ᠨᠢᠬᠡᠨ ᠵᠢᠷᠠᠨ ᠤ ᠡᠮᠦᠨᠡᠬᠢ ᠲᠡᠤᠬᠡ ᠪᠤᠶᠤ ᠨᠡᠶᠢᠰᠯᠡᠯ ᠳ᠋ᠡᠬᠢ ᠵᠢᠭᠠᠪᠤᠷᠢ
2025-02-23 04:22:01
2025 ᠤᠨ ᠤ 1 ᠰᠠᠷ᠎ᠠ ᠵᠢᠨ 16 ᠤ ᠡᠳᠦᠷ᠂ ᠪᠢᠳᠠ ᠦᠤᠰᠢᠨ ᠬᠤᠰᠢᠭᠤᠨ ᠤ ᠤᠯᠠᠭᠠᠨᠮᠦ᠋ᠴᠢᠷ ᠤᠨ ᠰᠤᠳᠤᠨ ᠳᠠᠭᠤᠴᠢᠨ ᠰᠡᠴᠡᠨᠲᠤᠶᠠᠭ᠎ᠠ ᠶ᠋ᠢ ᠰᠤᠷᠪᠤᠯᠵᠢᠯᠠᠬᠤ ᠲᠤᠮᠳᠠ ᠠᠵᠠ ᠪᠡᠷ ᠦᠦᠰᠢᠨ ᠬᠤᠰᠢᠭᠤᠨ ᠤ ᠣᠯᠠᠭᠠᠠᠮᠦ᠋ᠴᠢᠷ ᠤᠨ ᠠᠬᠠᠮᠠᠳ ᠬᠡᠰᠢᠬᠦᠨ᠂ ᠣᠯᠣᠰ ᠤᠨ ᠨᠢᠬᠡᠳᠣᠬᠡᠷ ᠲᠡᠰ ᠤᠨ ᠲᠣᠭᠯᠠᠭᠴᠢ᠂ ᠠᠯᠳᠠᠷᠳᠣ ᠲᠠᠭᠤᠴᠢᠨ ᠵᠢᠩᠬᠤᠸᠠᠷ ᠲᠠᠢ ᠤᠴᠠᠷᠠᠨ᠂ ᠲᠡᠭᠦᠨ ᠡᠴᠡ ᠰᠤᠷᠪᠤᠯᠵᠢᠯᠠᠭ᠎ᠠ ᠠᠪᠬᠤ ᠪᠡᠷ ᠪᠤᠯᠵᠤ᠂ ᠠᠯᠢ ᠤᠯᠠᠨ ᠦᠯᠢᠬᠡᠷ ᠢ ᠨᠢ ᠰᠤᠨᠤᠰᠬᠤ ᠲᠤᠮᠳᠠ ᠨᠢᠬᠡ ᠵᠢᠷᠠᠨ ᠤ ᠲᠡᠷᠲᠡᠭᠡ ᠳ᠋ᠤ ᠵᠸᠤ ᠡᠸᠨ ᠯᠠᠢ ᠶᠡᠷᠤᠨᠭᠬᠡᠢ ᠰᠠᠶᠢᠳ ᠲᠠᠢ ᠠᠭᠤᠯᠵᠠᠵᠤ ᠤᠴᠠᠷᠠᠭᠰᠠᠨ ᠦᠢᠯᠡ ᠶᠠᠪᠤᠳᠠᠯ ᠢ ᠨᠢ ᠰᠤᠨᠤᠰᠤᠭᠠᠳ ᠲᠤᠰᠬᠠᠶᠢᠯᠠᠨ ᠨᠢᠬᠡ ᠬᠤᠭᠤᠴᠠᠭᠠᠨ ᠤ ᠰᠢᠨ᠎ᠠ ᠵᠠᠭᠤᠴᠢᠯᠠᠭᠤᠷ ᠤᠨ ᠮᠡᠳᠡᠬᠡᠯᠡᠯ ᠬᠢᠬᠦ ᠪᠡᠷ ᠪᠤᠯᠤᠭᠰᠠᠨ ᠶᠤᠮ᠃ ᠮᠦᠨ ᠡᠬᠦᠨ ᠤ ᠳᠠᠭᠠᠤ ᠡᠨᠡᠬᠦ ᠰᠤᠷᠪᠤᠯᠵᠢᠯᠠᠭ᠎ᠠ ᠵᠢᠨ ᠡᠬᠡ ᠪᠢᠴᠢᠭ ᠪᠢᠴᠢᠭᠳᠡᠭᠰᠡᠨ ᠪᠢᠯᠡ᠃
ᠵᠢᠨᠭᠬᠤᠸᠠᠷ ᠡᠨᠡ ᠵᠢᠯ ᠨᠠᠶᠠᠨ ᠭᠤᠷᠪᠡ ᠵᠢᠨ ᠨᠠᠰᠤᠨ ᠰᠡᠬᠦᠳᠡᠷ ᠢ ᠵᠤᠭᠤᠭᠯᠠᠵᠤ ᠶᠠᠪᠤᠭ᠎ᠠ ᠴᠤ ᠤᠬᠠᠭ᠎ᠠ ᠰᠠᠨᠠᠭ᠎ᠠ ᠡᠷᠡᠬᠦᠯ ᠰᠠᠷᠠᠭᠤᠯ ᠪᠠᠶᠢᠵᠤ᠂ ᠲᠡᠭᠦᠨ ᠤ ᠶᠠᠷᠢᠭᠰᠠᠨ ᠦᠭᠡ ᠪᠤᠯᠭᠠᠨ ᠨᠢ ᠪᠢᠳᠠᠨ ᠢ ᠰᠤᠷᠢᠨᠵᠢᠨ ᠮᠡᠲᠤ ᠲᠠᠲᠠᠵᠤ ᠪᠠᠶᠢᠯ᠎ᠠ᠃
1964 ᠣᠨ ᠤ 11 ᠰᠠᠷ᠎ᠠ ᠳᠤ᠂ ᠦᠪᠦᠷ ᠮᠣᠩᠭᠤᠯ ᠤᠨ ᠰᠣᠶᠣᠯ ᠤᠨ ᠲᠣᠪᠴᠢᠶ᠎ᠠ ᠠᠴᠠ ᠡᠯ᠎ᠡ ᠬᠤᠰᠢᠭᠤ ᠰᠢᠶᠠᠨ ᠤ ᠣᠯᠠᠭᠠᠠᠮᠦᠴᠢᠷ ᠤᠨ 15 ᠲᠣᠭᠯᠠᠭᠴᠢ ᠪᠠᠷ ᠪᠦᠷᠢᠯᠳᠦᠭ᠍ᠰᠡᠨ ᠲᠦᠯᠦᠬᠡᠯᠡᠬᠦ ᠪᠦᠯᠬᠦᠮ ᠢ ᠪᠡᠬᠡᠵᠢᠩ ᠳ᠋ᠤ ᠲᠣᠮᠢᠯᠠᠨ᠂ ᠪᠦᠬᠦ ᠣᠯᠣᠰ ᠤᠨ ᠴᠦᠬᠡᠨ ᠲᠣᠭᠠᠳᠣ ᠦᠨᠳᠣᠰᠣᠳᠡᠨ ᠤ ᠣᠯᠠᠨ ᠲᠦᠮᠡᠨ ᠤ ᠠᠵᠢᠯ ᠤᠨ ᠴᠢᠯᠣᠬᠡᠨ ᠤ ᠣᠳᠭ᠎ᠠ ᠣᠷᠠᠯᠢᠭ ᠤᠨ ᠲᠣᠭᠯᠠᠯᠳᠠ ᠳ᠋ᠤ ᠣᠷᠣᠯᠴᠠᠭᠤᠯᠵᠠᠢ᠃ ᠡᠨᠡ ᠠᠷᠪᠠᠨ ᠬᠡᠳᠦᠬᠡᠨ ᠬᠦᠮᠦᠨ ᠤ ᠲᠤᠳᠤᠷ᠎ᠠ ᠦᠤᠰᠢᠨ ᠬᠤᠰᠢᠭᠤᠨ ᠤ ᠤᠯᠠᠭᠠᠨᠮᠦ᠋ᠴᠢᠷ ᠤᠨ ᠵᠢᠷᠦᠮᠳᠣ᠂ ᠠᠯᠳᠠᠠᠴᠡᠴᠡᠭ᠂ ᠮᠠᠰᠢᠵᠢᠷᠭᠠᠯ ᠵᠡᠷᠭᠡ ᠭᠤᠷᠪᠡᠨ ᠬᠦᠮᠦᠨ ᠪᠠᠭᠲᠠᠭᠰᠠᠨ ᠪᠠᠶᠢᠨ᠎ᠠ᠃ ᠮᠦᠨᠴᠤ ᠡᠨᠡ ᠤᠳᠠᠭᠠᠨ ᠤ ᠲᠤᠭᠯᠠᠯᠲᠠ ᠨᠢ ᠰᠠᠷ᠎ᠠ ᠭᠠᠷᠤᠢ ᠦᠷᠬᠦᠯᠵᠢᠯᠡᠵᠤ᠂ ᠪᠠᠷᠤᠭ ᠡᠳᠦᠷ ᠪᠤᠯᠭᠠᠨ ᠨᠢᠬᠡ ᠲᠠᠯᠠᠪᠠᠢ ᠨᠤᠭᠳᠠᠭᠰᠠᠨ ᠪᠠᠶᠢᠨ᠎ᠠ᠃ ᠲᠣᠰ ᠣᠳᠠᠭᠠᠨ ᠤ ᠣᠯᠠᠭᠠᠠᠮᠦ᠋ᠴᠢᠷ ᠤᠨ ᠲᠣᠭᠯᠠᠯᠳᠠ ᠨᠢ ᠣᠬᠤᠷ ᠠᠪᠰᠠᠷᠬᠠᠨ᠂ ᠠᠮᠢᠳᠣᠷᠠᠯ ᠲᠠᠢ ᠦᠢᠷᠠᠳᠣᠭᠰᠠᠨ᠂ ᠬᠦᠨ ᠵᠣᠵᠠᠭᠠᠨ ᠦᠨᠳᠣᠰᠣᠳᠡᠨ ᠤ ᠬᠡᠪ ᠨᠠᠮᠪᠠ ᠪᠠ ᠴᠠᠭ ᠦᠶ᠎ᠡ ᠢᠢᠨ ᠣᠨᠴᠠᠯᠢᠭ ᠢᠶᠠᠷ ᠣᠯᠠᠨ ᠳᠤ ᠲᠦᠢᠯ ᠤᠨ ᠬᠦᠨᠵᠡᠬᠡᠢ ᠰᠠᠭᠤᠭᠳᠠᠯ ᠦᠯᠡᠳᠡᠬᠡᠵᠣ᠂ ᠨᠠᠮ ᠤᠨ ᠲᠦᠪ ᠬᠤᠷᠢᠶ᠎ᠠ ᠪᠠ ᠲᠦᠷᠦ ᠢᠢᠨ ᠶᠠᠪᠣᠳᠠᠯ ᠤᠨ ᠬᠤᠷᠢᠶ᠎ᠠ ᠲᠡᠬᠡᠳᠣ ᠬᠡᠮᠵᠢᠶ᠎ᠡ ᠪᠠᠷ ᠴᠢᠬᠤᠯᠠᠴᠢᠯᠠᠨ ᠦᠵᠡᠵᠡᠢ᠃
ᠶᠠᠭ ᠡᠶᠢᠮᠤ ᠡᠴᠡ 1964 ᠤᠨ ᠤ 12 ᠰᠠᠷ᠎ᠠ ᠢᠢᠨ 27 ᠤ ᠡᠳᠣᠷ᠂ ᠮᠠᠣ ᠽᠧ ᠳ᠋ᠦᠩ᠂ ᠯᠢᠦ ᠱᠣᠣ ᠴᠢ᠂ ᠵᠧᠦ ᠧᠨ ᠯᠠᠢ᠂ ᠵᠦ ᠳ᠋ᠧ᠂ ᠳ᠋ᠧᠩ ᠰᠢᠶᠣᠣ ᠫᠢᠩ ᠵᠡᠷᠬᠡ ᠲᠦᠪ ᠤᠨ ᠣᠳᠣᠷᠢᠳᠣᠯᠭ᠎ᠠ ᠤᠳ ᠠᠷᠠᠳ ᠤᠨ ᠶᠡᠭᠡ ᠬᠤᠷᠠᠯ ᠤᠨ ᠲᠡᠩᠬᠢᠮ ᠳᠤ ᠪᠦᠬᠦ ᠣᠯᠣᠰ ᠤᠨ ᠴᠦᠬᠡᠨ ᠲᠣᠭᠠᠳᠣ ᠦᠨᠳᠣᠰᠣᠳᠡᠨ ᠤ ᠣᠯᠠᠨ ᠲᠦᠮᠡᠨ ᠤ ᠠᠵᠢᠯ ᠤᠨ ᠴᠢᠯᠣᠬᠡᠨ ᠤ ᠣᠳᠭ᠎ᠠ ᠣᠷᠠᠯᠢᠭ ᠤᠨ ᠲᠣᠭᠯᠠᠯᠳᠠ ᠳᠤ ᠣᠷᠣᠯᠴᠠᠭᠰᠠᠨ ᠪᠦᠬᠦ ᠲᠣᠭᠯᠠᠭᠴᠢᠳ ᠪᠠ ᠦᠪᠦᠷ ᠮᠣᠩᠭᠤᠯ ᠤᠨ ᠣᠯᠠᠭᠠᠠᠮᠦ᠋ᠴᠢᠷ ᠤᠨ ᠬᠡᠰᠢᠬᠦᠳ ᠲᠠᠢ ᠠᠭᠤᠯᠵᠠᠭᠰᠠᠨ ᠪᠠᠶᠢᠨ᠎ᠠ᠃ 12 ᠰᠠᠷ᠎ᠠ ᠢᠢᠨ 31 ᠤ ᠦᠳᠡᠰᠢ᠂ ᠦᠪᠦᠷ ᠮᠣᠩᠭᠤᠯ ᠤᠨ ᠰᠣᠶᠣᠯ ᠤᠨ ᠲᠣᠪᠴᠢᠶᠠᠨ ᠤ ᠨᠠᠮ ᠤᠨ ᠲᠣᠭᠤᠶᠢᠯᠠᠩ ᠤᠨ ᠱᠦᠵᠢ᠂ ᠲᠡᠳ᠋ ᠲᠣᠪᠴᠢᠶᠠᠨ ᠲᠠᠷᠤᠭ᠎ᠠ ᠪᠦᠬᠡ ᠢᠢᠨ ᠪᠠᠷᠠᠳᠠᠯᠭ᠎ᠠ ᠲᠣᠣᠷ᠎ᠠ᠂ ᠵᠧᠦ ᠧᠨ ᠯᠠᠢ ᠶᠡᠷᠣᠩᠬᠡᠢ ᠰᠠᠶᠢᠳ ᠠᠷᠠᠳ ᠤᠨ ᠶᠡᠭᠡ ᠬᠤᠷᠠᠯ ᠤᠨ ᠲᠡᠩᠬᠢᠮ ᠳᠤ ᠣᠯᠠᠭᠠᠠᠮᠦ᠋ᠴᠢᠷ ᠤᠨ ᠲᠣᠭᠯᠠᠯᠳᠠ ᠢᠢ ᠰᠣᠨᠢᠷᠬᠠᠨ ᠦᠵᠡᠵᠣ᠂ ᠲᠣᠭᠯᠠᠯᠳᠠ ᠢᠢᠨ ᠲᠠᠷᠠᠭ᠎ᠠ ᠣᠯᠠᠭᠠᠠᠮᠦ᠋ᠴᠢᠷ ᠤᠨ ᠬᠡᠰᠢᠬᠦᠳ ᠲᠠᠢ ᠲᠤᠳᠤᠨᠤᠴᠢᠯᠠᠨ ᠶᠠᠷᠢᠯᠴᠠᠵᠤ ᠪᠠᠶᠠᠷ ᠬᠦᠷᠭᠡᠬᠦ ᠢᠢᠨ ᠬᠠᠮᠳᠣ ᠣᠨᠴᠠ ᠵᠢᠭᠠᠪᠣᠷᠢ ᠪᠠᠭᠤᠯᠭᠠᠵᠠᠢ᠃
ᠶᠡᠷᠣᠩᠬᠡᠢ ᠰᠡᠶᠢᠳ ᠠᠴᠠ ᠣᠯᠠᠭᠠᠠᠮᠦ᠋ᠴᠢᠷ ᠤᠨ ᠲᠣᠭᠯᠠᠯᠳᠠ ᠢᠢᠨ ᠬᠡᠯᠪᠡᠷᠢ ᠪᠠ ᠬᠢᠷᠢ ᠲᠦᠪᠰᠢᠨ ᠢ ᠬᠦᠢᠴᠡᠳ ᠨᠣᠳᠠᠯᠠᠬᠤ ᠢᠢᠨ ᠬᠠᠮᠳᠣ᠂ ᠣᠯᠠᠭᠠᠠᠮᠦ᠋ᠴᠢᠷ ᠤᠨ ᠬᠢᠨ ᠦᠪᠦᠷ ᠮᠣᠩᠭᠤᠯ ᠠᠴᠠ ᠪᠠᠨ ᠭᠠᠷᠴᠣ᠂ ᠪᠦᠬᠦ ᠣᠯᠣᠰ ᠤᠨ ᠠᠷᠠᠳ ᠲᠦᠮᠡᠨ ᠳᠤ ᠤᠷᠠᠯᠢᠭ ᠰᠤᠶᠤᠯ ᠤᠨ ᠲᠡᠭᠡᠵᠢ ᠪᠡᠨ ᠡᠷᠬᠦᠬᠦ ᠢᠢ ᠵᠣᠷᠢᠭᠵᠢᠭᠤᠯᠵᠠᠢ᠃ ᠵᠧᠦ ᠧᠨ ᠯᠠᠢ ᠶᠡᠷᠦᠩᠬᠡᠢ ᠰᠠᠶᠢᠳ ᠤᠨ ᠵᠢᠭᠠᠪᠣᠷᠢ ᠢᠢ ᠲᠣᠰᠣᠮᠠᠭᠴᠠ᠂ ᠦᠪᠦᠷ ᠮᠣᠩᠭᠤᠯ ᠤᠨ 37 ᠣᠯᠠᠭᠠᠠᠮᠦ᠋ᠴᠢᠷ ᠤᠨ 400 ᠭᠠᠷᠣᠢ ᠲᠣᠭᠯᠠᠭᠴᠢ ᠠᠴᠠ 40 ᠬᠡᠰᠢᠬᠦᠨ ᠢ ᠰᠣᠩᠭᠤᠨ ᠭᠠᠷᠭᠠᠵᠣ᠂ ᠭᠤᠷᠪᠠᠨ ᠲᠣᠭᠤᠶᠢᠯᠠᠩ ᠬᠤᠪᠢᠶᠠᠨ᠂ 1965 ᠣᠨ ᠤ 5 ᠰᠠᠷ᠎ᠠ ᠡᠴᠡ 1966 ᠣᠨ ᠤ 1 ᠰᠠᠷ᠎ᠠ ᠪᠣᠯᠳᠠᠯ᠎ᠠ᠂ ᠪᠦᠬᠦ ᠣᠯᠣᠰ ᠤᠨ ᠡᠯ᠎ᠡ ᠭᠠᠵᠠᠷ ᠵᠢᠡᠷ ᠲᠣᠭᠤᠷᠢᠨ ᠲᠣᠭᠯᠠᠯᠳᠠ ᠭᠠᠷᠭᠠᠵᠣ᠂ ᠲᠣᠯᠣᠭᠠᠨ ᠰᠠᠷ᠎ᠠ ᠢᠢᠨ ᠬᠤᠭᠤᠴᠠᠭᠠᠨ ᠳ᠋ᠤ ᠨᠡᠶᠢᠳᠡ 10 ᠲᠦᠮᠡᠨ ᠺᠢᠯᠣᠮᠧᠲᠷ ᠵᠠᠮ ᠢ ᠲᠤᠭᠤᠯᠵᠤ᠂ 27 ᠮᠣᠵᠢ ᠣᠷᠣᠨ ᠬᠤᠳᠠ ᠪᠠᠷ ᠲᠣᠭᠤᠷᠢᠨ᠂ 600 ᠲᠠᠯᠠᠪᠠᠢ ᠲᠣᠭᠯᠠᠯᠳᠠ ᠲᠤᠭᠯᠠᠵᠤ᠂ ᠬᠦᠯᠢᠶᠡᠨ ᠰᠤᠨᠢᠷᠬᠠᠭᠰᠠᠨ ᠬᠦᠮᠦᠨ ᠤ ᠲᠤᠭ᠎ᠠ 100 ᠲᠦᠮᠡᠨ ᠬᠦᠮᠦᠨ ᠣᠳᠠᠭ᠎ᠠ ᠳ᠋ᠤ ᠬᠦᠷᠴᠡᠢ᠃
ᠳᠠᠭᠤᠴᠢᠨ ᠵᠢᠨᠭᠬᠤᠸᠠᠷ ᠡᠨᠡᠬᠦ ᠡᠨᠭᠨᠡᠬᠡᠨ ᠳ᠋ᠤ ᠪᠠᠭᠲᠠᠭᠰᠠᠨ ᠪᠦᠭᠡᠳ ᠭᠤᠷᠪᠠᠳᠤᠭᠠᠷ ᠲᠤᠭᠤᠶᠢᠯᠠᠡᠭ ᠤᠨ ᠭᠤᠤᠯ ᠳᠠᠭᠤᠴᠢᠨ ᠪᠤᠯᠤᠭᠰᠠᠨ ᠪᠠᠶᠢᠨ᠎ᠠ᠃ ᠡᠨᠡ ᠲᠤᠬᠠᠢ ᠵᠢᠨᠭᠬᠤᠸᠠᠷ ᠪᠢᠳᠠᠨ ᠳ᠋ᠤ᠄︽ᠮᠠᠨ ᠤ ᠭᠤᠷᠪᠡᠨ ᠲᠤᠭᠤᠶᠢᠯᠠᠡᠭ ᠤᠨ ᠬᠢᠨ ᠲᠤᠭᠤᠶᠢᠯᠠᠡᠭ ᠪᠦᠷᠢ ᠠᠷᠪᠠᠨ ᠬᠤᠶᠠᠷ ᠲᠤᠭᠯᠠᠭᠴᠢ ᠪᠠ ᠨᠢᠬᠡ ᠪᠡᠯᠡᠳᠬᠡᠯ ᠲᠤᠭᠯᠠᠭᠴᠢ ᠲᠠᠢ ᠂ ᠨᠢᠬᠡᠳᠦᠬᠡᠷ ᠲᠤᠭᠤᠶᠢᠯᠠᠡᠭ ᠤᠨ ᠭᠤᠤᠯ ᠳᠠᠭᠤᠴᠢᠨ ᠨᠢ ᠮᠦᠯᠡᠨ᠂ ᠬᠤᠶᠠᠳᠤᠭᠠᠷ ᠲᠤᠭᠤᠶᠢᠯᠠᠡᠭ ᠤᠨ ᠭᠤᠤᠯ ᠳᠠᠭᠤᠴᠢᠨ ᠨᠢ ᠬᠠᠨᠭᠭᠢᠨ ᠬᠤᠰᠢᠭᠤᠨ ᠤ ᠶᠠᠡᠭ ᠢᠤᠢ ᠯᠠᠨ᠂ ᠭᠤᠷᠪᠠᠳᠤᠭᠠᠷ ᠲᠤᠭᠤᠶᠢᠯᠠᠡᠭ ᠤᠨ ᠭᠤᠤᠯ ᠳᠠᠭᠤᠴᠢᠨ ᠨᠢ ᠪᠢ᠃ ᠮᠠᠨ ᠤ ᠭᠤᠷᠪᠠᠳᠤᠭᠠᠷ ᠲᠤᠭᠤᠶᠢᠯᠠᠡᠭ ᠨᠢ ᠭᠤᠤᠯᠳᠠᠭᠤ ᠰᠢᠨᠵᠢᠶᠠᠡᠭ᠂ ᠲᠦᠪᠡᠳ᠂ ᠨᠢᠨᠭᠰᠢᠶᠠ ᠵᠡᠷᠭᠡ ᠬᠢᠵᠠᠭᠠᠷ ᠨᠤᠲᠤᠭ ᠤᠨ ᠬᠠᠮᠤᠭ ᠡᠴᠡ ᠢᠯᠡᠬᠦᠦ ᠪᠤᠶᠢᠲᠠ ᠪᠦᠭᠯᠡᠬᠦᠦ ᠭᠠᠵᠠᠷ ᠤᠷᠤᠨ ᠵᠢᠡᠷ ᠲᠤᠭᠯᠠᠯᠲᠠ ᠪᠡᠨ ᠭᠠᠷᠭᠠᠵᠤ ᠶᠠᠪᠤᠭᠰᠠᠨ᠂ ᠢᠨᠭᠭᠢᠬᠡᠳ ᠮᠠᠨ ᠤ ᠭᠤᠷᠪᠡᠨ ᠲᠤᠭᠤᠶᠢᠯᠠᠡᠭ ᠤᠨ ᠬᠢᠨ ᠬᠠᠭᠠᠰ ᠵᠢᠯ ᠤᠨ ᠬᠤᠭᠤᠴᠠᠭᠠᠨ ᠳ᠋ᠤ ᠵᠸᠤ ᠶᠡᠷᠤᠨᠭᠬᠡᠢ ᠰᠠᠶᠢᠳ ᠤᠨ ᠡᠬᠦᠷᠭᠡ ᠶ᠋ᠢ ᠬᠢᠯᠠᠯᠵᠠᠮ᠎ᠠ ᠪᠡᠶᠡᠯᠡᠬᠦᠯᠥᠬᠡᠳ ᠪᠡᠭᠡᠵᠢᠡᠭ ᠳ᠋ᠡᠬᠡᠨ ᠪᠤᠴᠠᠵᠤ ᠢᠷᠡᠭᠰᠡᠨ ᠪᠢᠯᠡ᠂ ᠡᠨᠡ ᠬᠠᠭᠠᠰ ᠵᠢᠯ ᠳ᠋ᠤ ᠪᠢᠳᠠ ᠪᠠᠷᠤᠭ ᠬᠤᠶᠠᠷ ᠡᠳᠦᠷ ᠲᠤ ᠭᠤᠷᠪᠡᠨ ᠲᠠᠯᠠᠪᠠᠢ ᠲᠤᠭᠯᠠᠯᠲᠠ ᠭᠠᠷᠭᠠᠬᠤ ᠵᠢᠨ ᠬᠠᠮᠲᠤ ᠪᠢ ᠡᠬᠢᠯᠡᠯᠲᠡ ᠵᠢᠨ ᠲᠤᠭᠯᠠᠯᠲᠠ ᠳ᠋ᠤ ᠤᠷᠤᠯᠴᠠᠨ᠎ᠠ᠂ ᠡᠮᠡᠭᠲᠡᠢ ᠵᠢᠨ ᠨᠠᠶᠢᠷᠠᠯ ᠳᠠᠭᠤᠤ ᠳ᠋ᠤ ᠤᠷᠤᠯᠴᠠᠨ᠎ᠠ᠂ ᠪᠦᠵᠢᠭᠯᠡᠬᠦ ᠳ᠋ᠤ ᠪᠠᠰᠠ ᠬᠦᠭᠵᠢᠮ ᠪᠠᠷᠢᠵᠤ ᠦᠭᠭᠦᠨ᠎ᠡ᠂ ᠱᠠᠨᠵᠠ ᠬᠦᠭᠵᠢᠮ ᠪᠠᠰᠠ ᠲᠤᠭᠯᠠᠬᠤ ᠵᠡᠷᠭᠡ ᠤᠯᠠᠨ ᠠᠵᠢᠯ ᠲᠠᠢ ᠪᠤᠯᠬᠤᠷ ᠬᠠᠷᠢᠵᠤ ᠢᠷᠡᠬᠦ ᠳ᠋ᠤ ᠶᠠᠳᠠᠷᠠᠵᠤ ᠲᠤᠶᠢᠯᠳᠠᠬᠤ ᠵᠢᠨ ᠬᠠᠮᠲᠤ ᠲᠤᠷᠠᠵᠤ ᠬᠠᠷᠠᠯᠠᠭᠠᠳ ᠶᠤᠰᠤᠲᠠᠢ ᠨᠢᠬᠡ ︿ᠰᠢᠨᠵᠢ﹀ ᠤᠷᠤᠭᠰᠠᠨ ᠪᠠᠶᠢᠯ᠎ᠠ᠃ ᠢᠨᠭᠭᠢᠭᠡᠳ ᠬᠤᠶᠠᠷ ᠡᠳᠦᠷ ᠠᠮᠠᠷᠠᠬᠤ ᠳ᠋ᠤ ᠰᠡᠳᠬᠢᠯ ᠰᠠᠨᠠᠭ᠎ᠠ ᠶᠡᠭᠡ ᠲᠠᠯᠪᠢᠭᠤᠷᠠᠭᠰᠠᠨ ᠶᠤᠮ︾ᠬᠡᠮᠡᠨ ᠤᠴᠢᠷᠯᠠᠯ᠎ᠠ᠃
ᠶᠠᠭ ᠡᠨᠡᠬᠦ ᠬᠡᠳᠦᠨ ᠡᠳᠦᠷ ᠤᠨ ᠠᠮᠠᠷᠠᠯᠲᠠ ᠵᠢᠨ ᠲᠠᠷᠠᠭ᠎ᠠ ᠪᠤᠶᠤ 12 ᠰᠠᠷ᠎ᠠ ᠵᠢᠨ 19 ᠤ ᠡᠳᠦᠷ᠂ ᠲᠡᠳᠡᠨ ᠤ ᠲᠠᠷᠤᠭ᠎ᠠ ᠨᠢ ᠲᠤᠭᠯᠠᠭᠴᠢᠳ ᠲᠠᠭᠠᠨ ︿ᠡᠨᠡ ᠤᠷᠤᠢ ᠤᠯᠤᠰ ᠤᠨ ᠤᠳᠤᠷᠢᠳᠬᠤ ᠨᠦᠬᠦᠳ ᠲᠠᠨᠠᠷ ᠲᠠᠢ ᠠᠭᠤᠯᠵᠠᠨ᠎ᠠ﹀ ᠬᠡᠵᠤ ᠶᠠᠷᠢᠭᠰᠠᠨ ᠳ᠋ᠤ ᠬᠠᠭᠠᠰ ᠵᠢᠯ ᠢᠯᠡᠬᠦᠦ ᠵᠢᠨ ᠶᠠᠳᠠᠷᠠᠭ᠎ᠠ ᠨᠢ ᠶᠠᠭᠤ ᠴᠤ ᠦᠭᠡᠢ ᠠᠷᠢᠯᠤᠭᠠᠳ᠂ ᠪᠠᠶᠠᠷ ᠵᠢᠷᠭᠠᠯ ᠤᠨ ᠮᠦᠰᠢᠶᠡᠲᠤ ᠴᠢᠷᠠᠢ ᠳ᠋ᠤ ᠨᠢ ᠲᠤᠭᠯᠠᠭᠰᠠᠨ ᠪᠠᠶᠢᠯ᠎ᠠ᠃ ᠲᠡᠷᠡ ᠤᠷᠤᠢ ᠨᠢ ᠡᠳᠡᠭᠡᠷ ᠬᠦᠮᠦᠰ ᠠᠷᠠᠳ ᠤᠨ ᠶᠡᠭᠡ ᠬᠤᠷᠠᠯ ᠤᠨ ᠲᠠᠨᠭᠭᠢᠮ ᠳ᠋ᠤ ᠴᠤᠭᠯᠠᠷᠠᠨ᠂ ᠶᠠᠮᠠᠷ ᠬᠦᠮᠦᠨ ᠲᠠᠢ ᠠᠭᠤᠯᠵᠠᠬᠤ ᠪᠤᠯ ᠬᠡᠮᠡᠨ ᠰᠡᠳᠬᠢᠯ ᠲᠤᠭᠲᠤᠯᠤᠨ ᠬᠦᠯᠢᠶᠡᠵᠡᠢ᠃ ︽ᠤᠯᠤᠰ ᠤᠨ ᠤᠳᠤᠷᠢᠳᠬᠤ ᠬᠦᠮᠦᠰ ᠲᠠᠢ ᠠᠭᠤᠯᠵᠠᠨ᠎ᠠ ᠬᠡᠬᠦ ᠴᠢᠮᠡᠬᠡ ᠶ᠋ᠢ ᠰᠤᠨᠤᠰᠤᠭᠠᠳ ᠲᠡᠷᠡ ᠦᠳᠡ ᠵᠢᠨ ᠬᠤᠶᠢᠨ᠎ᠠ ᠨᠢ ᠪᠢᠳᠠ ᠪᠤᠳᠠᠭ᠎ᠠ ᠬᠤᠭᠤᠯᠠ ᠪᠡᠨ ᠴᠤ ᠢᠳᠡᠬᠦ ᠦᠭᠡᠢ ᠪᠡᠷ ᠬᠦᠯᠢᠶᠡᠭᠰᠡᠨ᠂ ᠢᠨᠭᠭᠢᠭᠡᠳ ᠤᠷᠤᠢ ᠵᠢᠨ ᠲᠤᠯᠤᠭᠠᠨ ᠴᠠᠭ ᠬᠠᠭᠠᠰ ᠲᠤ ᠠᠷᠠᠳ ᠤᠨ ᠶᠡᠭᠡ ᠬᠤᠷᠠᠯ ᠤᠨ ᠲᠠᠨᠭᠭᠢᠮ ᠤᠨ ᠡᠬᠦᠳᠡ ᠪᠡᠷ ᠨᠢᠬᠡᠳᠦᠬᠡᠷ ᠲᠤ ᠵᠸᠤ ᠶᠡᠷᠤᠨᠭᠬᠡᠢ ᠰᠠᠶᠢᠳ ᠶᠠᠭ ᠵᠠᠯᠠᠭᠤ ᠬᠦᠮᠦᠨ ᠰᠢᠭ ᠠᠯᠬᠤᠭ᠎ᠠ ᠲᠡᠬᠦᠯᠳᠡᠷ ᠤᠷᠤᠵᠤ ᠢᠷᠡᠯ᠎ᠡ᠂ ᠲᠡᠭᠦᠨ ᠤ ᠬᠤᠶᠢᠨ᠎ᠠ ᠨᠢ ᠵᠦ ᠳ᠋ᠸ ᠬᠤᠷᠢᠶᠠᠨ ᠲᠠᠷᠤᠭ᠎ᠠ᠂ ᠲᠠᠷᠠᠭ᠎ᠠ ᠨᠢ ᠴᠸᠨ ᠶ᠋ᠢ ᠲᠡᠳ᠋ ᠶᠡᠷᠤᠨᠭᠬᠡᠢ ᠰᠠᠶᠢᠳ ᠨᠠᠷ ᠲᠠᠷᠠᠭᠠᠯᠠᠨ ᠤᠷᠤᠵᠤ ᠢᠷᠡᠭᠰᠡᠨ ᠶᠤᠮ᠃ ᠮᠠᠨᠤᠰ ᠡᠨᠡ ᠦᠶ᠎ᠡ ᠳ᠋ᠤ ᠪᠠᠶᠠᠷᠯᠠᠭᠠᠳ ᠨᠢᠳᠤᠨ ᠡᠴᠡ ᠦᠪᠡᠷ ᠤᠨ ᠡᠷᠭᠡ ᠦᠭᠡᠢ ᠨᠢᠯᠪᠤᠰᠤ ᠤᠷᠤᠰᠴᠤ ᠯᠠ ᠪᠠᠶᠢᠭᠰᠠᠨ︾ᠬᠡᠮᠡᠨ ᠵᠢᠨᠭᠬᠤᠸᠠᠷ ᠶᠠᠷᠢᠯ᠎ᠠ᠃ ᠳᠠᠶᠠᠭᠠᠷ ᠵᠢᠡᠨ ᠡᠶᠢᠨᠬᠦ ᠪᠠᠶᠠᠷᠯᠠᠯᠳᠤᠵᠤ ᠭᠠᠷᠤᠭᠰᠠᠨ ᠤ ᠲᠠᠷᠠᠭ᠎ᠠ ᠵᠢᠨᠭᠬᠤᠸᠠᠷ ᠲᠤ ᠲᠠᠷᠤᠭ᠎ᠠ ᠨᠢ ᠨᠢᠬᠡ ︽ᠵᠠᠷᠯᠢᠭ︾ ᠪᠠᠭᠤᠯᠭᠠᠪᠠ᠃ ᠲᠡᠷᠡ ᠨᠢ ᠶᠡᠷᠤᠨᠭᠬᠡᠢ ᠰᠠᠶᠢᠳ ᠲᠤ ᠳᠠᠭᠤᠯᠠᠬᠤ ᠶᠠᠪᠤᠳᠠᠯ᠂ ᠵᠢᠨᠬᠤᠸᠠᠷ ᠲᠤ ᠠᠪᠴᠤ ᠬᠡᠯᠡᠪᠡᠯ ᠡᠨᠡ ᠨᠢ ᠲᠡᠭᠷᠢ ᠵᠢᠨ ᠵᠠᠢ ᠳ᠋ᠤ ᠰᠤᠯᠤᠨᠭᠭᠠ ᠲᠠᠳᠠᠵᠤ᠂ ᠲᠡᠮᠡᠬᠡᠨ ᠪᠦᠬᠦ ᠡᠴᠡ ᠨᠠᠷᠠ ᠤᠷᠭᠤᠭᠰᠠᠨ ᠠᠵᠠᠲᠠᠢ ᠶᠠᠪᠤᠳᠠᠯ ᠪᠤᠯᠤᠯ᠎ᠠ᠃ ᠡᠨᠡᠬᠦ ᠤᠴᠠᠷᠠᠯ ᠵᠢᠡᠨ ᠲᠡᠷᠡ᠄︽ᠪᠢ ᠶᠡᠷᠤᠨᠭᠬᠡᠢ ᠰᠠᠶᠢᠳ ᠤᠨ ᠬᠠᠵᠠᠭᠤ ᠳ᠋ᠤ ᠬᠦᠷᠴᠤ᠂ ᠨᠢᠬᠡ ᠶᠤᠰᠤᠯᠠᠭᠠᠳ︿ᠲᠠᠨ ᠳ᠋ᠤ ᠨᠢᠬᠡ ᠳᠠᠭᠤᠤ ᠪᠡᠨ ᠡᠷᠭᠦᠨ ᠪᠠᠷᠢᠶ᠎ᠠ﹀ᠬᠡᠵᠤ ᠬᠡᠯᠡᠭᠰᠡᠨ ᠳ᠋ᠤ᠂ ᠲᠡᠷᠡ︿ᠲᠡᠭᠡᠪᠡᠯ ᠶᠡᠭᠡ ᠰᠠᠶᠢᠨ ᠪᠤᠯᠤᠯ᠎ᠠ᠂ ᠴᠢᠮ᠎ᠡ ᠶ᠋ᠢ ᠬᠡᠨ ᠬᠡᠳᠡᠭ ᠪᠤᠢ﹀ᠬᠡᠵᠤ ᠠᠰᠠᠭᠤᠭᠰᠠᠨ ᠳ᠋ᠤ᠂ ᠪᠢ ᠪᠡᠶ᠎ᠡ ᠪᠡᠨ ᠲᠠᠨᠢᠯᠴᠠᠭᠤᠯᠵᠤ ᠭᠠᠷᠤᠯ᠎ᠠ᠂ ᠵᠠᠯᠭᠠᠭᠠᠳ ᠶᠡᠷᠤᠨᠭᠬᠡᠢ ᠰᠠᠶᠢᠳ ᠡᠴᠡ︿ᠴᠢ ᠭᠠᠭᠴᠠᠬᠠᠨ ᠨᠠᠳᠠ ᠳᠠᠭᠤᠯᠠᠬᠤ ᠬᠡᠷᠡᠭ ᠦᠭᠡᠢ᠂ ᠲᠤᠮᠳᠠ ᠨᠢ ᠵᠤᠭᠰᠤᠭᠠᠳ ᠳᠠᠶᠠᠭᠠᠷ ᠲᠤ ᠳᠠᠭᠤᠯᠠᠭᠠᠳ ᠦᠭ᠂ ᠴᠢ ᠪᠡᠬᠡᠵᠢᠡᠭ ᠤᠨ ᠠᠯᠲᠠᠨ ᠠᠭᠤᠯᠠᠨ ᠲᠡᠭᠡᠷ᠎ᠡ ᠬᠡᠬᠦ ᠳᠠᠭᠤᠤ ᠶ᠋ᠢ ᠳᠠᠭᠤᠯᠠᠵᠤ ᠴᠢᠳᠠᠨ᠎ᠠ ᠤᠤ︖﹀ᠬᠡᠵᠤ ᠠᠰᠠᠭᠤᠯ᠎ᠠ᠃ ᠡᠨᠡ ᠳᠠᠭᠤᠤ ᠶ᠋ᠢ ᠪᠢ ᠲᠦᠪᠡᠳ ᠲᠤ ᠲᠤᠭᠯᠠᠯᠲᠠ ᠪᠠᠨ ᠬᠢᠵᠤ ᠶᠠᠪᠤᠬᠤ ᠵᠠᠮ ᠵᠠᠭᠤᠷ᠎ᠠ᠂ ᠲᠡᠨᠳᠡᠬᠢ ᠵᠢᠨ ᠴᠡᠷᠢᠭ ᠤᠨ ᠲᠤᠭᠤᠷᠢᠭ ᠤᠨ ᠤᠷᠠᠯᠢᠭ ᠤᠨ ᠪᠦᠯᠬᠦᠮ ᠤᠨ ᠨᠢᠬᠡ ᠵᠢᠭᠠᠬᠠᠨ ᠬᠡᠤᠬᠡᠨ ᠨᠠᠳᠠ ᠲᠦᠪᠡᠳ ᠬᠡᠯᠡ ᠪᠡᠷ ᠵᠢᠭᠠᠵᠤ ᠦᠭᠭᠦᠭᠰᠡᠨ ᠶᠤᠮ᠂ ᠡᠨᠡ ᠬᠡᠤᠬᠡᠨ ᠨᠢ ᠤᠳᠤ ᠵᠢᠨ ᠠᠯᠳᠠᠷᠲᠤ ᠳᠠᠭᠤᠴᠢᠨ ᠬᠠᠨ ᠬᠤᠡᠭ ᠤᠨ ᠮᠦᠮᠦ ᠨᠢ ᠮᠦᠨ᠂ ᠨᠡᠷ᠎ᠡ ᠶ᠋ᠢ ᠨᠢ ᠶᠦᠡᠭ ᠰᠢ ᠬᠡᠳᠡᠭ᠃ ᠢᠨᠭᠭᠢᠭᠡᠳ ᠪᠢ ᠭᠤᠤᠯ ᠳ᠋ᠤ ᠨᠢ ᠵᠤᠭᠰᠤᠭᠠᠳ ᠪᠡᠬᠡᠵᠢᠡᠭ ᠤᠨ ᠠᠯᠲᠠᠨ ᠠᠭᠤᠯᠠᠨ ᠲᠡᠭᠡᠷ᠎ᠡ ᠪᠡᠨ ᠡᠬᠢᠯᠡᠬᠦᠯᠥᠨ ᠳᠠᠭᠤᠯᠠᠬᠤ ᠳ᠋ᠤ ᠶᠡᠷᠤᠨᠭᠬᠡᠢ ᠰᠠᠶᠢᠳ ᠶᠠ ᠳᠠᠭᠠᠭᠠᠳ ᠳᠠᠭᠤᠯᠠᠵᠤ ᠪᠠᠶᠢᠨ᠎ᠠ᠂ ᠬᠤᠷᠢᠶᠠᠨ ᠲᠠᠷᠤᠭ᠎ᠠ ᠶᠠ ᠬᠠᠮᠲᠤ ᠳᠠᠭᠤᠯᠠᠵᠤ ᠪᠠᠶᠢᠨ᠎ᠠ᠂ ᠲᠠᠨᠭᠭᠢᠮ ᠲᠦᠬᠦᠷᠡᠡᠭ ᠬᠦᠮᠦᠰ ᠪᠦᠬᠦᠳᠡᠭᠡᠷ ᠵᠢᠡᠨ ᠡᠨᠡ ᠳᠠᠭᠤᠤ ᠶ᠋ᠢ ᠳᠠᠭᠤᠯᠠᠵᠤ ᠪᠠᠶᠢᠨ᠎ᠠ᠂ ᠪᠦᠵᠢᠭᠯᠡᠵᠤ ᠪᠠᠶᠢᠨ᠎ᠠ᠃ ᠲᠡᠭᠡᠭᠡᠳ ᠡᠨᠡ ᠤᠷᠤᠢ ᠶ᠋ᠢ ᠮᠠᠨ ᠤ ᠭᠤᠷᠪᠡᠨ ᠲᠤᠭᠤᠶᠢᠯᠠᠡᠭ ᠤᠨ ᠬᠢᠨ ᠨᠢᠬᠡ ᠨᠠᠰᠤᠨ ᠳ᠋ᠤ ᠮᠠᠷᠲᠠᠰᠢ ᠦᠭᠡᠢ ᠶᠤᠰᠤᠲᠠᠢ ᠶᠡᠭᠡ ᠲᠤᠷᠠᠳᠬᠠᠯ ᠲᠠᠢ ᠤᠷᠤᠢ ᠪᠤᠯᠭᠠᠨ ᠲᠡᠮᠲᠡᠭᠯᠡᠭᠰᠡᠨ ᠶᠤᠮ︾ᠬᠡᠵᠤ ᠪᠢᠳᠠᠨ ᠳ᠋ᠤ ᠶᠡᠭᠡ ᠪᠠᠶᠠᠷ ᠬᠦᠷ ᠲᠠᠢ ᠦᠬᠦᠯᠡᠵᠤ ᠪᠢᠯᠡ᠃
ᠤᠷᠠᠯᠢᠭ ᠰᠤᠶᠤᠯ ᠤᠨ ᠪᠠᠬᠠᠷᠬᠠᠯ ᠬᠡᠵᠤ ᠢᠨᠭᠭᠢᠵᠤ ᠯᠠ ᠤᠯᠤᠰ ᠳᠠᠶᠠᠭᠠᠷ ᠲᠤ ᠲᠡᠯᠡᠯᠲᠡ ᠬᠢᠵᠤ᠂ ᠤᠳᠤᠷᠢᠳᠬᠤ ᠬᠦᠮᠦᠰ ᠤᠨ ᠰᠡᠳᠬᠢᠯ ᠳ᠋ᠤ ᠬᠦᠷᠦᠭᠰᠡᠨ ᠠᠵᠢ᠃ ᠡᠶᠢᠮᠤ ᠶᠡᠭᠡ ᠠᠮᠵᠢᠯᠲᠠ ᠪᠦᠲᠦᠬᠡᠯ ᠭᠠᠷᠭᠠᠭᠠᠳ ᠢᠷᠡᠭᠰᠡᠨ ᠡᠳᠡᠬᠡᠷ ᠬᠦᠮᠦᠰ ᠤᠨ ᠲᠤᠭᠳᠤᠯᠤᠯ᠂ ᠪᠠᠶᠠᠷᠯᠠᠭᠰᠠᠨ ᠰᠡᠳᠬᠢᠯ ᠤᠨ ᠬᠠᠷᠢᠭᠤ ᠳ᠋ᠤ ᠪᠠᠰᠠ ᠨᠢᠬᠡᠨ ᠵᠢᠭᠠᠪᠤᠷᠢ ᠢᠷᠡᠯ᠎ᠡ᠃ ᠬᠤᠶᠠᠷ ᠡᠳᠦᠷ ᠤᠨ ᠬᠢᠨᠢ ᠲᠠᠷᠠᠭ᠎ᠠ ᠪᠤᠶᠤ 12 ᠰᠠᠷ᠎ᠠ ᠵᠢᠨ 21 ᠤ ᠡᠳᠦᠷ᠂ ᠵᠸᠤ ᠶᠡᠷᠤᠨᠭᠬᠡᠢ ᠰᠠᠶᠢᠳ ᠡᠴᠡ ᠭᠤᠷᠪᠡᠨ ᠲᠤᠭᠤᠶᠢᠯᠠᠡᠭ ᠤᠨ ᠪᠦᠬᠦ ᠬᠡᠰᠢᠬᠦᠳ ᠢ ᠵᠤᠡᠭ ᠨᠠᠢ ᠬᠠᠢ ᠳ᠋ᠡᠬᠢ ᠽᠢ ᠭᠤᠸᠡᠭ ᠳᠠᠭᠲᠤ ᠳ᠋ᠤ ᠤᠷᠢᠨ᠂ ᠬᠤᠭᠤᠯᠠᠨ ᠳ᠋ᠤ ᠵᠠᠯᠠᠵᠠᠢ᠃ ᠲᠡᠭᠡᠪᠡᠯ ᠡᠨᠡ ᠤᠷᠤᠢ ᠶᠡᠷᠦᠭᠬᠡᠢ ᠰᠠᠶᠢᠳ ᠲᠡᠳᠡᠨ ᠳ᠋ᠤ ᠶᠠᠭᠤ ᠬᠡᠵᠤ ᠶᠠᠷᠢᠭᠰᠠᠨ ᠪᠤᠯ︖ ᠵᠢᠨᠬᠤᠸᠠᠷ ᠤᠨ ᠰᠡᠳᠬᠢᠯ ᠳ᠋ᠤ ᠠᠯᠢ ᠦᠭᠡ ᠨᠢ ᠬᠠᠮᠤᠭ ᠡᠴᠡ ᠬᠦᠨ ᠰᠠᠭᠤᠭᠳᠠᠭᠰᠠᠨ ᠪᠤᠯ︖︽ᠪᠢ ᠪᠤᠯ ᠦᠤᠰᠢᠨ ᠬᠤᠰᠢᠭᠤᠨ ᠤ ᠤᠯᠠᠭᠠᠨᠮᠦ᠋ᠴᠢᠷ ᠤᠨ ᠡᠪ ᠡᠡᠭ ᠤᠨ ᠨᠢᠬᠡ ᠳᠠᠭᠤᠴᠢᠨ᠂ ᠨᠠᠮ ᠪᠠ ᠠᠷᠠᠳ ᠲᠦᠮᠡᠨ ᠡᠴᠡ ᠨᠠᠮ᠎ᠠ ᠳ᠋ᠤ ᠡᠶᠢᠮᠤ ᠶᠡᠭᠡ ᠤᠷᠮ᠎ᠠ ᠦᠭᠭᠦᠭᠰᠡᠨ ᠳ᠋ᠤ ᠪᠢ ᠲᠡᠷᠡ ᠤᠷᠤᠢ ᠪᠠᠰᠠ ᠯᠠ ᠨᠢᠯᠪᠤᠰᠤ ᠪᠠᠨ ᠬᠤᠷᠢᠵᠤ ᠴᠢᠳᠠᠭᠰᠠᠨ ᠦᠭᠡᠢ᠂ ᠡᠨᠡ ᠤᠷᠤᠢ ᠵᠸᠤ ᠶᠡᠷᠤᠨᠭᠬᠡᠢ ᠰᠠᠶᠢᠳ ᠪᠢᠳᠠᠨ ᠳ᠋ᠤ ᠶᠡᠭᠡ ᠤᠯᠠᠨ ᠵᠦᠢᠯ ᠢ ᠶᠠᠷᠢᠭᠰᠠᠨ᠂ ᠬᠡᠪᠡᠴᠤ ᠪᠢ ᠲᠡᠷᠡ ᠲᠤᠮᠳᠠ ᠡᠴᠡ ᠨᠢ︿ᠲᠠᠨᠠᠷ ᠮᠤᠨᠭᠭᠤᠯ ᠬᠡᠷ ᠲᠤ ᠲᠦᠷᠦᠵᠤ᠂ ᠮᠤᠷᠢᠨ ᠨᠢᠷᠤᠭᠤᠨ ᠲᠡᠭᠡᠷ᠎ᠡ ᠦᠰᠦᠭᠰᠡᠨ᠂ ᠲᠡᠶᠢᠮᠤ ᠡᠴᠡ ᠡᠷᠬᠢᠭᠡᠳ ᠲᠡᠷᠡ ᠤᠷᠤᠨ ᠳ᠋ᠠᠭᠠᠨ ᠪᠤᠴᠠᠬᠤ ᠬᠡᠷᠡᠭᠲᠡᠢ﹀ᠬᠡᠵᠤ ᠬᠡᠯᠡᠭᠰᠡᠨ ᠢ ᠨᠢ ᠤᠨᠴᠠᠭᠠᠶᠢᠯᠠᠨ ᠴᠡᠬᠡᠵᠢᠯᠡᠵᠤ ᠠᠪᠤᠭᠰᠠᠨ᠃ ᠢᠨᠭᠭᠢᠭᠡᠳ ᠪᠢ ᠲᠤᠭᠯᠠᠯᠲᠠ ᠵᠢᠨ ᠡᠬᠦᠷᠭᠡ ᠪᠡᠨ ᠬᠢᠯᠠᠯᠵᠠᠮ᠎ᠠ ᠪᠠᠶᠠᠯᠠᠬᠦᠯᠥᠬᠡᠳ ᠦᠤᠰᠢᠨ ᠬᠤᠰᠢᠭᠤᠨ ᠤ ᠤᠯᠠᠭᠠᠨᠮᠦ᠋ᠴᠢᠷ ᠲᠡᠭᠡᠨ ᠪᠤᠴᠠᠵᠤ ᠢᠷᠡᠭᠡᠳ ᠦᠷᠬᠦᠯᠵᠢᠯᠡᠨ ᠠᠵᠢᠯ ᠵᠢᠡᠨ ᠬᠢᠭᠰᠡᠨ︾ᠬᠡᠵᠤ ᠵᠢᠨᠭᠬᠤᠸᠠᠷ ᠶᠠᠷᠢᠯ᠎ᠠ᠃
ᠲᠡᠶᠢᠮᠤ ᠡ᠂ ᠦᠨᠳᠦᠰᠦᠨ ᠱᠠᠲᠤᠨ ᠳ᠋ᠤ ᠬᠦᠷᠦᠰᠦᠯᠡᠵᠤ᠂ ᠦᠨᠳᠦᠰᠦᠨ ᠱᠠᠲᠤᠨ ᠳ᠋ᠤ ᠦᠢᠯᠡᠴᠢᠯᠡᠬᠦ ᠨᠢ ᠤᠯᠠᠭᠠᠨᠮᠦ᠋ᠴᠢᠷᠴᠤᠳ ᠤᠨ ᠦᠶ᠎ᠡ ᠦᠶ᠎ᠡ ᠵᠢᠨ ᠵᠤᠷᠢᠭ ᠰᠠᠨᠠᠭ᠎ᠠ ᠪᠠᠶᠢᠵᠤ ᠲᠠᠭᠠᠷᠠᠨ᠎ᠠ᠃ ᠲᠡᠳᠡ ᠡᠪᠦᠯ ᠵᠤᠨ ᠤ ᠵᠢᠯ ᠤᠨ ᠲᠦᠷᠪᠡᠨ ᠤᠯᠠᠷᠢᠯ᠂ ᠡᠳᠦᠷ ᠰᠦᠨᠢ ᠵᠢᠨ ᠬᠤᠷᠢᠨ ᠲᠦᠷᠪᠡᠨ ᠴᠠᠭ ᠲᠤ ᠦᠷᠦᠬᠡᠯ ᠤᠨ ᠲᠦᠯᠥᠬᠡ ᠦᠪᠡᠷ ᠢ ᠵᠤᠷᠢᠭᠤᠯᠵᠤ ᠢᠷᠡᠭᠰᠡᠨ ᠪᠢᠯᠡ᠃ ᠦᠢ ᠤᠯᠠᠨ ᠬᠦᠨᠭᠬᠡᠨ ᠮᠤᠷᠢᠲᠤ ᠴᠡᠷᠢᠭ ᠤᠨ ᠬᠦᠴᠦᠨ ᠨᠢ ᠬᠦᠷᠦᠰᠦᠨ ᠳ᠋ᠤ ᠨᠠᠬᠢᠶᠠᠯᠠᠭᠰᠠᠨ ᠰᠤᠶᠤᠯ ᠤᠨ ᠴᠡᠴᠡᠭ ᠢ ᠪᠤᠶᠢᠵᠢᠭᠤᠯᠤᠭᠰᠠᠨ ᠶᠤᠮ᠃
ᠡᠨᠡ ᠪᠤᠯ ᠰᠤᠶᠤᠯ ᠪᠠ ᠬᠦᠭᠵᠢᠯ ᠤᠨ ᠠᠭᠤᠰᠤᠯᠴᠠᠯ ᠤᠨ ᠡᠴᠢᠨ᠎ᠠ ᠴᠢᠳᠠᠯ᠂ ᠡᠨᠡ ᠪᠤᠯ ᠰᠤᠳᠤᠨ ᠨᠤᠲᠤᠭ ᠤᠨ ᠤᠳᠤᠨ ᠬᠦᠪᠡᠬᠦᠳ ᠤᠨ ᠬᠠᠮᠲᠤ ᠵᠢᠨ ᠳᠠᠭᠤᠨ︕