ᠬᠦᠳᠡᠯᠮᠦᠷᠢ ᠡᠴᠡ ᠨᠠᠬᠢᠶᠠᠯᠠᠭᠰᠠᠨ ᠵᠢᠮᠢᠰ ᠪᠤᠶᠤ ᠬᠦᠯᠵᠢᠵᠤ ᠳᠡᠭᠵᠢᠷᠡᠬᠦ ᠤᠬᠠᠭᠠᠨ
2025-04-28 05:18:44
ᠢᠪᠷᠡᠶᠢᠴᠤᠳ ᠤᠨ ᠬᠠᠭᠤᠴᠢ ᠦᠬᠡᠨ ᠳ᠋ᠤ︽ᠤᠷᠴᠢᠯᠠᠡᠭ ᠤᠨ ᠡᠬᠢ ᠵᠠᠬ᠎ᠠ ᠦᠭᠡᠢ ᠤᠯᠠᠨ ᠮᠢᠨᠭᠭᠠᠨ ᠠᠭᠤᠯᠠ ᠲᠠᠯ᠎ᠠ ᠳ᠋ᠤ᠂ ᠤᠷᠤᠰᠢᠨ ᠲᠤᠭᠲᠠᠨᠢᠯ ᠵᠢᠡᠨ ᠤᠯᠤᠶ᠎ᠠ ᠬᠡᠪᠡᠯ᠂ ᠤᠶᠤᠨ ᠤᠬᠠᠭᠠᠨ ᠵᠢᠡᠨ ᠯᠠ ᠬᠤᠷᠴᠠᠯᠠᠬᠤ ᠬᠡᠷᠡᠭᠲᠡᠢ᠂ ᠰᠡᠵᠢᠬᠦᠷ ᠦᠭᠡᠢ ᠶᠡᠭᠡ ᠪᠤᠳᠤᠯ ᠤᠨ ᠢᠷᠤᠭᠠᠷ ᠲᠤ᠂ ᠰᠡᠳᠬᠢᠨ ᠪᠤᠳᠤᠯᠬᠢᠯᠠᠵᠤ ᠰᠢᠨ᠎ᠡ ᠶ᠋ᠢ ᠡᠬᠦᠳᠬᠦ ᠨᠢ ᠲᠡᠷᠢᠭᠦᠨ ᠶᠠᠪᠤᠳᠠᠯ ︾ᠬᠡᠮᠡᠨ ᠰᠡᠴᠡᠯᠡᠭᠰᠡᠨ ᠨᠢ ᠪᠤᠢ᠃
ᠲᠦᠷᠬᠡᠨ ᠬᠡᠮᠨᠡᠯ ᠲᠠᠢ ᠡᠨᠡ ᠨᠡᠶᠢᠬᠡᠮ ᠤᠨ ᠵᠠᠢ ᠳ᠋ᠤ ᠤᠯᠠᠨ ᠮᠢᠨᠭᠭᠠᠨ ᠵᠠᠯᠠᠭᠤᠰ ᠦᠪᠡᠷ ᠦᠪᠡᠷ ᠤᠨ ᠬᠦᠯ ᠲᠤᠭᠲᠠᠬᠤ ᠪᠠᠶᠢᠷᠢ ᠪᠡᠨ ᠤᠯᠬᠤ ᠬᠡᠵᠤ ᠶᠠᠨᠭᠵᠤ ᠪᠦᠷᠢ ᠵᠢᠨ ᠠᠵᠢᠯ ᠲᠦᠷᠦᠯ ᠳ᠋ᠤ ᠭᠠᠪᠱᠠᠭᠠᠶᠢᠯᠠᠵᠤ ᠪᠠᠶᠢᠭ᠎ᠠ ᠨᠢ ᠦᠨᠡᠨ ᠠᠪᠠᠴᠤ ᠬᠡᠰᠡᠭ ᠪᠦᠯᠥᠭ ᠨᠢ ᠲᠡᠷᠢᠬᠢ ᠤᠶᠤᠨ ᠵᠢᠡᠨ ᠬᠦᠳᠡᠯᠬᠡᠬᠦ ᠲᠤᠷ᠎ᠠ ᠦᠭᠡᠢ᠂ ᠵᠦᠪᠬᠡᠨ ᠪᠤᠰᠤᠳ ᠤᠨ ᠲᠤᠬᠢᠷᠠᠭᠤᠯᠤᠯᠲᠠ ᠪᠡᠷ᠂ ᠢᠳᠡᠵᠤ ᠡᠮᠦᠰᠬᠦ ᠳ᠋ᠡᠬᠡᠨ ᠵᠦᠪ ᠪᠠᠶᠢᠪᠠᠯ ᠠᠮᠢᠳᠤᠷᠠᠯ ᠦᠷᠬᠦᠯᠵᠢᠯᠡᠵᠤ ᠯᠠ ᠪᠠᠶᠢᠨ᠎ᠠ ᠬᠡᠮᠡᠨ ᠰᠡᠳᠬᠢᠳᠡᠭ ᠢ ᠪᠠᠰᠠ ᠶᠠᠭᠠᠬᠢᠯᠲᠠᠢ ᠪᠢᠯᠡ︖
ᠬᠠᠷᠢᠨ ᠦᠨᠦᠳᠦᠷ ᠤᠨ ᠪᠢᠳᠠᠨ ᠤ ᠠᠭᠤᠯᠵᠠᠭᠰᠠᠨ ᠡᠨᠡ ᠵᠠᠯᠠᠭᠤ ᠭᠠᠯ ᠬᠠᠯᠠᠭᠤᠨ ᠬᠤᠷᠢᠨ ᠬᠤᠶᠠᠷᠬᠠᠨ ᠨᠠᠰᠤᠲᠠᠢ ᠪᠤᠯᠪᠠᠴᠤ ᠦᠷᠬᠦᠯᠵᠢ ᠰᠢᠨ᠎ᠡ ᠶ᠋ᠢ ᠰᠡᠳᠬᠢᠨ ᠪᠤᠳᠤᠯᠬᠢᠯᠠᠵᠤ᠂ ᠠᠵᠠ ᠲᠤᠬᠢᠶᠠᠯ ᠢ ᠡᠷᠢᠯᠬᠢᠯᠡᠨ ᠤᠷᠤᠭᠰᠢᠯᠠᠬᠤ ᠪᠡᠷ ᠪᠠᠷᠠᠬᠤ ᠦᠭᠡᠢ ᠠᠯᠵᠠᠭᠤ ᠬᠤᠶᠢᠷᠭᠤ ᠶ᠋ᠢ ᠠᠷᠤ ᠳ᠋ᠠᠭᠠᠨ ᠲᠡᠪᠴᠢᠵᠤ᠂ ᠬᠦᠳᠡᠯᠮᠦᠷᠢᠴᠢ ᠬᠤᠶᠠᠷ ᠭᠠᠷ ᠵᠢᠡᠷ ᠵᠢᠡᠨ ᠬᠦᠯᠵᠢᠵᠤ ᠪᠠᠶᠠᠵᠢᠭᠰᠠᠨ ᠦᠯᠢᠭᠡᠷ ᠢ ᠪᠢᠴᠢᠭᠯᠡᠭᠰᠡᠨ ᠨᠢ ᠮᠠᠭᠲᠠᠭᠤᠰᠢᠲᠠᠢ᠃
ᠶᠠᠷᠤ ᠨᠢ ᠵᠠᠯᠠᠭᠤᠰ ᠤᠨ ᠬᠡᠪ ᠪᠤᠯᠪᠠᠰᠤᠷᠠᠯ᠂ ᠰᠢᠨ᠎ᠡ ᠰᠠᠨᠠᠭ᠎ᠠ ᠰᠡᠳᠬᠢᠴᠡ᠂ ᠤᠶᠢᠭ᠎ᠠ ᠦᠭᠡᠢ ᠬᠦᠳᠡᠯᠮᠦᠷᠢ ᠯᠠ ᠮᠠᠨ ᠤ ᠡᠷᠢᠨ ᠦᠶ᠎ᠡ ᠶ᠋ᠢ ᠤᠷᠤᠭᠰᠢ ᠠᠬᠢᠭᠤᠯᠤᠭᠰᠠᠭᠠᠷ ᠪᠠᠶᠢᠭ᠎ᠠ ᠪᠤᠰᠤ ᠤᠤ︖ ᠡᠨᠡ ᠵᠠᠯᠠᠭᠤ ᠶ᠋ᠢ ᠲᠤᠳᠤᠬᠠᠨ ᠬᠡᠳᠡᠭ᠂ ᠦᠤᠰᠢᠨ ᠬᠤᠰᠢᠭᠤᠨ ᠤ ᠲᠤᠭ ᠪᠠᠯᠭᠠᠰᠤᠨ ᠤ ᠲᠤᠭᠤᠯᠳᠠᠢ ᠭᠠᠴᠠᠭᠠᠨ ᠤ ᠤᠤᠭᠠᠯ᠂ 1996 ᠤᠨ ᠳ᠋ᠤ ᠨᠠᠷᠠ ᠰᠠᠷᠠᠨ ᠤ ᠪᠠᠷ᠎ᠠ ᠬᠠᠷᠠᠵᠤ᠂ 2015 ᠤᠨ ᠳ᠋ᠤ ᠦᠪᠦᠷ ᠮᠤᠨᠭᠭᠤᠯ ᠤᠨ ᠡᠳ᠋ ᠵᠢᠨ ᠵᠠᠰᠠᠭ ᠠᠵᠤ ᠠᠬᠤᠢ ᠵᠢᠨ ᠶᠡᠭᠡ ᠰᠤᠷᠭᠠᠭᠤᠯᠢ ᠳ᠋ᠤ ᠡᠯᠰᠡᠭᠳᠡᠨ᠂ ᠮᠦᠨᠭᠭᠦᠨ ᠬᠦᠢᠯᠬᠡ ᠬᠡᠬᠦ ᠮᠡᠷᠬᠡᠵᠢᠯ ᠳ᠋ᠤ ᠦᠪᠡᠷ ᠢ ᠪᠡᠨ ᠰᠤᠷᠢᠵᠤ ᠦᠵᠡᠵᠡᠢ᠃
ᠬᠠᠷᠢᠨ ᠰᠤᠷᠭᠠᠭᠤᠯᠢ ᠳ᠋ᠤ ᠪᠠᠶᠢᠬᠤ ᠬᠤᠭᠤᠴᠠᠭᠠᠨ ᠳ᠋ᠤ ᠪᠡᠨ ᠪᠤᠶᠤ 2017 ᠤᠨ ᠳ᠋ᠤ ᠡᠾᠸᠨᠡᠨ ᠮᠤᠵᠢ ᠵᠢᠨ ᠰᠢᠥ᠋ ᠴᠠᠡᠭ ᠬᠤᠲᠠ ᠵᠢᠨ ᠴᠠᠡᠭ ᠺᠸ ᠰᠢᠶᠠᠨ ᠳ᠋ᠤ ᠪᠠᠶᠢᠷᠢᠯᠠᠭ᠎ᠠ ᠲᠤᠮᠳᠠᠳᠤ ᠤᠯᠤᠰ ᠤᠨ ᠠᠭᠠᠷ ᠤᠨ ᠴᠡᠷᠢᠭ ᠤᠨ ᠰᠠᠯᠪᠤᠷᠢ ᠬᠤᠸᠠᠷᠠᠨ ᠳ᠋ᠤ ᠴᠡᠷᠢᠭ ᠤᠨ ᠠᠯᠪᠠ ᠬᠠᠭᠠᠭᠰᠠᠨ ᠪᠠᠶᠢᠨ᠎ᠠ᠃ ᠢᠨᠭᠭᠢᠭᠰᠡᠨ ᠡᠴᠡ ᠲᠡᠭᠦᠨ ᠤ ᠶᠡᠭᠡ ᠰᠤᠷᠭᠠᠭᠤᠯᠢ ᠲᠡᠭᠦᠰᠬᠦ ᠬᠤᠭᠤᠴᠠᠭ᠎ᠠ ᠨᠢ 2021 ᠬᠦᠷᠲᠡᠯ᠎ᠡ ᠬᠤᠶᠢᠰᠢᠯᠠᠭᠳᠠᠭᠰᠠᠨ ᠤᠴᠢᠷᠲᠠᠢ᠃ ᠤᠳᠤ ᠯᠠ ᠨᠡᠶᠢᠬᠡᠮ ᠤᠨ ᠡᠯ᠎ᠡ ᠶᠡᠭᠡ ᠬᠠᠲᠠᠭᠤ ᠲᠠᠪᠠᠭ᠎ᠠ ᠠᠷᠤ ᠠᠷᠤ ᠡᠴᠡ ᠨᠢ ᠴᠤᠪᠤᠷᠠᠬᠤ ᠨᠢ ᠮᠡᠳᠡᠬᠡᠵᠢ᠃ ︽ᠶᠡᠭᠡ ᠰᠤᠷᠭᠠᠭᠤᠯᠢ ᠪᠡᠨ ᠲᠡᠭᠦᠰᠦᠭᠡᠳ ᠶᠠᠭᠤ ᠬᠢᠬᠦ ᠲᠠᠯ᠎ᠠ ᠪᠡᠷ ᠪᠠᠰᠠ ᠨᠡᠯᠢᠶᠡᠳ ᠪᠤᠳᠤᠯᠬᠢᠯᠠᠭᠰᠠᠨ᠂ ᠢᠨᠭᠭᠢᠭᠡᠳ ᠰᠤᠷᠤᠭᠰᠠᠨ ᠲᠤᠰᠬᠠᠢ ᠮᠡᠷᠬᠡᠵᠢᠯ ᠵᠢᠡᠷ ᠵᠢᠡᠨ ᠨᠡᠶᠢᠬᠡᠮ ᠤᠨ ᠤᠷᠤᠨ ᠵᠠᠢ ᠳ᠋ᠤ ᠬᠦᠯ ᠲᠤᠭᠲᠠᠬᠤ ᠶᠤᠮ ᠪᠠ ᠬᠡᠳ ᠡᠵᠡᠨ ᠬᠤᠷᠤᠭ᠎ᠠ ᠬᠤᠰᠢᠭᠤᠨ ᠤ ᠨᠢᠬᠡ ᠪᠤᠶᠢᠳᠠ ᠪᠠᠯᠭᠠᠰᠤᠨ ᠳ᠋ᠤ ᠪᠠᠨᠭᠭᠢ ᠵᠢᠨ ᠠᠵᠢᠯᠲᠠᠨ ᠵᠢᠡᠷ ᠲᠠᠳᠤᠯᠭ᠎ᠠ ᠬᠢᠵᠤ ᠡᠬᠢᠯᠡᠭᠰᠡᠨ ᠤᠬᠠᠭᠠᠨ ᠲᠠᠢ᠂ ᠲᠠᠳᠤᠯᠭ᠎ᠠ ᠵᠢᠨ ᠬᠤᠭᠤᠴᠠᠭ᠎ᠠ ᠳᠠᠭᠤᠰᠴᠤ ᠲᠡᠨᠳᠡ ᠪᠡᠨ ᠲᠦᠷ ᠴᠠᠭ ᠤᠨ ᠠᠵᠢᠯᠲᠠᠨ ᠵᠢᠡᠷ ᠡᠯᠰᠡᠭᠳᠡᠭᠰᠡᠨ ᠪᠤᠯᠪᠠᠴᠤ ᠨᠢᠬᠡ ᠳ᠋ᠤ ᠲᠤᠬᠠᠢ ᠵᠢᠨ ᠭᠠᠵᠠᠷ ᠤᠷᠤᠨ ᠨᠡᠬᠡᠷᠡᠨ ᠪᠤᠶᠢᠳᠠ ᠪᠦᠭᠯᠡᠬᠦᠦ᠂ ᠬᠤᠶᠠᠷ ᠲᠤ ᠴᠠᠯᠢᠡᠭ ᠬᠦᠯᠥᠰᠦ ᠬᠡᠵᠤ ᠮᠠᠰᠢ ᠲᠤᠤᠷ᠎ᠠ᠂ ᠠᠮᠢᠳᠤᠷᠠᠯ ᠵᠢᠡᠨ ᠴᠤ ᠠᠷᠭᠠᠴᠠᠬᠤ ᠳ᠋ᠤ ᠬᠦᠴᠢᠷᠲᠠᠢ ᠪᠠᠶᠢᠭᠰᠠᠨ᠂ ᠡᠨᠡ ᠬᠤᠶᠠᠷ ᠰᠢᠭᠤᠳ ᠰᠢᠯᠲᠠᠭᠠᠨ ᠡᠴᠡ ᠭᠠᠳᠠᠨ᠎ᠠ ᠪᠠᠰᠠ ᠨᠢᠬᠡ ᠰᠢᠯᠲᠠᠭᠠᠨ ᠨᠢ ᠮᠢᠨᠤ ᠪᠤᠳᠤᠯ ᠤᠨ ᠤᠷᠤᠨ ᠵᠠᠢ ᠳ᠋ᠤ ᠵᠠᠪᠠᠯ ᠰᠢᠨ᠎ᠡ ᠶᠠᠭᠤᠮ᠎ᠠ ᠶ᠋ᠢ ᠰᠡᠳᠬᠢᠵᠤ᠂ ᠴᠠᠭ ᠢᠮᠠᠭᠲᠠ ᠦᠪᠡᠷ ᠢ ᠪᠡᠨ ᠲᠡᠬᠦᠯᠳᠡᠷᠵᠢᠬᠦᠯᠵᠤ ᠶᠠᠪᠤᠬᠤ ᠬᠡᠷᠡᠭᠲᠡᠢ ᠰᠠᠨᠠᠭᠳᠠᠭᠰᠠᠨ᠃ ᠢᠨᠭᠭᠢᠭᠡᠳ ᠪᠢ ᠲᠡᠨᠳᠡ ᠬᠠᠭᠠᠰᠬᠠᠨ ᠵᠢᠯ ᠯᠠ ᠠᠵᠢᠯᠯᠠᠭᠠᠳ᠂ ᠲᠠᠷᠠᠭ᠎ᠠ ᠨᠢ ᠤᠷᠬᠢᠭᠠᠳ ᠭᠠᠷᠤᠭᠰᠠᠨ᠂ ᠤᠳᠤ ᠪᠤᠳᠤᠬᠤ ᠳ᠋ᠤ ᠮᠢᠨᠤ ᠲᠡᠷᠡ ᠰᠤᠨᠭᠭᠤᠯᠲᠠ ᠶᠡᠭᠡ ᠵᠦᠪ ᠪᠠᠶᠢᠭᠰᠠᠨ︾ᠭᠡᠵᠤ ᠲᠤᠳᠤᠬᠠᠨ ᠪᠢᠳᠠᠨ ᠳ᠋ᠤ ᠦᠬᠦᠯᠡᠭᠰᠡᠨ ᠶᠤᠮ᠃
ᠬᠡᠪᠡᠴᠤ ᠠᠯᠠᠭ ᠲᠠᠢ ᠲᠠᠷᠯᠠᠨ ᠲᠠᠢ ᠠᠮᠢᠳᠤᠷᠠᠯ ᠤᠨ ᠵᠠᠮ ᠲᠡᠭᠰᠢ ᠲᠠᠷᠳᠠᠡᠭ ᠪᠠᠶᠢᠬᠤ ᠶᠤᠰᠤ ᠦᠭᠡᠢ᠂ ᠤᠨᠠᠭᠰᠠᠨ ᠭᠠᠵᠠᠷ ᠡᠴᠡ ᠪᠡᠨ ᠰᠢᠷᠤᠢ ᠠᠳᠬᠤᠨ ᠪᠤᠰᠬᠤ᠂ ᠮᠦᠷᠬᠦᠭᠰᠡᠨ ᠬᠡᠷᠡᠮ ᠪᠤᠯᠭᠠᠨ ᠤ ᠬᠡᠷᠡᠯ ᠰᠡᠬᠦᠳᠡᠷ ᠢ ᠲᠤᠳᠤ ᠤᠯᠵᠤ ᠬᠠᠷᠠᠬᠤ ᠁ ᠵᠡᠷᠭᠡ ᠵᠦᠢᠷᠯᠡᠭᠡᠳ ᠪᠠᠷᠠᠰᠢ ᠦᠭᠡᠢ ᠦᠢᠯᠡᠳᠦᠯᠬᠡ ᠲᠤᠷᠰᠢᠯᠭ᠎ᠠ ᠵᠢᠨ ᠲᠤᠮᠳᠠ ᠡᠴᠡ ᠬᠦᠮᠦᠨ ᠦᠪᠡᠷ ᠤᠨ ᠵᠢᠡᠨ ᠬᠡᠬᠦ ᠲᠡᠷᠡ ᠬᠠᠷᠠᠨᠭᠭᠤᠢ ᠵᠢᠨ ᠲᠤᠮᠳᠠᠬᠢ ᠦᠴᠦᠬᠡᠨ ᠵᠤᠷᠪᠤᠰ ᠬᠡᠬᠡ ᠪᠡᠨ ᠤᠯᠵᠤ ᠠᠪᠳᠠᠭ ᠤᠴᠢᠷᠲᠠᠢ᠃ ᠲᠤᠳᠤᠬᠠᠨ ᠤ ᠵᠠᠯᠠᠭᠤ ᠨᠠᠰᠤ ᠡᠨᠡ ᠲᠤᠮᠳᠠᠭᠤᠷ ᠤᠷᠤᠭᠰᠢᠯᠠᠵᠤ ᠪᠠᠶᠢᠪᠠ᠂ ᠬᠠᠷᠢᠨ ᠦᠬᠡᠷ᠎ᠡ ᠪᠤᠰᠤᠳ ᠬᠠᠮᠲᠤ ᠰᠤᠷᠤᠭᠴᠢᠳ ᠤᠨ ᠤᠯᠠᠨᠭᠭᠢ ᠨᠢ ᠪᠡᠶ᠎ᠡ ᠠᠮᠤᠷ᠂ ᠬᠡᠲᠡᠰᠦ ᠴᠠᠳᠬᠤᠯᠠᠡᠭ ᠠᠯᠪᠠᠲᠠᠨ ᠤ ᠠᠵᠢᠯ ᠳ᠋ᠤ ᠤᠷᠤᠬᠤ ᠪᠡᠷ ᠰᠢᠯᠭᠠᠯᠲᠠ ᠡᠨᠡ ᠲᠡᠷᠡ ᠳ᠋ᠤ ᠶᠠᠭᠠᠷᠠᠵᠤ ᠪᠠᠶᠢᠯ᠎ᠠ᠃
ᠬᠦᠭᠡᠬᠤᠲᠠ ᠬᠡᠬᠦ ᠲᠤᠮᠤᠬᠠᠨ ᠬᠤᠲᠠ ᠵᠢᠨ ᠭᠤᠳᠤᠮᠵᠢ ᠪᠡᠷ ᠲᠠᠨᠤᠭ ᠦᠭᠡᠢ ᠠᠷᠪᠢᠨ ᠢ ᠪᠤᠳᠤᠯᠬᠢᠯᠠᠵᠤ ᠶᠠᠪᠤᠭᠰᠠᠨ ᠲᠤᠳᠤᠬᠠᠨ ᠵᠠᠯᠠᠭᠤ ᠤᠳᠤᠬᠢ ᠬᠦᠮᠦᠰ ᠤᠨ ᠢᠳᠡᠵᠤ ᠤᠤᠭᠤᠬᠤ ᠲᠠᠯ᠎ᠠ ᠪᠡᠷ ᠭᠠᠵᠠᠷ ᠭᠠᠵᠠᠷ ᠤᠨ ᠵᠦᠷᠢᠶ᠎ᠡ ᠶ᠋ᠢ ᠭᠠᠶᠢᠬᠠᠯᠲᠠᠢ ᠰᠠᠶᠢᠬᠠᠨ ᠠᠵᠢᠭᠯᠠᠵᠤ ᠠᠮᠵᠢᠭᠰᠠᠨ ᠨᠢ ᠲᠡᠭᠦᠨ ᠢ ᠬᠤᠵᠢᠮ ᠤᠨ ᠡᠨᠡᠬᠦ ᠦᠢᠯᠡᠰ ᠤᠨ ᠬᠠᠷᠭᠤᠢ ᠳ᠋ᠤ ᠲᠦᠯᠬᠢᠨ ᠤᠷᠤᠭᠤᠯᠤᠭᠰᠠᠨ ᠠᠨᠭᠬᠠᠨ ᠤ ᠬᠦᠴᠦᠨ ᠪᠤᠯᠵᠠᠢ᠃ ᠶᠠᠭᠠᠬᠢᠬᠤᠯᠠᠷ ᠤᠷᠳᠤᠰᠴᠤᠳ ᠤᠨ ᠭᠤᠯᠢᠷ ᠬᠤᠭᠤᠯᠠ ᠬᠢᠬᠦ ᠠᠷᠭ᠎ᠠ ᠬᠡᠯᠪᠡᠷᠢ ᠪᠠ ᠠᠮᠲᠠ ᠰᠢᠮᠲᠡ ᠵᠢᠨ ᠲᠠᠯ᠎ᠠ ᠪᠡᠷ ᠰᠢᠯᠢ ᠵᠢᠨ ᠭᠤᠤᠯ ᠤᠨ ᠬᠢ ᠲᠠᠢ ᠠᠳᠠᠯᠢ ᠦᠭᠡᠢ ᠪᠤᠢ︖
ᠤᠷᠳᠤᠰᠴᠤᠳ ᠶᠠᠭᠠᠬᠢᠭᠠᠳ ᠭᠤᠯᠢᠷ ᠬᠤᠭᠤᠯᠠᠨ ᠤ ᠬᠤᠯᠢᠶ᠎ᠠ ᠶ᠋ᠢ ᠭᠤᠤᠯᠳᠠᠭᠤ ᠪᠤᠭ ᠮᠠᠯ ᠤᠨ ᠮᠢᠬ᠎ᠠ ᠪᠡᠷ ᠬᠢᠵᠤ᠂ ᠵᠡᠬᠦᠨ ᠲᠡᠶᠢᠰᠢ ᠪᠡᠨ ᠪᠤᠯ ᠦᠬᠡᠷ ᠤᠨ ᠮᠢᠬ᠎ᠠ ᠲᠠᠢ ᠭᠤᠯᠢᠷ ᠬᠤᠭᠤᠯᠠ ᠨᠢ ᠤᠯᠠᠨ ᠤ ᠲᠠᠭᠠᠰᠢᠶᠠᠯ ᠳ᠋ᠤ ᠨᠡᠡᠭ ᠢᠯᠡᠬᠦᠦ ᠬᠦᠷᠴᠤ ᠴᠢᠳᠠᠳᠠᠭ ᠪᠤᠢ︖ ᠢᠳᠡᠭᠡᠨ ᠤ ᠲᠦᠬᠡᠮᠡᠯᠵᠡᠯ᠂ ᠤᠯᠠᠮᠵᠢᠯᠠᠯ᠂ ᠰᠢᠨᠡᠴᠢᠯᠡᠯ᠂ ᠠᠭᠤᠰᠤᠯᠴᠠᠯ ᠢ ᠬᠦᠮᠦᠰ ᠬᠦᠯᠢᠶᠡᠨ ᠠᠪᠬᠤ ᠳ᠋ᠤ ᠬᠡᠳᠦᠢ ᠴᠠᠭ ᠬᠤᠭᠤᠴᠠᠭ᠎ᠠ ᠤᠷᠤᠬᠤ ᠪᠤᠢ︖ ᠭᠠᠵᠠᠷ ᠤᠷᠤᠨ ᠤ ᠤᠨᠴᠠᠯᠢᠭᠲᠤ ᠢᠳᠡᠭᠡᠨ ᠤᠮᠳᠠᠭᠠᠨ ᠬᠡᠷᠡᠭᠯᠡᠭᠴᠢᠳ ᠤᠨ ᠲᠠᠭᠠᠰᠢᠶᠠᠯ ᠳ᠋ᠤ ᠬᠢᠷᠢ ᠬᠦᠷᠴᠤ ᠪᠠᠶᠢᠭ᠎ᠠ ᠪᠤᠢ︖ ᠪᠢ ᠦᠪᠡᠷ ᠵᠢᠡᠨ ᠤᠷᠳᠤᠰ ᠬᠦᠮᠦᠨ ᠪᠠᠶᠢᠭᠠᠳ ᠦᠪᠦᠷ ᠮᠤᠨᠭᠭᠤᠯ ᠤᠷᠤᠨ ᠤ ᠪᠤᠰᠤᠳ ᠠᠶᠢᠮᠠᠭ ᠬᠤᠲᠠ ᠵᠢᠨ ᠤᠨᠴᠠᠯᠢᠭᠲᠤ ᠢᠳᠡᠭᠡᠨ ᠤᠮᠳᠠᠭᠠᠨ ᠡᠴᠡ ᠠᠯᠢᠨ ᠳ᠋ᠤ ᠨᠢ ᠢᠯᠡᠬᠦᠦ ᠲᠤᠷᠠᠲᠠᠢ ᠪᠤᠢ︖ ᠡᠳᠡᠬᠡᠷ ᠤᠯᠠᠨ ᠠᠰᠠᠭᠤᠯᠲᠠ ᠵᠢᠨ ᠬᠠᠷᠢᠭᠤ ᠶ᠋ᠢ ᠲᠡᠷᠡ ᠴᠢᠷᠮᠠᠶᠢᠯᠠᠭ᠎ᠠ ᠰᠤᠷᠤᠯᠴᠠᠯᠭ᠎ᠠ ᠪᠡᠷ ᠵᠢᠡᠨ ᠤᠯᠵᠤ ᠠᠪᠤᠯ᠎ᠠ᠃
︽ᠰᠢᠯᠢ ᠵᠢᠨ ᠭᠤᠤᠯ ᠠᠶᠢᠮᠠᠭ ᠤᠨ ᠰᠦᠨᠢᠳ ᠨᠤᠲᠤᠭ ᠤᠨ ᠦᠬᠡᠷ ᠤᠨ ᠮᠢᠬ᠎ᠠ ᠲᠠᠢ ᠭᠤᠯᠢᠷ ᠬᠤᠭᠤᠯᠠ ᠶ᠋ᠢ ᠪᠢ ᠶᠡᠭᠡ ᠠᠮᠲᠠᠷᠬᠠᠬᠤ ᠪᠡᠷ ᠪᠠᠷᠠᠬᠤ ᠦᠭᠡᠢ ᠮᠠᠨ ᠤ ᠨᠠᠶᠢᠵᠠᠳ ᠴᠤ ᠮᠠᠰᠢ ᠶᠡᠭᠡ ᠢᠳᠡᠬᠦ ᠲᠤᠷᠠᠲᠠᠢ᠂ ᠶᠡᠭᠡ ᠰᠤᠷᠭᠠᠭᠤᠯᠢ ᠳ᠋ᠤ ᠪᠠᠶᠢᠬᠤ ᠬᠤᠭᠤᠴᠠᠭᠠᠨ ᠳ᠋ᠤ ᠪᠢᠳᠠ ᠦᠷᠬᠦᠯᠵᠢ ᠢᠷᠡᠵᠤ ᠢᠳᠡᠳᠡᠭ᠂ ᠲᠡᠶᠢᠮᠤ ᠪᠤᠯᠬᠤᠷ ᠡᠨᠡ ᠭᠤᠯᠢᠷ ᠬᠤᠭᠤᠯᠠ ᠨᠢ ᠦᠭᠡᠷ᠎ᠡ ᠭᠠᠵᠠᠷ ᠤᠷᠤᠨ ᠤ ᠬᠦᠮᠦᠰ ᠤᠨ ᠢᠳᠡᠭᠡᠨ ᠤ ᠲᠤᠷᠠᠰᠢᠯ ᠳ᠋ᠤ ᠶᠡᠭᠡ ᠨᠡᠶᠢᠴᠡᠵᠤ ᠪᠠᠶᠢᠨ᠎ᠠ ᠬᠡᠰᠡᠨ ᠦᠭᠡ᠂ ᠪᠠᠰᠠ ᠨᠢᠬᠡ ᠶᠠᠪᠤᠳᠠᠯ ᠨᠢ ᠡᠶᠢᠮᠤ ᠰᠠᠶᠢᠬᠠᠨ ᠢᠳᠡᠭᠡᠨ ᠢ ᠶᠠᠭᠠᠬᠢᠭᠠᠳ ᠤᠷᠳᠤᠰ ᠨᠤᠲᠤᠭ ᠲᠤ ᠲᠦᠬᠡᠮᠡᠯᠵᠢᠬᠦᠯᠬᠦ ᠬᠦᠮᠦᠨ ᠪᠠᠶᠢᠬᠤ ᠦᠭᠡᠢ ᠪᠤᠢ︖ ᠪᠢ ᠰᠠᠷ᠎ᠠ ᠢᠯᠡᠬᠦᠦ ᠵᠢᠨ ᠬᠤᠭᠤᠴᠠᠭ᠎ᠠ ᠵᠠᠷᠤᠴᠠᠭᠤᠯᠤᠨ ᠤᠷᠳᠤᠰ ᠤᠨ ᠬᠡᠳᠦᠨ ᠬᠤᠰᠢᠭᠤ ᠲᠤᠭᠤᠷᠢᠭ ᠵᠢᠡᠷ ᠪᠦᠷ ᠶᠠᠪᠤᠵᠤ ᠪᠠᠶᠢᠴᠠᠭᠠᠯᠲᠠ ᠬᠢᠭᠰᠡᠨ᠂ ᠠᠳᠠᠯᠢᠪᠲᠤᠷ ᠬᠢᠵᠤ ᠪᠠᠶᠢᠭ᠎ᠠ ᠨᠢ ᠬᠡᠳᠦ ᠤᠯᠳᠠᠭᠰᠠᠨ ᠴᠤ ᠠᠮᠲᠠ ᠰᠢᠮᠲᠡ ᠵᠢᠨ ᠲᠠᠯ᠎ᠠ ᠪᠡᠷ ᠬᠦᠷᠦᠯᠴᠡᠬᠦ ᠦᠭᠡᠢ᠃ ᠶᠠᠭ ᠡᠶᠢᠮᠤ ᠡᠴᠡ ᠪᠢ ᠬᠦᠭᠡᠬᠤᠳᠠ ᠳ᠋ᠤ︿ᠺᠠᠢ ᠰᠠ ᠦᠬᠡᠷ ᠤᠨ ᠮᠢᠬᠠᠲᠠᠢ ᠭᠤᠯᠢᠷ ᠬᠤᠭᠤᠯᠠ﹀ᠵᠢᠨ ᠭᠠᠵᠠᠷ ᠲᠤ ᠵᠢᠯ ᠢᠯᠡᠬᠦᠦ ᠠᠵᠢᠯᠯᠠᠵᠤ ᠰᠤᠷᠤᠯᠴᠠᠨ᠂ ᠡᠨᠡ ᠮᠡᠷᠬᠡᠵᠢᠯ ᠢ ᠤᠷᠳᠤᠰ ᠲᠤ ᠠᠨᠭᠬ᠎ᠠ ᠳᠡᠯᠬᠡᠷᠡᠬᠦᠯᠬᠦ ᠪᠡᠷ 2023 ᠤᠨ ᠳ᠋ᠤ ᠦᠤᠰᠢᠨ ᠬᠤᠰᠢᠭᠤᠨ ᠤ ᠲᠦᠪ ᠭᠠᠯᠠᠭᠤᠲᠤ ᠪᠠᠯᠭᠠᠰᠤᠨ ᠳ᠋ᠤ ︿ᠺᠠᠢ ᠰᠠ ᠦᠬᠡᠷ ᠤᠨ ᠮᠢᠬᠠᠲᠠᠢ ᠭᠤᠯᠢᠷ ᠬᠤᠭᠤᠯᠠ﹀ᠵᠢᠨ ᠬᠠᠮᠤᠭ ᠠᠨᠭᠬᠠᠨ ᠤ ᠬᠤᠪᠢᠶᠠᠷᠢ ᠳᠡᠯᠬᠡᠬᠦᠷ ᠢ ᠡᠬᠢᠯᠡᠬᠦᠯᠥᠨ ᠠᠵᠢᠯᠯᠠᠭᠤᠯᠤᠭᠰᠠᠨ ᠤᠬᠠᠭᠠᠨ ᠲᠠᠢ︾ᠬᠡᠵᠤ ᠲᠤᠳᠤᠬᠠᠨ ᠶᠠᠷᠢᠯ᠎ᠠ᠃
ᠮᠡᠳᠡᠬᠡᠵᠢ ᠨᠢᠬᠡᠨ ᠦᠢᠯᠡᠰ ᠢ ᠡᠷᠬᠢᠯᠡᠨ ᠬᠢᠭᠰᠡᠨ ᠪᠤᠯ ᠴᠦᠬᠦᠷᠡᠰᠢ ᠦᠭᠡᠢ ᠪᠡᠷ ᠴᠠᠭ ᠦᠶ᠎ᠡ ᠲᠠᠢ ᠵᠡᠷᠭᠡᠴᠡᠨ ᠤᠷᠤᠭᠰᠢᠯᠠᠬᠤ ᠬᠡᠷᠡᠭᠲᠡᠢ ᠮᠦᠷᠲᠡᠭᠡᠨ ᠠᠵᠠ ᠲᠤᠬᠢᠶᠠᠯ ᠢ ᠲᠠᠰᠤᠷᠠᠰᠢ ᠦᠭᠡᠢ ᠬᠠᠶᠢᠬᠤ ᠬᠡᠷᠡᠭᠲᠡᠢ᠃ ᠲᠤᠳᠤᠬᠠᠨ ᠡᠬᠦᠨ ᠢ ᠤᠶᠢᠯᠠᠭᠠᠭᠰᠠᠨ ᠮᠦᠷᠲᠡᠭᠡᠨ ᠬᠡᠷᠡᠭᠯᠡᠭᠴᠢᠳ ᠤᠨ ᠰᠡᠳᠬᠢᠴᠡ ᠶ᠋ᠢ ᠨᠡᠯᠢᠶᠡᠳ ᠰᠤᠳᠤᠯᠤᠭᠰᠠᠨ ᠪᠠᠶᠢᠯ᠎ᠠ᠃ ᠲᠡᠷᠡ ᠲᠤᠬᠢᠲᠠᠢ ᠪᠠᠶᠢᠷᠢ ᠪᠡᠨ ᠤᠯᠵᠤ᠂ ᠬᠡᠷ ᠦᠷᠦᠭᠡ ᠪᠡᠨ ᠤᠨᠴᠠᠭᠠᠢ ᠲᠤᠬᠢᠯᠢᠭ ᠵᠠᠰᠠᠵᠤ ᠴᠢᠮᠡᠨ ᠡᠵᠡᠭᠨᠨᠡᠯᠲᠡ ᠵᠢᠨ ᠬᠡᠪ ᠲᠡᠭᠡᠨ ᠤᠷᠤᠭᠰᠠᠨ ᠤ ᠲᠠᠷᠠᠭ᠎ᠠ ᠲᠢᠺ ᠲᠤᠺ ᠶ᠋ᠢ ᠤᠬᠠᠭᠠᠯᠢᠭ ᠠᠰᠢᠭᠯᠠᠵᠤ ᠴᠢᠳᠠᠵᠠᠢ᠃︽ᠲᠡᠭᠡᠳᠦ ᠤᠷᠤᠭᠤᠯ ᠳ᠋ᠠᠭᠠᠨ ᠲᠤᠯᠭᠠᠮᠠᠷ ᠦᠭᠡᠢ᠂ ᠲᠡᠷᠭᠡᠳᠡᠬᠢ ᠬᠦᠮᠦᠨ ᠳ᠋ᠡᠬᠡᠨ ᠢᠳᠡᠬᠦᠯᠥᠮᠡᠷ ᠦᠭᠡᠢ︾ᠦᠬᠡᠷ ᠤᠨ ᠬᠠᠪᠢᠷᠭ᠎ᠠ ᠵᠢᠨ ᠱᠦᠯᠥ ᠪᠡᠷ ᠬᠢᠭᠰᠡᠨ ᠡᠶᠢᠮᠤ ᠰᠠᠶᠢᠬᠠᠨ ᠭᠤᠯᠢᠷ ᠬᠤᠭᠤᠯᠠ ᠶ᠋ᠢ ᠬᠡᠨ ᠦᠵᠡᠪᠡᠴᠤ ᠲᠤᠷᠠᠯᠠᠬᠤ ᠨᠢ ᠮᠡᠳᠡᠬᠡᠵᠢ᠂ ᠲᠤᠳᠤᠬᠠᠨ ᠤ ᠭᠠᠷ᠂ ᠰᠡᠳᠬᠢᠯ ᠵᠢᠡᠷ ᠬᠢᠭᠳᠡᠭᠰᠡᠨ ᠭᠤᠯᠢᠷ ᠬᠤᠭᠤᠯᠠᠨ ᠤ ᠲᠦᠷᠰᠦ ᠪᠢᠴᠢᠯᠬᠡ ᠨᠢ ᠲᠢᠺ ᠲᠤᠺ ᠵᠢᠡᠷ ᠰᠠᠴᠤᠭᠳᠠᠮᠠᠭᠴᠠ ᠮᠠᠰᠢ ᠤᠯᠠᠨ ᠬᠡᠷᠡᠭᠯᠡᠭᠴᠢᠳ ᠤᠨ ᠰᠤᠨᠢᠷᠬᠠᠯ ᠢ ᠲᠠᠳᠠᠵᠤ᠂ ᠲᠡᠳᠡᠨ ᠤ ᠪᠤᠱᠤᠭ᠎ᠠ ᠶ᠋ᠢ ᠡᠯᠡᠬᠡᠬᠦ ᠬᠦᠮᠦᠨ ᠲᠠᠰᠤᠷᠠᠬᠤ ᠦᠭᠡᠢ ᠪᠤᠯᠵᠠᠢ᠃
ᠢᠨᠭᠭᠢᠭᠡᠳ ᠲᠡᠷᠡ ᠮᠠᠨᠢ ᠨᠠᠶᠢᠵᠠ ᠦᠬᠢᠨ ᠲᠠᠢ ᠪᠠᠨ ᠬᠤᠶᠠᠭᠤᠯᠠ ᠡᠨᠡ ᠪᠢᠴᠢᠬᠠᠨ ᠦᠷᠦᠬᠡᠨ ᠳ᠋ᠤ ᠪᠤᠷᠬᠢ ᠪᠤᠬᠢᠰᠤᠯ ᠦᠭᠡᠢ ᠶᠠᠭᠠᠷᠠᠵᠤ᠂ ᠬᠦᠯᠥᠰᠦᠨ ᠲᠤᠰᠤᠯ ᠡᠴᠡ ᠨᠢ ᠬᠦᠳᠡᠯᠮᠦᠷᠢ ᠵᠢᠨ ᠦᠷ᠎ᠡ ᠨᠠᠬᠢᠶᠠᠯᠠᠵᠤ᠂ ᠬᠦᠷᠦᠰᠲᠤ ᠵᠢᠨ ᠠᠮᠢᠳᠤᠷᠠᠯ ᠨᠢ ᠬᠦᠯᠵᠢᠵᠤ ᠳᠡᠭᠵᠢᠷᠡᠵᠤ ᠶᠠᠪᠤᠨ᠎ᠠ᠃ ᠦᠢᠯᠡᠰ ᠨᠢ ᠤᠯᠠᠮ ᠦᠬᠡᠳᠡ ᠪᠡᠨ ᠪᠠᠶᠢᠭᠠᠰᠠᠢ︕