ᠦᠤᠰᠢᠨ ᠬᠤᠰᠢᠭᠤᠨ ᠤ ᠦᠤᠰᠢᠨᠵᠤᠤ ᠪᠠᠯᠭᠠᠰᠤ ᠪᠡᠷ ᠨᠤᠲᠤᠭ ᠲᠠᠢ ᠮᠢᠨᠭᠭᠠᠲᠤ ᠬᠠᠰᠪᠤᠯᠠᠭ ᠤᠯᠠᠨ ᠵᠢᠯ ᠤᠨ ᠲᠤᠷᠰᠢ᠂ ᠬᠡᠷᠡᠭ ᠤᠴᠢᠷ ᠢ ᠲᠠᠨᠭᠨᠠᠨ ᠮᠦᠷᠲᠡᠭᠰᠡᠨ᠂ ᠬᠠᠤᠯᠢ ᠴᠠᠭᠠᠵᠠ ᠳ᠋ᠤ ᠬᠤᠯᠪᠤᠭᠳᠠᠭᠰᠠᠨ ᠰᠢᠯᠢᠳᠡᠭ ᠰᠠᠶᠢᠬᠠᠨ ᠷᠤᠮᠠᠨ ᠲᠤᠭᠤᠵᠢ ᠶ᠋ᠢ ᠵᠤᠬᠢᠶᠠᠨ ᠪᠦᠲᠦᠬᠡᠵᠤ᠂ ᠡᠬᠦᠨ ᠤ ᠲᠤᠳᠤᠷᠠᠬᠢ︽ᠬᠤᠷᠢᠭᠤᠯ ᠲᠤᠳᠤᠷᠠᠬᠢ ᠬᠤᠷᠢᠭ᠎ᠠ ᠦᠭᠡᠢ ᠬᠠᠶᠢᠷ᠎ᠠ︾᠂︽ᠬᠦᠭᠡᠮᠳᠦᠭ ᠬᠤᠷᠠᠬᠤ︾ᠬᠤᠶᠠᠷ ᠨᠢ 1996 ᠤᠨ ᠪᠠ 1999 ᠤᠨ ᠳ᠋ᠤ ᠦᠪᠦᠷ ᠮᠤᠨᠭᠭᠤᠯ ᠤᠨ ᠲᠠᠪᠤᠳᠤᠭᠠᠷ ᠵᠢᠴᠢ ᠵᠢᠷᠭᠤᠳᠤᠭᠠᠷ ᠬᠤᠭᠤᠴᠠᠭᠠᠨ ᠤ︽ᠰᠤᠯᠤᠨᠭᠭᠠ︾ ᠱᠠᠨᠭᠨᠠᠯ ᠢ ᠲᠤᠰᠴᠤ᠂︽ᠮᠦᠨᠭᠭᠦᠨ ᠬᠢᠷᠠᠭᠤ︾ᠷᠤᠮᠠᠨ ᠨᠢ 1999 ᠤᠨ ᠳ᠋ᠤ ᠦᠪᠦᠷ ᠮᠤᠨᠭᠭᠤᠯ ᠤᠨ︽ᠲᠠᠪᠤ ᠨᠢᠬᠡ ᠵᠢᠨ ᠢᠨᠵᠸᠨ᠋ᠸᠷᠢᠡᠭ︾ ᠢ ᠱᠠᠨᠭᠨᠠᠯ ᠢ ᠬᠦᠷᠲᠡᠭᠰᠡᠨ ᠪᠢᠯᠡ᠃
ᠤᠶᠢᠷ᠎ᠠ ᠵᠢᠨ ᠭᠤᠷᠪᠡᠨ ᠵᠢᠯ ᠤᠨ ᠬᠤᠭᠤᠴᠠᠭᠠᠨ ᠳ᠋ᠤ ᠦᠪᠦᠷ ᠮᠤᠨᠭᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠡᠴᠡ ᠲᠡᠭᠦᠨ ᠤ ᠤᠤᠯ ᠤᠨ ᠬᠡᠪᠯᠡᠬᠦᠯᠵᠤ ᠦᠨᠭᠬᠡᠷᠡᠭᠰᠡᠨ ᠪᠦᠬᠦ ᠵᠤᠬᠢᠶᠠᠯ ᠡᠴᠡ︽ᠬᠦᠭᠡᠮᠳᠦᠭ ᠬᠤᠷᠠᠬᠤ︾᠂︽ᠮᠦᠨᠭᠭᠦᠨ ᠬᠢᠷᠠᠭᠤ︾᠂︽ᠲᠠᠯ᠎ᠠ ᠶᠠᠯ᠎ᠠ ᠡᠴᠡ ᠬᠦᠨᠳᠦ︾᠂︽ᠮᠤᠷᠢᠲᠤ ᠵᠢᠨ ᠬᠡᠰᠢᠭ ᠶᠠᠪᠠᠭᠠᠨ ᠳ᠋ᠤ︾᠂︽ᠲᠠᠪᠤᠨ ᠲᠤᠯᠤᠭᠠᠢ ᠵᠢᠨ ᠬᠡᠰᠢᠭ︾᠂︽ᠵᠡᠮᠲᠡᠭ ᠬᠤᠲᠠ ᠵᠢᠨ ᠬᠢᠨ︾᠂︽ᠬᠢᠯᠭᠠᠰᠤᠨ ᠲᠦᠷᠦᠬᠡᠨ ᠲᠡᠭᠡᠷ᠎ᠡ︾᠂︽ᠬᠠᠰᠪᠤᠯᠠᠭ ᠤᠨ ᠲᠤᠭᠤᠵᠢᠰ ᠤᠨ ᠰᠤᠨᠭᠭᠤᠮᠠᠯ︾᠂︽ᠭᠠᠯ ᠤᠨ ᠬᠡᠰᠢᠭ ᠭᠠᠯᠪᠠ ᠳ᠋ᠤ︾᠂︽ᠲᠦᠷᠦ ᠵᠢᠨ ᠬᠡᠰᠢᠭ ᠲᠦᠮᠡᠨ ᠳ᠋ᠤ︾᠂︽ᠮᠤᠭᠠᠢ ᠵᠢᠷᠠᠨ ᠤ ᠮᠤᠰᠬᠢᠷᠠᠭᠠᠨ︾᠂︽ᠠᠳᠤᠭᠤᠬᠠᠢ ᠵᠢᠨ ᠱᠠᠡᠭ︾᠂︽ᠬᠠᠯᠢᠭᠤᠲᠤ ᠵᠢᠨ ᠴᠢᠷᠭ᠎ᠠ︾᠂︽ᠰᠤᠯᠤᠨᠭᠭᠠᠨ ᠡᠷᠢᠶᠡᠨ ᠪᠠᠨᠭᠵᠠᠯ︾ᠵᠡᠷᠭᠡ ᠶ᠋ᠢ ᠰᠤᠨᠭᠭᠤᠨ ᠲᠠᠬᠢᠨ ᠰᠢᠨ᠎ᠡ ᠪᠡᠷ ᠬᠡᠪᠯᠡᠭᠰᠡᠨ ᠪᠠᠶᠢᠨ᠎ᠠ᠃
ᠠᠨᠭᠬ᠎ᠠ 2022 ᠤᠨ ᠤ ᠨᠠᠮᠤᠷ ᠨᠠᠢᠮᠠᠨ ᠮᠤᠵᠢ ᠤᠷᠤᠨ ᠤ ᠨᠤᠮ ᠰᠤᠳᠤᠷ ᠳᠡᠯᠬᠡᠨ ᠪᠤᠷᠤᠯᠠᠭᠤᠯᠬᠤ ᠠᠵᠢᠯᠯᠠᠭ᠎ᠠ ᠡᠵᠡᠨ ᠬᠤᠷᠤᠭ᠎ᠠ ᠬᠤᠰᠢᠭᠤᠨ ᠤ ᠠᠯᠲᠠᠨᠰᠢᠷᠡᠭᠡᠲᠤ ᠪᠠᠯᠭᠠᠰᠤᠨ ᠳ᠋ᠤ ᠶᠠᠪᠤᠭᠳᠠᠬᠤ ᠳ᠋ᠤ ᠬᠠᠰᠪᠤᠯᠠᠭ ᠤᠨ ᠵᠢᠷᠭᠤᠭᠠᠨ ᠷᠤᠮᠠᠨ ᠨᠢ ᠲᠦᠨᠭᠬᠡᠵᠤ ᠬᠡᠪᠯᠡᠯ ᠡᠴᠡ ᠭᠠᠷᠤᠭᠰᠠᠨ ᠪᠤᠯᠬᠤᠷ ᠲᠤᠰ ᠤᠳᠠᠭᠠᠨ ᠤ ᠭᠤᠷᠪᠡᠨ ᠡᠳᠦᠷ ᠤᠨ ᠠᠵᠢᠯᠯᠠᠭ᠎ᠠ ᠳ᠋ᠤ ᠭᠠᠷ ᠤᠨ ᠦᠰᠦᠭ ᠵᠢᠷᠤᠵᠤ ᠪᠤᠷᠤᠯᠠᠭᠤᠯᠤᠭᠠᠳ ᠤᠨᠭᠰᠢᠭᠴᠢᠳ ᠤᠨ ᠲᠠᠭᠠᠰᠢᠶᠠᠯ ᠢ ᠤᠯᠤᠭᠰᠠᠨ ᠪᠠᠶᠢᠨ᠎ᠠ᠃ ᠡᠨᠡ ᠨᠢ ᠮᠦᠨᠴᠤ ᠮᠠᠨ ᠤ ᠤᠷᠤᠨ ᠳ᠋ᠠᠭᠠᠨ ᠠᠨᠭᠬᠠᠳᠠᠭᠴᠢ ᠤᠳᠠᠭ᠎ᠠ ᠲᠤᠮᠤ ᠬᠡᠪᠴᠢᠶᠡᠨ ᠤ ᠰᠤᠳᠤᠷ ᠨᠤᠮ ᠪᠤᠷᠤᠯᠠᠭᠤᠯᠬᠤ ᠠᠵᠢᠯᠯᠠᠭ᠎ᠠ ᠳ᠋ᠤ ᠵᠤᠬᠢᠶᠠᠭᠴᠢ ᠡᠴᠡ ᠲᠤᠬᠠᠢ ᠵᠢᠨ ᠲᠠᠯᠠᠪᠠᠢ ᠳ᠋ᠤ ᠭᠠᠷ ᠤᠨ ᠦᠰᠦᠭ ᠵᠢᠷᠤᠵᠤ ᠬᠤᠳᠠᠯᠳᠤᠭᠰᠠᠨ ᠰᠢᠨ᠎ᠡ ᠶ᠋ᠢ ᠡᠬᠦᠳᠴᠡᠢ᠃ ︽ᠡᠬᠢᠯᠡᠯᠲᠡ ᠪᠠᠶᠢᠪᠠᠯ ᠦᠷᠬᠦᠯᠵᠢᠯᠡᠯ ᠪᠠᠶᠢᠨ᠎ᠠ︾ ᠬᠡᠳᠡᠭ ᠵᠢᠡᠷ ᠡᠨᠡᠬᠦ ᠠᠵᠢᠯᠯᠠᠭ᠎ᠠ ᠡᠴᠡ ᠰᠡᠲᠡᠯᠲᠡ ᠤᠯᠤᠭᠰᠠᠨ ᠦᠤᠰᠢᠨ ᠬᠤᠰᠢᠭᠤᠨ ᠤ ᠨᠤᠮ ᠤᠨ ᠰᠠᠡᠭ ᠤᠨ ᠨᠠᠪᠴᠢ ᠬᠡᠬᠦ ᠬᠦᠮᠦᠨ ᠬᠠᠰᠪᠤᠯᠠᠭ ᠵᠢᠴᠢ ᠲᠡᠭᠦᠨ ᠲᠠᠢ ᠠᠳᠠᠯᠢᠬᠠᠨ ᠵᠢᠡᠷ ᠤᠷᠴᠢᠮ ᠤᠨ ᠬᠡᠳᠦᠨ ᠵᠢᠯ ᠳ᠋ᠤ ᠷᠤᠮᠠᠨ ᠲᠤᠭᠤᠵᠢ ᠪᠡᠨ ᠲᠠᠬᠢᠵᠤ ᠬᠡᠪᠯᠡᠬᠦᠯᠵᠤ ᠪᠠᠶᠢᠭ᠎ᠠ ᠪᠤᠶᠤ ᠰᠢᠨ᠎ᠡ ᠪᠡᠷ ᠤᠷᠠᠨ ᠪᠦᠲᠦᠬᠡᠯ ᠵᠢᠡᠨ ᠪᠢᠴᠢᠵᠤ ᠬᠡᠪᠯᠡᠬᠦᠯᠥᠭᠰᠡᠨ ᠮᠠᠨ ᠤ ᠤᠷᠤᠨ ᠤ ᠨᠡᠷᠡᠲᠤ ᠵᠤᠬᠢᠶᠠᠯᠴᠢ ᠶ᠋ᠢ ᠬᠠᠮᠲᠤ ᠳ᠋ᠤ ᠨᠢ ᠤᠷᠢᠨ᠂ ᠦᠤᠰᠢᠨ ᠬᠤᠰᠢᠭᠤᠨ ᠤ ᠭᠠᠯᠠᠭᠤᠲᠤ ᠪᠠᠯᠭᠠᠰᠤᠨ ᠲᠡᠭᠡᠷ᠎ᠡ ᠵᠤᠬᠢᠶᠠᠭᠴᠢ ᠡᠴᠡ ᠭᠠᠷ ᠤᠨ ᠦᠰᠦᠭ ᠵᠢᠷᠤᠵᠤ ᠨᠤᠮ ᠪᠤᠷᠤᠯᠠᠭᠤᠯᠬᠤ ᠠᠵᠢᠯᠯᠠᠭ᠎ᠠ ᠦᠷᠨᠢᠬᠦᠯᠵᠡᠢ᠃
︽ᠬᠤᠶᠠᠳᠤᠭᠠᠷ ᠤᠳᠠᠭᠠᠨ ᠤ ᠭᠠᠷ ᠤᠨ ᠦᠰᠦᠭ ᠵᠢᠷᠤᠵᠤ ᠨᠤᠮ ᠪᠤᠷᠤᠯᠠᠭᠤᠯᠬᠤ ᠠᠵᠢᠯᠯᠠᠭ᠎ᠠ ᠶᠠᠪᠤᠭᠳᠠᠬᠤ ᠳ᠋ᠤ ᠪᠢᠳᠠ ᠬᠡᠳᠦ ᠵᠢᠨ ᠪᠢᠴᠢᠭᠰᠡᠨ ᠨᠤᠮ ᠶᠡᠭᠡ ᠬᠡᠮᠵᠢᠶ᠎ᠡ ᠪᠡᠷ ᠭᠠᠷᠤᠭᠰᠠᠨ᠂ ᠨᠡᠡᠭ ᠴᠤ ᠪᠠᠶᠠᠠᠨᠠᠭᠤᠷ ᠬᠤᠲᠡ ᠵᠢᠨ ᠤᠷᠠᠳ ᠤᠨ ᠲᠤᠮᠳᠠᠳᠤ ᠬᠤᠰᠢᠭᠤ ᠪᠡᠷ ᠨᠤᠲᠤᠭ ᠲᠠᠢ᠂ ᠤᠷᠤᠨ ᠳᠠᠶᠠᠭᠠᠷ ᠲᠤ ᠠᠯᠳᠠᠷᠰᠢᠭᠰᠠᠨ ᠨᠡᠷᠡᠲᠤ ᠵᠤᠬᠢᠶᠠᠯᠴᠢ ᠪᠦᠷᠢᠨᠲᠡᠬᠦᠰ ᠭᠤᠸᠠᠢ ᠨᠤᠮ ᠵᠢᠡᠨ ᠪᠤᠷᠤᠯᠠᠭᠤᠯᠵᠤ ᠳᠠᠭᠤᠰᠬᠠᠭᠠᠳ ᠶᠡᠭᠡᠳᠡ ᠱᠠᠭᠰᠢᠷᠠᠵᠤ︿ᠪᠢ ᠶᠠᠭ ᠭᠤᠴᠢ ᠲᠦᠴᠢᠨ ᠵᠢᠯ ᠡᠯ᠎ᠡ ᠭᠠᠵᠠᠷ ᠤᠷᠤᠨ ᠵᠢᠡᠷ ᠶᠠᠪᠤᠵᠤ᠂ ᠪᠢᠴᠢᠭᠰᠡᠨ ᠬᠡᠳᠦᠨ ᠨᠤᠮ ᠵᠢᠡᠨ ᠪᠤᠷᠤᠯᠠᠭᠤᠯᠵᠤ ᠦᠵᠡᠭᠰᠡᠨ᠂ ᠭᠡᠪᠡᠴᠤ ᠡᠨᠡ ᠤᠳᠠᠭ᠎ᠠ ᠵᠢᠨ ᠠᠳᠠᠯᠢ ᠪᠡᠷ ᠠᠪᠴᠢᠷᠠᠭᠰᠠᠨ ᠨᠤᠮ ᠵᠢᠡᠨ ᠬᠤᠭᠤᠰᠤᠷᠲᠠᠯᠠ ᠬᠤᠳᠠᠯᠳᠤᠵᠤ ᠦᠨᠭᠬᠡᠷᠡᠭᠰᠡᠨ ᠲᠡᠤᠬᠡ ᠦᠭᠡᠢ᠂ ᠢᠨᠭᠭᠢᠭᠡᠳ ᠦᠵᠡᠬᠦᠯᠡᠷ ᠤᠷᠳᠤᠰ ᠨᠤᠲᠤᠭ ᠤᠨ ᠬᠦᠮᠦᠰ ᠨᠤᠮ ᠰᠤᠳᠤᠷ ᠲᠤ ᠶᠡᠭᠡ ᠲᠤᠷᠠᠲᠠᠢ ᠶᠤᠮ ᠪᠠᠶᠢᠨ᠎ᠠ᠂ ᠨᠡᠡᠭ ᠴᠤ ᠤᠷᠳᠤᠰ ᠤᠨ ᠡᠨᠡ ᠬᠡᠳᠦᠨ ᠲᠤᠭᠤᠵᠢᠰ ᠤᠨ ᠵᠤᠬᠢᠶᠠᠯᠴᠢ ᠦᠨᠡᠨ ᠠᠮᠤᠷ ᠦᠭᠡᠢ ᠪᠠᠶᠢᠨ᠎ᠠ﹀ᠬᠡᠵᠤ ᠶᠠᠷᠢᠭᠰᠠᠨ ᠤᠳᠠᠭ᠎ᠠ ᠲᠠᠢ᠃ ᠪᠢ ᠴᠤ ᠲᠡᠷᠡ ᠬᠤᠶᠠᠷ ᠭᠤᠷᠪᠡᠨ ᠡᠳᠦᠷ ᠤᠨ ᠲᠤᠳᠤᠷ᠎ᠠ 1000 ᠢᠯᠡᠬᠦᠦ ᠲᠠᠪᠲᠡᠷ ᠪᠤᠷᠤᠯᠠᠭᠤᠯᠤᠭᠰᠠᠨ᠂ ᠶᠠᠭ ᠡᠬᠦᠨ ᠡᠴᠡ ᠵᠤᠷᠢᠭ ᠠᠪᠴᠤ ᠪᠢ ᠦᠪᠡᠷᠲᠡᠭᠡᠨ ᠰᠡᠲᠦᠨ ᠰᠠᠨᠠᠭᠠᠴᠢᠯᠠᠵᠤ ᠡᠨᠡ ᠵᠢᠯ ᠤᠨ ᠴᠢᠨᠭᠭᠢᠰ ᠬᠠᠭᠠᠨ ᠤ ᠤᠨᠭᠭᠤᠨ ᠬᠦᠷᠢᠶᠡᠯᠡᠡᠭ ᠳ᠋ᠤ ᠬᠠᠪᠤᠷ ᠤᠨ ᠴᠠᠭᠠᠨ ᠰᠦᠷᠦᠭ ᠤᠨ ᠶᠡᠭᠡ ᠲᠠᠶᠢᠯᠭ᠎ᠠ ᠶ᠋ᠢ ᠲᠤᠬᠢᠶᠠᠯᠳᠤᠭᠤᠯᠤᠨ ᠨᠠᠭᠠᠳᠤᠮ ᠤᠨ ᠲᠠᠯᠠᠪᠠᠢ ᠳ᠋ᠤ ᠭᠤᠷᠪᠠᠳᠤᠭᠠᠷ ᠤᠳᠠᠭᠠᠨ ᠤ ᠭᠠᠷ ᠤᠨ ᠦᠰᠦᠭ ᠵᠢᠷᠤᠵᠤ ᠪᠤᠷᠤᠯᠠᠭᠤᠯᠬᠤ ᠠᠵᠢᠯᠯᠠᠭ᠎ᠠ ᠦᠷᠨᠢᠬᠦᠯᠥᠭᠰᠡᠨ ᠶᠤᠮ︾ᠬᠡᠵᠤ ᠬᠠᠰᠪᠤᠯᠠᠭ ᠤᠶᠢᠷ᠎ᠠ ᠵᠢᠨ ᠬᠤᠶᠠᠷ ᠵᠢᠯ ᠤᠨ ᠬᠤᠭᠤᠴᠠᠭᠠᠨ ᠳ᠋ᠡᠬᠢ ᠨᠤᠮ ᠰᠤᠳᠤᠷ ᠵᠢᠡᠨ ᠳᠡᠯᠬᠡᠵᠤ᠂ ᠭᠠᠷ ᠤᠨ ᠦᠰᠦᠭ ᠵᠢᠷᠤᠵᠤ ᠪᠤᠷᠤᠯᠠᠭᠤᠯᠤᠭᠰᠠᠨ ᠶᠠᠪᠤᠳᠠᠯ ᠵᠢᠡᠨ ᠲᠠᠶᠢᠯᠪᠤᠷᠢᠯᠠᠵᠤ ᠭᠠᠷᠤᠯ᠎ᠠ᠃
ᠮᠢᠨᠭᠭᠠᠲᠤ ᠬᠠᠰᠪᠤᠯᠠᠭ ᠤᠯᠠᠨ ᠵᠢᠯ ᠤᠨ ᠲᠤᠷᠰᠢ ᠰᠢᠬᠦᠬᠦ ᠬᠤᠷᠢᠶᠠᠨ ᠳ᠋ᠤ ᠠᠵᠢᠯᠯᠠᠵᠤ᠂ ᠪᠢᠴᠢᠬᠡᠴᠢ᠂ ᠰᠢᠬᠦᠭᠴᠢ᠂ ᠲᠢᠨᠭᠭᠢᠮ ᠤᠨ ᠲᠠᠷᠤᠭ᠎ᠠ᠂ ᠬᠤᠷᠢᠶᠠᠨ ᠲᠠᠷᠤᠭ᠎ᠠ ᠵᠢᠨ ᠲᠤᠰᠢᠶᠠᠯ ᠳ᠋ᠤ ᠪᠠᠶᠢᠵᠤ ᠦᠨᠭᠬᠡᠷᠡᠭᠰᠡᠨ ᠪᠤᠯᠬᠤᠷ ᠲᠡᠭᠦᠨ ᠤ ᠪᠢᠴᠢᠭᠰᠡᠨ ᠷᠤᠮᠠᠨ ᠲᠤᠭᠤᠵᠢ ᠪᠤᠯᠭᠠᠨ ᠳ᠋ᠤ ᠬᠡᠷᠡᠭ ᠶᠠᠪᠤᠳᠠᠯ ᠢ ᠲᠠᠨᠭᠨᠠᠨ ᠮᠦᠷᠲᠡᠭᠰᠡᠨ ᠪᠤᠶᠤ ᠬᠡᠮᠲᠤ ᠬᠡᠷᠡᠭ ᠢ ᠢᠯᠡᠷᠡᠬᠦᠯᠥᠭᠰᠡᠨ᠂ ᠮᠠᠭᠤ ᠡᠲᠡᠭᠡᠳ ᠢ ᠪᠠᠷᠢᠪᠴᠢᠯᠠᠨ ᠠᠪᠴᠢᠷᠠᠭᠰᠠᠨ ᠠᠭᠤᠯᠭ᠎ᠠ ᠪᠡᠷ ᠪᠠᠶᠠᠯᠢᠭ ᠪᠠᠶᠢᠵᠤ᠂ ᠡᠨᠡ ᠨᠢ ᠬᠠᠤᠯᠢ ᠴᠠᠭᠠᠵᠠ ᠵᠢᠨ ᠬᠦᠷᠢᠶ᠎ᠡ ᠬᠡᠪᠴᠢᠶᠡᠨ ᠳ᠋ᠤ ᠤᠷᠠᠨ ᠵᠤᠬᠢᠶᠠᠯ ᠤᠨ ᠬᠡᠯᠪᠡᠷᠢ ᠪᠡᠷ ᠦᠨᠡᠨ ᠪᠤᠳᠠᠲᠠᠢ ᠶ᠋ᠢ ᠲᠦᠷᠰᠦᠯᠡᠨ ᠢᠯᠡᠳᠬᠡᠵᠤ ᠴᠢᠳᠠᠭᠰᠠᠨ ᠡᠴᠡ ᠦᠪᠦᠷ ᠮᠤᠨᠭᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠲᠡᠭᠦᠨ ᠤ ᠤᠤᠯ ᠤᠨ ᠪᠢᠴᠢᠵᠤ ᠦᠨᠭᠬᠡᠷᠡᠭᠰᠡᠨ ᠪᠦᠬᠦ ᠵᠤᠬᠢᠶᠠᠯ ᠪᠦᠲᠦᠬᠡᠯ ᠡᠴᠡ 14 ᠶ᠋ᠢ ᠨᠢ ᠰᠤᠨᠭᠭᠤᠨ ᠬᠤᠶᠠᠳᠠᠬᠢ ᠤᠳᠠᠭ᠎ᠠ ᠪᠤᠶᠤ ᠵᠠᠷᠢᠮ ᠪᠤᠷᠤᠯᠠᠭᠤᠯᠠᠭᠳᠠᠨ ᠳᠠᠭᠤᠰᠤᠭᠰᠠᠨ ᠷᠤᠮᠠᠨ ᠢ ᠨᠢ ᠭᠤᠷᠪᠠᠳᠠᠬᠢ ᠤᠳᠠᠭ᠎ᠠ ᠬᠡᠪᠯᠡᠬᠦᠯᠵᠤ ᠦᠭᠭᠦᠭᠰᠡᠨ ᠪᠠᠶᠢᠨ᠎ᠠ᠃ ᠢᠨᠭᠭᠢᠭᠡᠳ 2022 ᠤᠨ ᠤ ᠨᠠᠮᠤᠷ ᠡᠴᠡ ᠤᠳᠤ ᠪᠤᠯᠲᠠᠯᠠᠬᠢ ᠤᠬᠤᠷᠬᠠᠨ ᠬᠤᠶᠠᠷ ᠵᠢᠯ ᠤᠨ ᠬᠤᠭᠤᠴᠠᠭᠠᠨ ᠳ᠋ᠤ ᠲᠡᠭᠦᠨ ᠤ 6 ᠷᠤᠮᠠᠨ ᠨᠢ 6000 ᠲᠠᠪᠲᠠᠷ᠂ 3 ᠷᠤᠮᠠᠨ ᠨᠢ 1500 ᠲᠠᠪᠲᠠᠷ᠂ 5 ᠷᠤᠮᠠᠨ ᠨᠢ 2000 ᠲᠠᠪᠲᠠᠷ ᠪᠤᠷᠤᠯᠠᠭᠤᠯᠤᠭᠳᠠᠵᠤ᠂ ᠨᠡᠶᠢᠲᠡ ᠳ᠋ᠡᠬᠡᠨ9500 ᠲᠠᠪᠲᠠᠷ ᠬᠦᠷᠦᠭᠰᠡᠨ ᠪᠠᠶᠢᠨ᠎ᠠ᠃ ᠤᠳᠤᠬᠠᠨ ᠤ ᠦᠪᠦᠷ ᠮᠤᠨᠭᠭᠤᠯ ᠤᠨ ᠵᠤᠬᠢᠶᠠᠯᠴᠢ ᠲᠤᠳᠤᠷ᠎ᠠ ᠬᠤᠶᠠᠷ ᠪᠤᠶᠤ ᠭᠤᠷᠪᠠᠳᠠᠬᠢ ᠬᠡᠪᠯᠡᠯ ᠤᠨ ᠪᠦᠲᠦᠬᠡᠯ ᠨᠢ ᠡᠶᠢᠮᠤ ᠤᠯᠠᠨ ᠵᠢᠡᠷ ᠪᠤᠷᠤᠯᠠᠭᠤᠯᠤᠭᠳᠠᠵᠤ ᠪᠠᠶᠢᠭ᠎ᠠ ᠨᠢ ᠮᠠᠰᠢ ᠴᠦᠬᠡᠨ ᠪᠤᠶᠤ ᠦᠬᠡᠢ ᠬᠡᠵᠤ ᠬᠡᠯᠡᠵᠤ ᠪᠤᠯᠤᠨ᠎ᠠ᠃ ᠡᠬᠦᠨ ᠤ ᠬᠠᠮᠲᠤ ᠲᠡᠭᠦᠨ ᠤ︽ᠲᠦᠷᠬᠦᠳᠲᠤᠯᠤᠭᠠᠢ︾ᠬᠡᠬᠦ ᠷᠤᠮᠠᠨ ᠨᠢ ᠪᠠᠰᠠ ᠲᠤᠡᠭ ᠤᠳᠠᠯ ᠦᠭᠡᠢ ᠬᠡᠪᠯᠡᠯ ᠤᠨ ᠬᠤᠷᠢᠶᠠᠨ ᠡᠴᠡ ᠭᠠᠷᠬᠤ ᠪᠡᠷ ᠪᠠᠶᠢᠭ᠎ᠠ ᠶᠤᠮ ᠪᠠᠶᠢᠨ᠎ᠠ᠃ ᠳᠠᠭᠠᠤ ᠳ᠋ᠤ ᠨᠢ ᠦᠬᠦᠯᠡᠬᠦ ᠳ᠋ᠤ ᠦᠪᠦᠷ ᠮᠤᠨᠭᠭᠤᠯ ᠤᠷᠤᠨ ᠳ᠋ᠤ ᠤᠳᠤᠬᠠᠨ ᠪᠤᠯᠲᠠᠯ᠎ᠠ ᠬᠠᠤᠯᠢ ᠴᠠᠭᠠᠵᠠ ᠵᠢᠨ ᠬᠦᠷᠢᠶ᠎ᠡ ᠬᠡᠪᠴᠢᠶᠡᠨ ᠳ᠋ᠤ ᠬᠤᠯᠪᠤᠭᠳᠠᠭᠰᠠᠨ ᠷᠤᠮᠠᠨ ᠢ 15 ᠪᠢᠴᠢᠭᠰᠡᠨ ᠬᠦᠮᠦᠨ ᠬᠠᠷᠬᠠᠨ ᠦᠭᠡᠢ ᠪᠠᠶᠢᠭᠰᠠᠭᠠᠷ᠂ ᠵᠤᠬᠢᠶᠠᠯᠴᠢ ᠬᠠᠰᠪᠤᠯᠠᠭ ᠡᠨᠡᠬᠦ ᠬᠤᠭᠤᠰᠤᠨ ᠢ ᠨᠦᠬᠦᠪᠦᠷᠢᠯᠡᠵᠤ ᠴᠢᠳᠠᠵᠠᠢ᠃
ᠮᠢᠨᠭᠭᠠᠲᠤ ᠬᠠᠰᠪᠤᠯᠠᠭ ᠪᠢᠷᠴᠢᠨ ᠳ᠋ᠤ᠄︽ᠤᠷᠴᠢᠮ ᠤᠨ ᠲᠠᠪᠤ ᠭᠤᠷᠪᠠᠨ ᠵᠢᠯ ᠤᠨ ᠪᠠᠶᠢᠳᠠᠯ ᠢ ᠠᠵᠢᠭᠯᠠᠨ ᠰᠢᠨᠵᠢᠬᠦ ᠳ᠋ᠤ᠂ ᠨᠤᠮ ᠰᠤᠳᠤᠷ ᠤᠨ ᠪᠤᠷᠤᠯᠠᠭᠤᠯᠭ᠎ᠠ ᠤᠤᠯ ᠤᠨ ᠬᠢ ᠡᠴᠡ ᠪᠡᠨ ᠮᠠᠰᠢ ᠰᠠᠶᠢᠵᠢᠷᠠᠵᠡᠢ᠃ ᠡᠨᠡ ᠨᠢ ᠤᠨᠭᠰᠢᠭᠴᠢᠳ ᠤᠨ ᠬᠡᠪ ᠪᠤᠯᠪᠠᠰᠤᠷᠠᠯ ᠲᠡᠭᠡᠭᠰᠢᠯᠡᠵᠤ ᠪᠠᠶᠢᠭ᠎ᠠ᠂ ᠠᠮᠢᠳᠤᠷᠠᠯ ᠤᠨ ᠨᠦᠬᠦᠴᠡᠯ ᠰᠠᠶᠢᠵᠢᠷᠠᠵᠤ ᠪᠠᠶᠢᠭ᠎ᠠ᠂ ᠬᠦᠮᠦᠨ ᠠᠷᠠᠳ ᠤᠨ ᠦᠵᠡᠯ ᠪᠤᠳᠤᠯ ᠠᠬᠢᠵᠤ ᠪᠠᠶᠢᠭ᠎ᠠ ᠵᠢᠨ ᠬᠡᠷᠡᠴᠢ ᠮᠦᠨ᠂ ᠪᠢ ᠡᠨᠡ ᠬᠤᠶᠠᠷ ᠵᠢᠯ ᠤᠨ ᠬᠤᠭᠤᠴᠠᠭᠠᠨ ᠳ᠋ᠤ ᠡᠳᠦᠢ ᠤᠯᠠᠨ ᠨᠤᠮ ᠢ ᠪᠤᠷᠤᠯᠠᠭᠤᠯᠵᠤ ᠴᠢᠳᠠᠭᠰᠠᠨ ᠤ ᠰᠢᠯᠲᠠᠭᠠᠨ ᠨᠢ ᠮᠦᠨ ᠡᠨᠳᠡ ᠪᠡᠨ ᠪᠠᠶᠢᠭ᠎ᠠ ᠪᠦᠬᠡᠳ ᠤᠨᠭᠰᠢᠭᠴᠢᠳ ᠮᠢᠨᠤ ᠪᠢᠴᠢᠭᠰᠡᠨ ᠦᠯᠢᠬᠡᠷ ᠲᠤ ᠶᠡᠭᠡ ᠰᠤᠨᠢᠷᠬᠠᠯᠲᠠᠢ ᠪᠠᠶᠢᠭ᠎ᠠ ᠶ᠋ᠢ ᠮᠡᠳᠡᠯ᠎ᠡ᠃ ᠨᠤᠮ ᠤᠨᠭᠰᠢᠬᠤ ᠪᠤᠯ ᠬᠦᠮᠦᠨ ᠤ ᠦᠵᠡᠯ ᠰᠠᠨᠠᠭ᠎ᠠ ᠶ᠋ᠢ ᠬᠡᠬᠡᠷᠡᠬᠦᠯᠬᠦ ᠬᠠᠮᠤᠭ ᠤᠨ ᠦᠨᠳᠦᠰᠦᠨ ᠵᠦᠢᠯ ᠪᠦᠬᠡᠳ ᠬᠠᠮᠤᠭ ᠤᠨ ᠴᠢᠬᠤᠯᠠ ᠵᠦᠢᠯ ᠨᠢ ᠪᠠᠰᠠ ᠮᠦᠨ᠂ ᠲᠡᠭᠡᠬᠦᠯᠡᠷ ᠪᠢᠳᠠ ᠬᠦᠮᠦᠨ ᠪᠤᠯᠭᠠᠨ ᠨᠤᠮ ᠰᠤᠳᠤᠷ ᠡᠴᠡ ᠤᠶᠤᠨ ᠤ ᠰᠢᠮ᠎ᠡ ᠬᠦᠷᠲᠡᠵᠤ᠂ ᠲᠡᠷᠡ ᠬᠦᠷᠲᠡᠭᠰᠡᠨ ᠰᠢᠮ᠎ᠡ ᠪᠡᠷ ᠵᠢᠡᠨ ᠬᠦᠮᠦᠨ ᠲᠦᠷᠦᠯᠬᠢᠲᠡᠨ ᠤ ᠬᠦᠭᠵᠢᠯᠲᠠ ᠳ᠋ᠤ ᠠᠴᠢ ᠭᠠᠪᠢᠶ᠎ᠠ ᠨᠡᠮᠡᠷᠢᠯᠡᠵᠤ ᠶᠠᠪᠤᠪᠠᠯ ᠮᠠᠨ ᠤ ᠨᠡᠶᠢᠬᠡᠮ ᠨᠡᠡᠭ ᠰᠠᠶᠢᠨ ᠰᠠᠶᠢᠬᠠᠨ ᠪᠤᠯᠬᠤ ᠨᠢ ᠳᠠᠮᠵᠢᠭ ᠦᠭᠡᠢ᠃ ᠡᠬᠦᠨ ᠳ᠋ᠤ ᠭᠠᠭᠴᠠᠬᠦ ᠤᠷᠠᠨ ᠵᠤᠬᠢᠶᠠᠯ ᠤᠨ ᠨᠤᠮ ᠢ ᠬᠡᠯᠡᠵᠤ ᠪᠠᠶᠢᠭ᠎ᠠ ᠪᠢᠰᠢ᠂ ᠪᠦᠬᠦ ᠠᠵᠢᠯ ᠲᠦᠷᠦᠯ ᠤᠨ᠂ ᠤᠶᠤᠨ ᠰᠠᠨᠠᠭᠠᠨ ᠤ ᠬᠦᠷᠢᠶ᠎ᠡ ᠴᠠᠷᠠᠨ ᠳ᠋ᠤ ᠬᠠᠮᠤᠷᠠᠭᠳᠠᠭᠰᠠᠨ ᠨᠤᠮ ᠰᠤᠳᠤᠷ ᠢ ᠤᠨᠭᠰᠢᠬᠤ ᠬᠡᠷᠡᠭᠲᠡᠢ᠂ ᠵᠢᠰᠢᠶᠡᠯᠡᠬᠦ ᠳ᠋ᠤ ᠬᠦᠨ ᠤᠬᠠᠭᠠᠨ᠂ ᠰᠡᠳᠬᠢᠴᠡ᠂ ᠬᠠᠤᠯᠢ ᠵᠦᠢ᠂ ᠲᠡᠤᠬᠡ ᠬᠡᠳ ᠮᠠᠰᠢ ᠤᠯᠠᠨ ᠲᠦᠷᠦᠯ ᠪᠠᠶᠢᠨ᠎ᠠ᠂ ᠪᠢᠳᠠ ᠡᠬᠦᠨ ᠢ ᠪᠠᠭ᠎ᠠ ᠪᠠᠭ᠎ᠠ ᠪᠡᠷ ᠤᠨᠭᠰᠢᠨ ᠬᠤᠷᠠᠮᠳᠠᠭᠤᠯᠤᠭᠰᠠᠭᠠᠷ ᠪᠠᠶᠢᠵᠤ ᠨᠢᠬᠡ ᠮᠡᠳᠡᠬᠦ ᠳ᠋ᠤ ᠮᠠᠰᠢ ᠶᠡᠭᠡ ᠵᠦᠢᠯ ᠪᠤᠯᠴᠢᠬᠠᠭᠰᠠᠨ ᠪᠠᠶᠢᠳᠠᠭ᠃ ᠡᠬᠦᠨ ᠲᠠᠢ ᠪᠡᠨ ᠵᠡᠷᠭᠡᠴᠡᠭᠡᠳ ᠮᠡᠳᠡᠯᠬᠡ ᠵᠢᠨ ᠬᠤᠷᠠᠮᠳᠠᠭᠤᠯᠤᠯ ᠵᠢᠡᠨ ᠴᠢᠳᠠᠪᠤᠷᠢ ᠪᠤᠯᠭᠠᠨ ᠠᠰᠢᠭᠯᠠᠵᠤ ᠴᠢᠳᠠᠪᠠᠯ ᠤᠨᠭᠰᠢᠭᠰᠠᠨ ᠨᠤᠮ ᠤᠨ ᠬᠡᠷᠡᠯ ᠨᠢ ᠲᠤᠰ ᠬᠦᠮᠦᠨ ᠤ ᠪᠡᠶᠡᠨ ᠳ᠋ᠤ ᠨᠡᠪᠴᠢᠵᠤ᠂ ᠠᠬᠢᠭᠠᠳ ᠨᠡᠡᠭ ᠤᠯᠠᠨ ᠬᠦᠮᠦᠨ ᠢ ᠨᠦᠯᠥᠬᠡᠯᠡᠵᠤ ᠴᠢᠳᠠᠳᠠᠭ᠃ ᠶᠠᠭᠤ ᠴᠤ ᠬᠡᠰᠡᠨ ᠮᠠᠨ ᠤ ᠤᠷᠤᠨ ᠨᠤᠲᠤᠭ ᠤᠨ ᠪᠠᠭᠠᠴᠤᠳ ᠬᠡᠤᠬᠡᠳ᠂ ᠵᠠᠯᠠᠭᠤᠴᠤᠳ᠂ ᠨᠠᠰᠤᠲᠠᠶᠢᠴᠤᠳ ᠪᠦᠬᠦᠳᠡᠭᠡᠷ ᠵᠢᠡᠨ ᠡᠨᠡ ᠬᠡᠳᠦᠨ ᠵᠢᠯ ᠤᠨ ᠪᠠᠶᠢᠳᠠᠯ ᠲᠠᠢ ᠪᠡᠷ ᠨᠤᠮ ᠰᠤᠳᠤᠷ ᠬᠤᠳᠠᠯᠳᠤᠨ ᠠᠪᠴᠤ ᠤᠨᠭᠰᠢᠪᠠᠯ ᠮᠠᠨ ᠤ ᠢᠷᠡᠭᠡᠳᠦᠢ ᠨᠡᠡᠭ ᠬᠡᠬᠡᠨ ᠰᠠᠷᠠᠭᠤᠯ ᠪᠤᠯᠵᠤ᠂ ᠬᠤᠯᠠ ᠵᠢᠨ ᠬᠤᠯᠠ ᠳ᠋ᠤ ᠠᠯᠵᠢᠶᠠᠯ ᠦᠭᠡᠢ ᠬᠦᠷᠬᠦ ᠨᠢ ᠯᠠᠪᠲᠠᠢ᠂ ᠡᠨᠡ ᠨᠢ ᠴᠤ ᠮᠢᠨᠤ ᠬᠦᠰᠡᠵᠤ ᠪᠠᠶᠢᠭ᠎ᠠ ᠵᠦᠢᠯ ᠮᠦᠨ᠃ ᠠᠷᠪᠠᠭᠠᠳ ᠵᠢᠯ ᠤᠨ ᠡᠮᠦᠨ᠎ᠡ ᠨᠤᠮ ᠰᠤᠳᠤᠷ ᠬᠡᠭᠴᠢ ᠪᠠᠷᠤᠭ ᠵᠦᠬᠡᠷ ᠬᠦᠷᠭᠡᠭᠡᠳ ᠦᠭᠭᠦᠶ᠎ᠡ ᠬᠡᠪᠡᠴᠤ ᠠᠪᠬᠤ ᠬᠦᠮᠦᠨ ᠴᠦᠬᠡᠨ ᠪᠠᠶᠢᠭᠰᠠᠨ᠂ ᠨᠡᠡᠭ ᠴᠤ ᠦᠨ᠎ᠡ ᠵᠢᠨ ᠲᠠᠯ᠎ᠠ ᠪᠡᠷ ᠪᠤᠯ ᠬᠡᠯᠡᠯᠬᠡᠨ ᠦᠭᠡᠢ᠂ ᠮᠠᠰᠢ ᠲᠤᠤᠷ᠎ᠠ ᠦᠨ᠎ᠡ ᠪᠡᠷ ᠵᠠᠷᠤᠳᠠᠭ ᠪᠠᠶᠢᠯ᠎ᠠ᠂ ᠬᠠᠷᠢᠨ ᠤᠳᠤ ᠪᠤᠯ ᠨᠤᠮ ᠤᠨ ᠠᠷᠤ ᠳ᠋ᠤ ᠬᠠᠳᠠᠭᠰᠠᠨ ᠦᠨ᠎ᠡ ᠨᠢ ᠬᠡᠳᠦᠢ ᠪᠤᠯ ᠲᠡᠳᠦᠢ ᠪᠡᠷ ᠨᠢ ᠰᠢᠭᠤᠳ ᠠᠪᠴᠤ ᠪᠠᠶᠢᠨ᠎ᠠ᠃ ᠡᠨᠡ ᠪᠤᠯ ᠬᠦᠭᠵᠢᠯᠲᠡ ᠬᠡᠵᠤ ᠪᠢ ᠤᠶᠢᠯᠠᠭᠠᠳᠠᠭ᠃ ᠡᠬᠦᠨ ᠤ ᠬᠠᠮᠲᠤ ᠪᠠᠰᠠ ᠨᠤᠮ ᠢ ᠬᠠᠳᠠᠭᠠᠯᠠᠬᠤ᠂ ᠤᠨᠭᠰᠢᠬᠤ ᠬᠡᠳ ᠦᠪᠡᠷ ᠦᠪᠡᠷ ᠤᠨ ᠵᠤᠷᠢᠯᠭ᠎ᠠ ᠲᠤᠳᠤᠷᠬᠠᠢ ᠪᠤᠯᠵᠠᠢ︾ᠬᠡᠵᠤ ᠤᠴᠢᠷᠯᠠᠯ᠎ᠠ᠃
ᠠᠵᠢᠯ ᠤᠨ ᠠᠮᠠᠷᠠᠯᠲᠠ ᠪᠠᠨ ᠠᠪᠤᠭᠰᠠᠨ ᠠᠬᠠᠮᠠᠳ ᠨᠦᠬᠦᠷ ︿ᠤᠳᠤ ᠴᠤ ᠮᠢᠨᠤ ᠡᠬᠦᠷᠭᠡ ᠲᠠᠭᠤᠰᠤᠭᠰᠠᠨ﹀ ᠬᠡᠵᠤ ᠠᠯᠵᠠᠭᠤᠷᠠᠵᠤ ᠰᠠᠭᠤᠭᠰᠠᠨ ᠦᠭᠡᠢ ᠬᠠᠷᠢᠨ ᠤᠯᠤᠰ ᠦᠨᠳᠦᠰᠦᠲᠡᠨ ᠤ ᠢᠷᠡᠭᠡᠳᠦᠢ ᠳ᠋ᠤ ᠶᠠᠭᠤ ᠨᠢᠬᠡ ᠶ᠋ᠢ ᠬᠢᠵᠤ ᠪᠦᠲᠦᠬᠡᠬᠦ ᠰᠠᠨ᠂ ᠬᠦᠮᠦᠨ ᠤ ᠤᠶᠤᠨ ᠤᠬᠠᠭᠠᠨ ᠳ᠋ᠤ ᠶᠠᠭᠤ ᠨᠢᠬᠡ ᠶ᠋ᠢ ᠪᠤᠳᠤᠭᠤᠯᠬᠤ ᠰᠠᠨ ᠬᠡᠵᠤ ᠢᠨᠭᠭᠢᠵᠤ ᠵᠢᠳᠬᠦᠵᠤ ᠴᠢᠷᠮᠠᠶᠢᠵᠤ ᠪᠠᠶᠢᠭ᠎ᠠ ᠨᠢ ᠪᠢᠳᠠᠨ ᠤ ᠰᠤᠷᠤᠯᠴᠠᠬᠤ ᠳᠠᠭᠤᠷᠢᠶᠠᠯ ᠮᠦᠨ᠃ ᠮᠢᠨᠭᠭᠠᠲᠤ ᠬᠠᠰᠪᠤᠯᠠᠭ ᠵᠦᠪᠬᠡᠨ ᠰᠤᠷᠪᠤᠯᠵᠢᠯᠠᠭ᠎ᠠ ᠳ᠋ᠤ ᠬᠡᠯᠡᠭᠰᠡᠨ ᠲᠡᠷᠡ ᠭᠤᠷᠪᠠᠬᠠᠨ ᠤᠳᠠᠭᠠᠨ ᠤ ᠭᠠᠷ ᠤᠨ ᠦᠰᠦᠭ ᠵᠢᠷᠤᠵᠤ ᠨᠤᠮ ᠪᠤᠷᠤᠯᠠᠬᠤ ᠠᠵᠢᠯᠯᠠᠭ᠎ᠠ ᠪᠡᠷ ᠵᠤᠭᠰᠤᠬᠤ ᠪᠢᠰᠢ ᠡᠯ᠎ᠡ ᠬᠤᠰᠢᠭᠤ ᠲᠤᠭᠤᠷᠢᠭ ᠤᠨ᠂ ᠰᠤᠮᠤ ᠪᠠᠯᠭᠠᠰᠤᠨ ᠤ ᠨᠠᠭᠠᠳᠤᠮ ᠤᠨ ᠬᠤᠷᠠᠯ᠂ ᠠᠷᠠᠯᠵᠢᠶ᠎ᠠ ᠬᠤᠳᠠᠯᠳᠤᠭᠠᠨ ᠤ ᠳᠡᠯᠬᠡᠨ ᠪᠤᠷᠤᠯᠠᠭᠤᠯᠭ᠎ᠠ ᠪᠡᠷ ᠴᠦᠮ ᠪᠠᠷ᠎ᠠ ᠨᠢ ᠬᠠᠷᠠᠭᠳᠠᠵᠤ᠂ ᠬᠡᠷ ᠤᠨ ᠬᠦᠮᠦᠨ ᠲᠠᠢ ᠪᠠᠨ ᠬᠠᠮᠲᠤ ᠰᠤᠳᠤᠷ ᠨᠤᠮ ᠵᠢᠡᠨ ᠡᠬᠦᠷᠦᠨ ︽ᠬᠠᠯᠠᠭᠤᠨ ᠳ᠋ᠤ ᠬᠠᠯᠠᠵᠤ ᠬᠦᠢᠲᠡᠨ ᠳ᠋ᠤ ᠬᠦᠷᠦᠵᠤ︾ ᠶᠠᠪᠤᠭ᠎ᠠ ᠨᠢ ᠮᠠᠭᠲᠠᠭᠤᠰᠢᠲᠠᠢ᠃ ᠨᠡᠡᠭ ᠴᠤ ᠰᠢᠨ᠎ᠡ ᠴᠠᠭ ᠦᠶ᠎ᠡ ᠵᠢᠨ ᠰᠢᠨᠵᠢᠯᠡᠬᠡ ᠮᠡᠷᠬᠡᠵᠢᠯ ᠤᠨ ᠬᠦᠲᠦᠴᠢ ᠪᠤᠯᠤᠭᠰᠠᠨ ᠲᠢᠺ ᠲᠤᠺ ᠶ᠋ᠢ ᠠᠰᠢᠭᠯᠠᠨ᠂ ᠨᠤᠮ ᠪᠤᠷᠤᠯᠠᠭᠤᠭᠠ ᠵᠢᠨ ᠵᠠᠮ ᠮᠦᠷ ᠵᠢᠡᠨ ᠵᠠᠷᠯᠠᠨ ᠮᠡᠳᠡᠭᠳᠡᠵᠤ ᠶᠠᠪᠤᠭ᠎ᠠ ᠨᠢ ᠤᠨᠭᠰᠢᠭᠴᠢᠳ ᠲᠤ ᠶᠡᠭᠡ ᠲᠦᠭᠦᠮ ᠪᠤᠯᠵᠠᠢ᠃ ᠨᠤᠮ ᠤᠨ ᠴᠠᠭᠠᠨ ᠪᠤᠶᠠᠨ ᠠᠰᠢᠳᠠ ᠳᠡᠯᠬᠡᠷᠡᠬᠦ ᠪᠤᠯᠲᠤᠭᠠᠢ︕