵᠡᠬᠦ ᠲᠠᠳᠬᠠᠯ ᠲᠠᠢ ᠪᠤᠯᠬᠤ ᠬᠡᠷᠡᠭᠳᠡᠢ᠃ ᠪᠤᠤ ᠲᠦᠬᠦᠮ ᠵᠢᠡᠨ ᠪᠤᠳᠤᠭᠠᠳ ᠲᠠᠷᠤᠶᠢᠬᠠᠨ ᠢᠷᠡᠴᠢᠬᠡᠨ᠎ᠠ ᠬᠡᠳ ᠲᠦᠯᠬᠢᠬᠦᠷ ᠵᠢᠠᠨ ᠷᠬᠢᠬᠤ ᠪᠤᠶᠤ ᠤᠨᠢᠰᠤᠯᠠᠬᠤ ᠦᠬᠡᠢ ᠶᠠᠪᠤᠵᠤ ᠪᠤᠯᠬᠤ ᠦᠬᠡᠢ᠃ ᠭᠤᠷᠪᠠ ᠳᠤ ᠨᠢᠬᠡ ᠯᠠ ᠲᠠᠷᠤᠭᠤᠯ ᠵᠢᠠᠷ ᠨᠤᠴᠤᠭᠠᠵᠤ ᠲᠡᠶᠢᠯᠬᠦ ᠲᠡᠷᠬᠡ ᠤᠯᠠᠰᠢᠷᠠᠭᠰᠠᠨ ᠡᠨᠡ ᠴᠠᠭ ᠦᠶ᠎ᠠ ᠳᠤ ᠲᠤᠰ ᠲᠡᠷᠬᠡᠨ ᠤ ᠪᠡᠯᠡᠳᠬᠡᠯ ᠲᠦᠯᠬᠢᠬᠦᠷ ᠢ ᠲᠡᠷᠬᠡᠨ ᠲᠡᠭᠡᠷ᠎ᠡ ᠪᠠᠨ ᠤᠷᠬᠢᠵᠤ ᠪᠤᠯᠬᠤ ᠦᠬᠡᠢ᠃ ᠲᠦᠷᠪᠡ ᠳᠤ ᠲᠡᠷᠬᠡ ᠪᠠᠨ ᠪᠤᠯᠬᠤ ᠵᠢᠨ ᠲᠤᠲᠤᠷ᠎ᠠ ᠲᠤᠰᠬᠠᠢ ᠬᠦᠮᠦᠨ ᠬᠠᠷᠠᠵᠤ ᠪᠠᠶᠢᠭ᠎ᠠ ᠪᠤᠶᠤ ᠬᠢᠨᠠᠨ ᠡᠵᠡᠮᠳᠡᠬᠦ ᠰᠡᠬᠦᠳᠡᠷᠯᠡᠬᠦ ᠮᠠᠰᠢᠨ ᠲᠠᠢ ᠵᠤᠭᠰᠤᠭᠠᠯ ᠤᠨ ᠭᠠᠵᠠᠷ ᠵᠤᠭᠰᠤᠭᠠᠵᠤ᠂ ᠪᠤᠶᠢᠳᠠ ᠪᠦᠭᠯᠡᠬᠦᠦ ᠭᠠᠵᠠᠷ ᠬᠠᠮᠢᠶ᠎ᠠ ᠨᠠᠮᠢᠶ᠎ᠠ ᠦᠬᠡᠢ ᠵᠤᠭᠰᠤᠭᠠᠬᠤ ᠡᠴᠡ ᠰᠡᠷᠬᠡᠶᠢᠯᠡᠬᠦ ᠬᠡᠷᠡᠭᠳᠡᠢ᠃

ᠲᠡᠭᠡᠷ᠎ᠡ ᠬᠡᠳᠦᠨ ᠬᠡᠦᠬᠡᠳ ᠨᠡᠶᠢᠯᠡᠵᠦ ᠬᠡᠷᠡᠭ ᠦᠢᠯᠡᠳᠦᠭᠰᠡᠨ ᠪᠤᠳᠠᠳᠤ ᠶᠠᠪᠤᠳᠠᠯ ᠢ ᠲᠤᠭᠠᠴᠠᠬᠤ ᠵᠢᠨ ᠲᠠᠭᠠᠤ ᠪᠠᠶᠢᠴᠠᠭᠠᠬᠤ ᠲᠤᠰᠢᠶᠠᠯᠳᠠᠨ ᠡᠴᠡ ᠨᠠᠰᠤᠨ ᠳᠤ ᠦᠯᠦ ᠬᠦᠷᠦᠭᠰᠡᠳ ᠤᠨ ᠬᠡᠷᠡᠭ ᠬᠢᠭᠰᠡᠨ ᠤᠴᠢᠷ ᠰᠢᠯᠳᠠᠭᠠᠨ ᠵᠢᠴᠢ ᠶᠠᠠᠮᠷ ᠦᠷ᠎ᠠ ᠳ᠋ᠥᠡᠭ ᠲᠠᠢ ᠪᠤᠯᠬᠤ ᠬᠡᠷᠬᠢᠨ ᠤᠷᠢᠳᠴᠢᠯᠠᠨ ᠰᠡᠷᠬᠡᠶᠢᠯᠡᠬᠦ᠂ ᠲᠡᠷᠬᠡᠨ ᠤ ᠡᠵᠡᠳ ᠲᠸ᠋ ᠰᠠᠨᠠᠭᠤᠯᠬᠤ ᠵᠡᠷᠬᠡ ᠬᠡᠳᠦᠨ ᠲᠠᠯ᠎ᠠ ᠪᠡᠷ ᠲᠦᠬᠦᠮ ᠵᠠᠳᠠᠯᠤᠯᠳᠠ ᠬᠢᠪᠡ᠃ ᠨᠠᠰᠤᠨ ᠳᠤ ᠦᠯᠦ ᠬᠦᠷᠦᠭᠰᠡᠳ ᠢ ᠬᠠᠷᠠᠭᠠᠯᠵᠠᠨ ᠬᠠᠮᠠᠭᠠᠯᠠᠭᠴᠢ ᠴᠠᠭ ᠢᠮᠠᠭᠳᠠ ᠬᠡᠦᠬᠡᠳ ᠢ ᠠᠡᠭᠬᠠᠷᠤᠨ ᠬᠠᠯᠠᠮᠵᠢᠯᠠᠵᠤ ᠰᠡᠳᠬᠢᠯ ᠤᠨ ᠬᠤᠪᠢᠷᠠᠯ᠂ ᠬᠦᠳᠡᠯᠦᠯ ᠢ ᠠᠵᠢᠭᠯᠠᠵᠤ ᠪᠠᠭ᠎ᠠ ᠨᠠᠰᠤᠨ ᠳᠠᠭᠠᠨ ᠰᠡᠶᠢᠨ ᠮᠠᠭᠤ ᠵᠢ ᠢᠯᠭᠠᠨ ᠲᠠᠨᠢᠬᠤ ᠦᠬᠡᠢ ᠪᠤᠯᠵᠤ ᠲᠠᠯ᠎ᠠ ᠬᠢᠬᠦ ᠡᠴᠡ ᠬᠡᠷᠰᠡᠦᠯᠡᠬᠦ ᠬᠡᠷᠡᠭᠳᠡᠢ᠃ ᠪᠢᠳᠠ ᠪᠦᠬᠦᠨ ᠨᠠᠰᠤᠨ ᠳᠤ ᠦᠯᠦ ᠬᠦᠷᠦᠭᠡᠰ ᠲᠸ᠋ ᠬᠠᠶᠢᠷ᠎ᠠ ᠬᠠᠯᠠᠮᠵᠢ ᠪᠠᠨ ᠬᠦᠷᠳᠡᠬᠡᠵᠦ᠂ ᠵᠦᠪ ᠵᠠᠮ ᠵᠢᠡᠷ ᠵᠢᠯᠤᠭᠤᠳᠤᠨ ᠡᠷᠳᠡ ᠨᠢᠬᠡᠨ ᠡᠳᠦᠷ ᠪᠠᠶ᠎ᠠ ᠰᠡᠳᠬᠢᠯ ᠨᠢ ᠡᠷᠡᠬᠦᠯ ᠵᠢᠡᠷ ᠦᠰᠦᠨ ᠪᠤᠵᠠᠭᠠᠶᠢᠷᠠᠭᠠᠳ ᠡᠬᠡ ᠤᠷᠤᠨ ᠠᠷᠠᠳ ᠲᠦᠮᠡᠨ ᠳᠡᠭᠡᠨ ᠲᠤᠰᠠ ᠲᠠᠢ ᠬᠦᠮᠦᠨ ᠪᠤᠯᠬᠤ ᠵᠢ ᠬᠦᠰᠡᠵᠦ ᠪᠠᠶᠢᠨ᠎ᠠ᠃

X