ᠲᠡᠮᠡᠴᠡᠯ ᠤᠨ ᠦᠨᠦᠷ ᠲᠠᠢ ᠠᠮᠢᠳᠤᠷᠠᠯ ᠲᠡᠨᠢᠭᠦᠨ

 ᠄ 2025-11-11 10:47:03

    ᠤᠷᠴᠢᠮ ᠤᠨ ᠵᠢᠯ ᠠᠴᠠ ᠵᠠᠯᠠᠭᠤᠴᠤᠳ ᠨᠣᠳᠤᠭ ᠲᠠᠭᠠᠨ ᠪᠣᠴᠠᠵᠤ ᠦᠪᠡᠷ ᠢᠶᠠᠨ ᠠᠵᠢᠯ ᠤᠶᠢᠯᠡᠰ ᠡᠷᠬᠢᠯᠡᠭᠦ ᠨᠢ ᠤᠯᠠᠮ ᠠᠴᠠ ᠤᠯᠠᠮ ᠤᠯᠠᠨ ᠬᠠᠷᠠᠭᠳᠠᠬᠤ ᠪᠤᠯᠵᠠᠢ᠃ ᠠᠵᠢᠯᠴᠢ ᠬᠤᠶᠠᠷ ᠭᠠᠷ ᠢᠶᠠᠷ ᠢᠶᠠᠨ ᠠᠵᠠ ᠠᠮᠢᠳᠤᠷᠠᠯ ᠢᠶᠠᠨ ᠪᠤᠰᠬᠠᠵᠤ᠂ ᠠᠷᠢᠭᠤᠨ ᠬᠦᠳᠡᠯᠮᠤᠷᠢ ᠪᠠᠷ ᠢᠶᠠᠨ ᠲᠤᠷᠠᠳᠠᠢ ᠤᠶᠢᠯᠡᠰ ᠢᠶᠠᠨ ᠡᠷᠬᠢᠯᠡᠵᠦ ᠶᠠᠪᠤᠭ᠎ᠠ ᠰᠢᠨ᠎ᠠ ᠡᠷᠢᠨ ᠤ ᠵᠠᠯᠠᠭᠤᠰ ᠤᠨ ᠲᠤᠳᠤᠷᠠᠭᠢ ᠨᠢᠭᠡᠨ ᠨᠢ ᠲᠠᠷᠤᠢ ᠦᠤᠰᠢᠨ ᠬᠤᠰᠢᠭᠤᠨ ᠤ ᠭᠠᠯᠠᠭᠤᠳᠤ ᠪᠠᠯᠭᠠᠰᠤᠨ ᠳ᠋ᠤ ᠭᠤᠯᠢᠷ ᠤᠨ ᠬᠤᠭᠤᠯᠠᠨ ᠭᠡᠷ ᠨᠡᠭᠡᠭᠡᠵᠦ ᠪᠠᠶᠢᠭ᠎ᠠ ᠪᠠᠭᠠᠨ᠎ᠠ ᠪᠤᠯᠤᠨ᠎ᠠ᠃ ︽ᠡᠳᠣᠷ ᠤᠨ ᠠᠵᠢᠯ ᠦᠷᠯᠥᠭᠡ ᠠᠴᠠ︾ ᠭᠡᠳᠡᠭ᠍ᠴᠢᠯᠡᠨ ᠪᠠᠭᠠᠨ᠎ᠠ ᠪᠤᠯᠤᠨ ᠴᠠᠨ᠎ᠠ ᠬᠤᠶᠠᠭᠤᠯᠠ ᠪᠠᠨ ᠤᠷᠭᠤᠬᠤ ᠨᠠᠷᠡ ᠲᠠᠢ ᠤᠷᠤᠯᠳᠤᠨ ᠡᠳᠤᠷ ᠤᠨ ᠠᠵᠢᠯ ᠢᠶᠠᠨ ᠡᠷᠲᠡᠯᠡᠨ ᠡᠬᠢᠯᠡᠭᠦᠯᠳᠡᠭ ᠪᠠᠶᠢᠨ᠎ᠠ᠃ ᠲᠡᠳᠡ ᠬᠤᠶᠠᠭᠤᠯᠠ ᠦᠷᠯᠥᠭᠡ ᠡᠷᠲᠠ ᠬᠤᠭᠤᠯᠠᠨ ᠭᠡᠷ ᠲᠡᠭᠡᠨ ᠢᠷᠡᠮᠡᠭ᠍ᠴᠡ ᠦᠭᠡᠷ ᠤᠨ ᠮᠢᠬ᠎ᠠ ᠪᠠᠨ ᠴᠢᠨᠠᠬᠤ᠂ ᠭᠤᠯᠢᠷ ᠨᠤᠬᠤᠬᠤ᠂ ᠮᠢᠬ᠎ᠠ ᠭᠡᠷᠴᠢᠭᠦ᠂ ᠤᠬᠢᠶᠠᠵᠤ ᠴᠡᠪᠡᠷᠯᠡᠭᠦ ᠵᠡᠷᠭᠡ ᠠᠵᠢᠯ ᠢᠶᠠᠨ ᠬᠢᠵᠦ ᠦᠳᠠ ᠢᠢᠨ ᠬᠤᠭᠤᠯᠡ ᠪᠤᠶᠤ ᠤᠷᠤᠢ ᠢᠢᠨ ᠬᠤᠭᠤᠯᠠᠨ ᠳ᠋ᠠᠭᠠᠨ ᠪᠡᠯᠡᠳᠭᠡᠯ ᠬᠢᠳᠡᠭ ᠪᠠᠶᠢᠨ᠎ᠠ᠃ ᠪᠠᠭᠠᠨ᠎ᠠ ᠢᠢᠨ ᠭᠡᠷᠭᠡᠢ ᠴᠠᠨ᠎ᠠ ᠪᠣᠯ ᠰᠢᠯᠢ ᠢᠢᠨ ᠭᠤᠣᠯ ᠠᠶᠢᠮᠭ ᠢᠢᠨ ᠤᠤᠭᠠᠯ ᠪᠠᠶᠢᠵᠤ᠂ ᠰᠢᠯᠢ ᠢᠢᠨ ᠭᠤᠣᠯ ᠢᠢᠨ ᠤᠨᠴᠠᠯᠢᠭᠳᠤ ᠢᠳᠡᠭᠡᠨ ᠤᠮᠳᠠᠭᠠᠨ ᠢ ᠰᠠᠶᠢᠬᠠᠨ ᠬᠢᠵᠤ ᠴᠢᠳᠠᠳᠠᠭ ᠪᠤᠯᠬᠤᠷ ᠡᠳᠡᠨ ᠤ ᠬᠢᠨ ᠭᠤᠤᠯᠳᠠᠭᠤ ᠦᠬᠡᠷ ᠤᠨ ᠮᠢᠬᠠᠨ ᠭᠤᠯᠢᠷ ᠪᠤᠳᠠᠭ᠎ᠠ᠂ ᠱᠠᠯᠪᠢᠡᠭ᠂ ᠰᠦ ᠲᠠᠢ ᠴᠠᠢ ᠵᠡᠷᠭᠡ ᠰᠢᠯᠢ ᠢᠢᠨ ᠭᠤᠣᠯ ᠤᠨ ᠣᠨᠴᠠᠯᠢᠭᠲᠤ ᠢᠳᠡᠭᠡᠨ ᠤᠮᠳᠠᠭᠠᠨ ᠢ ᠬᠢᠵᠦ ᠬᠤᠳᠠᠯᠳᠤᠳᠠᠭ ᠪᠠᠶᠢᠨ᠎ᠠ᠃

︽ᠵᠠᠶᠠᠭᠠᠨ ᠤ ᠬᠠᠨᠢ ᠵᠠᠮ ᠲᠡᠭᠡᠷ᠎ᠡ︾ ᠭᠡᠳᠡᠭ᠍ᠴᠢᠯᠡᠨ ᠪᠠᠭᠠᠨ᠎ᠠ ᠴᠠᠨ᠎ᠠ ᠬᠤᠶᠠᠷ ᠠᠭᠤᠳᠠᠮ ᠬᠤᠷᠸ᠎ᠠ ᠢᠢᠨ ᠡᠩ ᠦᠭᠡᠢ ᠵᠡᠢ ᠳᠤ᠂ ᠤᠴᠠᠷᠠᠯ ᠲᠠᠪᠢᠯᠡᠩ ᠢᠷᠤᠭᠡᠯ ᠪᠠᠷᠢᠯᠳᠤᠯᠭ᠎ᠠ ᠢᠢᠨ ᠬᠤᠪᠢ ᠪᠠᠷ 2023 ᠣᠨ ᠳᠤ ᠬᠤᠷᠢᠮ ᠢᠶᠠᠨ ᠬᠢᠵᠦ ᠵᠢᠷᠭᠠᠯᠳᠤ ᠠᠮᠢᠳᠤᠷᠠᠯ ᠢᠶᠠᠨ ᠴᠤᠭᠴᠠᠯᠠᠵᠠᠢ᠃ ᠤᠷᠳᠤᠰ ᠬᠤᠳᠠ ᠢᠢᠨ ᠠᠷᠡᠳ ᠤᠨ ᠰᠢᠭᠦᠭᠦ ᠬᠤᠷᠢᠶᠠᠨ ᠳᠤ ᠠᠵᠢᠯᠯᠠᠵᠤ ᠪᠠᠶᠢᠭᠰᠠᠨ ᠪᠠᠭᠠᠨ᠎ᠠ 2023 ᠣᠨ ᠳᠤ ᠬᠤᠷᠢᠮ ᠬᠢᠭ᠍ᠰᠡᠨ ᠤ ᠲᠠᠷᠠᠭ᠎ᠠ ᠨᠣᠳᠤᠭ ᠲᠠᠭᠠᠨ ᠪᠤᠴᠠᠨ ᠬᠤᠰᠢᠭᠤᠨ ᠤ ᠲᠥᠪ ᠲᠡᠭᠡᠷ᠎ᠡ ᠦᠪᠡᠷ ᠤᠨ ᠪᠡᠶ᠎ᠡ ᠪᠠᠨ ᠳᠠᠭᠠᠭᠠᠭᠰᠠᠨ ᠠᠵᠢᠯ ᠤᠶᠢᠯᠡᠰ ᠡᠷᠬᠢᠯᠡᠭᠦ ᠪᠠᠷ ᠤᠯᠠᠨ ᠴᠤ ᠠᠵᠢᠯ ᠢ ᠬᠠᠶᠢᠨ ᠰᠤᠩᠭᠤᠵᠤ ᠶᠠᠪᠤᠬᠰᠠᠨ ᠪᠢᠯᠡ᠃ ᠲᠡᠷᠡ ᠪᠠᠷ ᠰᠦᠨᠢᠳ ᠨᠤᠳᠤᠭ ᠤᠨ ᠦᠭᠡᠷ ᠤᠨ ᠮᠢᠬ᠎ᠠ ᠢᠢ ᠦᠤᠰᠢᠨ ᠨᠤᠳᠤᠭ ᠲᠤ ᠬᠤᠳᠠᠯᠳᠤᠬᠤ ᠢᠢᠨ ᠬᠠᠮᠳᠤ ᠦᠤᠰᠢᠨ ᠬᠤᠰᠢᠭᠤᠨ ᠳᠤ ᠪᠠᠶᠢᠬᠤ ᠦᠭᠡᠢ ᠮᠤᠩᠭᠤᠯ ᠬᠤᠭᠤᠯᠠ ᠢᠢ ᠬᠤᠳᠠᠯᠳᠤᠬᠤ ᠢᠢ ᠵᠤᠷᠢᠵᠦ ᠪᠠᠭᠠᠨ᠎ᠠ ᠴᠠᠨ᠎ᠠ ᠬᠤᠶᠠᠭᠤᠯᠠ ᠢᠳᠡᠬᠡᠯ ᠰᠡᠳᠭᠢᠯ᠂ ᠰᠠᠨᠠᠭ᠎ᠠ ᠵᠣᠷᠢᠭ ᠪᠠᠨ ᠨᠢᠭᠡᠳᠭᠡᠵᠦ 2024 ᠣᠨ ᠳᠤ ᠦᠤᠰᠢᠨ ᠬᠤᠰᠢᠭᠤᠨ ᠤ ᠭᠠᠯᠠᠭᠤᠳᠤ ᠪᠠᠯᠭᠠᠰᠤᠨ ᠲᠥᠪ ᠲᠡᠭᠡᠷ᠎ᠡ ︽ᠲᠡᠮᠥᠴᠢ︾ ᠭᠤᠯᠢᠷ ᠤᠨ ᠬᠤᠭᠤᠯᠠᠨ ᠭᠡᠷ ᠨᠡᠭᠡᠭᠡᠭ᠍ᠰᠡᠨ ᠪᠠᠶᠢᠨ᠎ᠠ᠃

︽ᠬᠦᠮᠦᠰ ᠠᠮᠢᠳᠤᠷᠠᠯ ᠤᠨ ᠡᠷᠬᠡ ᠪᠠᠷ ᠲᠦᠮᠡ ᠮᠢᠩᠭᠠᠨ ᠠᠵᠢᠯ ᠲᠥᠷᠦᠯ ᠢ ᠰᠤᠩᠭᠤᠨ ᠲᠤᠰ ᠲᠤᠰ ᠤᠨ ᠢᠶᠠᠨ ᠠᠵᠢᠯ ᠦᠢᠯᠡᠰ ᠢᠶᠠᠨ ᠡᠷᠬᠢᠯᠡᠨ ᠶᠠᠪᠤᠳᠠᠭ ᠴᠤ᠂ ᠬᠠᠷᠢᠨ ᠠᠵᠢᠯ ᠲᠥᠷᠥᠯ ᠨᠢᠭᠡᠪᠦᠷᠢ ᠳᠡᠭᠡᠨ ᠭᠢᠯᠠᠷᠠᠭᠤᠯᠵᠤ ᠶᠠᠪᠤᠬᠤ ᠵᠢᠳᠬᠦᠯ ᠴᠢᠷᠮᠠᠶᠢᠯᠭ᠎ᠠ ᠨᠢ ᠴᠥᠮ ᠠᠳᠠᠯᠢ ᠪᠠᠶᠢᠳᠠᠭ ᠰᠠᠨ᠃ ᠦᠪᠡᠷ ᠢᠶᠠᠨ ᠤᠶᠢᠯᠡᠰ ᠪᠤᠰᠬᠠᠬᠤ ᠨᠢ ᠠᠯᠪᠠᠨ ᠠᠵᠢᠯ ᠲᠠᠢ ᠬᠠᠷᠢᠴᠠᠭᠤᠯᠪᠠᠯ ᠶᠠᠳᠠᠷᠠᠭ᠎ᠠ ᠶᠡᠬᠡᠲᠡᠢ᠂ ᠬᠦᠴᠢᠷᠳᠡᠯ ᠠᠷᠪᠢᠨ ᠪᠠᠶᠢᠳᠠᠭ ᠨᠢ ᠯᠡᠪᠳᠡᠢ᠂ ᠭᠡᠭᠦ ᠳᠤ ᠦᠪᠡᠷ ᠤᠨ ᠲᠤᠷ᠎ᠠ ᠲᠠᠢ ᠶᠠᠭᠤᠮ᠎ᠠ ᠪᠠᠨ ᠬᠢᠬᠦ ᠪᠠᠷ ᠤᠷᠮ᠎ᠠ ᠵᠣᠷᠢᠭ ᠢᠲᠡᠭᠡᠯ ᠲᠠᠢ ᠪᠠᠶᠢᠳᠠᠭ︾ ᠭᠡᠵᠦ ᠪᠠᠭᠠᠨ᠎ᠠ ᠪᠢᠳᠡᠨ ᠳᠤ ᠶᠠᠷᠢᠯ᠎ᠠ᠃ ᠡᠨᠡ ᠨᠢ ᠦᠢ ᠤᠯᠠᠨ ᠵᠠᠯᠠᠭᠤᠰ ᠤᠨ ᠠᠵᠢᠯ ᠠᠮᠢᠳᠤᠷᠠᠯ ᠳ᠋ᠠᠭᠠᠨ ᠬᠠᠨᠳᠤᠬᠤ ᠪᠠᠶᠠᠰᠤᠩᠭᠤᠢ ᠤᠪᠤᠷ᠂ ᠬᠦᠰᠡᠯ ᠵᠤᠷᠢᠯᠳᠡ ᠢᠢᠨ ᠢᠶᠠᠨ ᠲᠥᠯᠥᠭᠡ ᠵᠤᠷᠢᠭᠳᠡᠢ ᠲᠡᠮᠡᠤᠯᠡᠭᠦ ᠡᠷᠴᠢ ᠵᠤᠷᠢᠭ ᠢᠢᠨ ᠬᠢᠨᠢ ᠴᠤᠤᠷᠢᠶᠠᠳᠤᠯ ᠪᠣᠶᠣ᠃ ᠪᠠᠭᠠᠨ᠎ᠠ ᠴᠠᠨ᠎ᠠ ᠬᠤᠶᠠᠭᠤᠯᠠ ᠦᠷᠯᠥᠭᠡ ᠡᠷᠲᠠ ᠭᠡᠷ ᠠᠴᠠ ᠪᠠᠨ ᠭᠠᠷᠪᠠᠯ ᠦᠳᠡᠰᠢ ᠤᠷᠤᠢ ᠬᠠᠷᠢᠵᠦ᠂ ᠡᠳᠤᠷ ᠪᠣᠯᠭᠠᠨ ᠢ ᠶᠠᠭᠠᠷᠠᠯᠳᠡᠶᠢᠬᠠᠨ ᠦᠩᠭᠡᠷᠡᠭᠦᠯᠳᠡᠭ ᠪᠤᠯᠪᠠᠴᠤ ᠦᠪᠡᠷ ᠤᠨ ᠰᠤᠩᠭᠤᠭᠰᠠᠨ ᠲᠤᠷ᠎ᠠ ᠲᠠᠢ ᠠᠵᠢᠯ ᠢᠶᠠᠨ ᠬᠢᠵᠦ ᠪᠠᠶᠢᠭ᠎ᠠ ᠪᠤᠯᠬᠤᠷ ᠶᠠᠳᠠᠷᠠᠯ ᠵᠦᠳᠡᠷᠠᠯ ᠤᠨ ᠡᠮᠦᠨ᠎ᠡ ᠶᠠᠷᠤ ᠵᠣᠷᠢᠭ ᠮᠤᠬᠤᠭ᠎ᠠ ᠦᠭᠡᠢ ᠪᠠᠶᠢᠵᠤ᠂ ᠬᠠᠷᠢᠨ ᠬᠤᠭᠤᠯᠠᠨ ᠤ ᠪᠠᠨ ᠴᠢᠨᠡᠷ᠂ ᠦᠨᠦᠷ ᠠᠮᠳᠠ ᠢᠢ ᠪᠠᠳᠤᠯᠠᠵᠤ ᠢᠷᠡᠭ᠍ᠰᠡᠨ ᠢᠶᠠᠷ ᠵᠤᠴᠢᠳ ᠨᠢ ᠤᠯᠠᠮ ᠠᠴᠠ ᠤᠯᠠᠮ ᠠᠷᠪᠢᠨ ᠪᠣᠯᠵᠤ ᠪᠠᠶᠢᠨ᠎ᠠ᠃ ᠬᠤᠭᠤᠯᠠᠨ ᠭᠡᠷ ᠨᠡᠭᠡᠭᠡᠭᠦ ᠳᠤ ᠬᠤᠭᠤᠯᠠᠨ ᠤ ᠴᠢᠨᠡᠷ᠂ ᠦᠨᠦᠷ ᠠᠮᠲᠠ ᠪᠤᠯᠤᠨ ᠤᠶᠢᠯᠡᠴᠢᠯᠡᠭᠡ ᠨᠢ ᠬᠠᠮᠤᠭ ᠠᠴᠠ ᠴᠢᠬᠤᠯᠠ ᠪᠠᠶᠢᠳᠠᠭ ᠶᠤᠮ᠃ ᠪᠠᠭᠠᠨ᠎ᠠ ᠴᠠᠨ᠎ᠠ ᠬᠤᠶᠠᠷ ᠮᠢᠬ᠎ᠠ ᠰᠤᠩᠭᠤᠬᠤ᠂ ᠮᠢᠬ᠎ᠠ ᠴᠢᠨᠠᠬᠤ᠂ ᠭᠤᠯᠢᠷ ᠨᠤᠬᠤᠬᠤ᠂ ᠦᠨᠦᠷ ᠠᠮᠲᠠ ᠢᠢ ᠲᠤᠬᠢᠷᠠᠭᠤᠯᠬᠤ ᠵᠡᠷᠭᠡ ᠠᠵᠢᠯ ᠳᠠᠭᠠᠨ ᠮᠠᠰᠢ ᠨᠠᠷᠢᠨ ᠬᠢᠨᠠᠮᠠᠭᠠᠢ ᠬᠠᠨᠳᠤᠵᠤ ᠤᠶᠢᠯᠡᠴᠢᠯᠡᠭᠡ ᠪᠠᠨ ᠴᠤ ᠰᠠᠶᠢᠨ ᠬᠢᠳᠡᠭ ᠪᠠᠶᠢᠯ᠎ᠠ᠃ ᠤᠶᠢᠯᠠᠭᠠᠬᠰᠠᠨ ᠵᠢᠡᠷ᠂ ᠡᠲᠠ ᠬᠤᠶᠠᠭᠤᠯᠠ ᠦᠭᠡᠷ ᠤᠨ ᠮᠢᠬ᠎ᠠ ᠪᠠᠨ ᠪᠦᠷ ᠴᠠᠨ᠎ᠠ ᠢᠢᠨ ᠨᠤᠳᠤᠭ ᠰᠢᠯᠢ ᠢᠢᠨ ᠭᠤᠣᠯ ᠠᠴᠠ ᠤᠷᠤᠭᠤᠯᠤᠨ ᠠᠪᠴᠢᠷᠠᠳᠠᠭ ᠪᠠᠶᠢᠨ᠎ᠠ᠃

ᠦᠪᠡᠷ ᠤᠨ ᠤᠶᠤᠨ ᠤᠬᠠᠭᠠᠨ ᠪᠤᠯᠤᠨ ᠠᠵᠢᠯᠴᠢ ᠬᠤᠶᠠᠷ ᠭᠠᠷ ᠵᠢᠡᠨ ᠳᠦᠰᠢᠭ᠍ᠯᠡᠵᠤ ᠠᠮᠢᠳᠤᠷᠠᠬᠤ ᠨᠢ ᠡᠨᠡ ᠳᠡᠯᠡᠭᠡᠢ ᠳᠤ ᠡᠷᠭᠢᠮᠰᠦᠭ ᠠᠮᠢᠳᠤᠷᠠᠬᠤ ᠵᠢᠨ ᠠᠷᠭ᠎ᠠ ᠶᠤᠮ ᠰᠠᠨ᠃ ᠦᠨᠦᠳᠦᠷ ᠤᠨ ᠮᠤᠩᠭᠤᠯ ᠵᠠᠯᠠᠭᠤᠰ ᠦᠪᠡᠷ ᠦᠪᠡᠷ ᠤᠨ ᠢᠶᠠᠨ ᠠᠷᠭ᠎ᠠ ᠮᠠᠶ᠋ᠢᠭ ᠢᠶᠠᠷ ᠠᠮᠢᠳᠤᠷᠠᠯ ᠤᠨ ᠵᠠᠮ ᠮᠦᠷ ᠢᠶᠠᠨ ᠰᠤᠩᠭᠤᠵᠤ᠂ ᠲᠡᠭᠦᠨ ᠢᠶᠠᠨ ᠤᠶᠢᠭ᠎ᠠ ᠦᠭᠡᠢ ᠭᠦᠳᠡᠯᠮᠦᠷᠢ ᠵᠢᠳᠭᠦᠯ ᠢᠶᠠᠷ ᠢᠶᠠᠨ ᠬᠢᠴᠢᠶᠠᠨ ᠪᠠᠷᠢᠮᠲᠠᠯᠠᠵᠤ ᠶᠠᠪᠤᠵᠠᠭᠠᠨ᠎ᠠ᠃ ᠥᠷᠥᠭᠡᠯ ᠤᠨ ᠨᠤᠲᠤᠭ ᠲᠤ ᠬᠠᠭᠠᠰ ᠵᠢᠷᠭᠠᠵᠤ᠂ ᠦᠪᠡᠷ ᠤᠨ ᠨᠤᠲᠤᠭ ᠲᠠᠭᠠᠨ ᠪᠦᠲᠦᠨ ᠵᠢᠷᠭᠠᠨ᠎ᠠ ᠭᠡᠳᠡᠭ᠍ᠴᠢᠯᠡᠨ ᠭᠡᠲᠡ ᠪᠠᠨ ᠮᠠᠨᠠᠵᠤ᠂ ᠭᠤᠯᠤᠮᠲᠠ ᠪᠠᠨ ᠲᠤᠯᠭᠠᠯᠠᠵᠤ ᠶᠠᠪᠤᠭ᠎ᠠ ᠡᠨᠡ ᠠᠵᠢᠯᠴᠢ ᠮᠦᠷᠲᠡᠭᠡᠨ ᠤᠬᠠᠭᠠᠨᠯᠢᠭ ᠨᠢᠭᠡᠨ ᠬᠤᠤᠰ ᠤᠨ ᠠᠮᠢᠳᠤᠷᠠᠯ ᠥᠭᠡᠳᠡ ᠬᠡᠶᠢᠮᠤᠷᠢ ᠲᠠᠢ ᠦᠷᠭᠦᠯᠵᠢᠯᠡᠭ᠍ᠰᠡᠭᠡᠷ ᠁