︽ᠵᠣᠭᠣᠰ ᠤᠨ ᠲᠣᠭ᠎ᠠ ᠨᠢ ᠲᠤᠩ ᠪᠠᠭ᠎ᠠ ᠪᠣᠯᠬᠣᠷ ᠬᠡᠨ ᠴᠦ ᠠᠩᠬᠠᠷᠤᠯ ᠳᠠᠭᠠᠨ ᠠᠪᠬᠤ ᠦᠭᠡᠢ ᠭᠡᠵᠦ ᠪᠤᠳᠤᠵᠠᠢ᠃ ᠤᠳᠤ ᠰᠠᠶ᠋ᠢ ᠴᠠᠭᠠᠰᠤ ᠭᠠᠯ ᠢ ᠪᠣᠭᠣᠵᠤ ᠴᠢᠳᠠᠬᠤ ᠦᠭᠡᠢ ᠭᠡᠳᠡᠭ ᠢ ᠮᠡᠳᠡᠯ᠎ᠡ᠂ ᠪᠢ ᠦᠨᠡᠬᠡᠷ ᠬᠤᠤᠳᠤᠤ ᠳᠠᠩᠰᠠ ᠪᠠᠨ ᠪᠤᠳᠤᠴᠢᠬᠠᠵᠠᠢ︾ᠭᠡᠵᠦ ᠬᠠᠷᠠᠮᠥ᠋ᠷᠡᠨ ᠮᠤᠵᠢ ᠢᠢᠨ ᠪᠠᠶ ᠴᠢᠦᠸᠠᠨ ᠰᠢᠶᠠᠨ ᠤ ᠱᠠᠩ ᠱᠧᠩ ᠰᠢᠶᠠᠩ ᠤᠨ ᠨᠢᠭᠡᠨ ᠭᠠᠴᠠᠭᠠᠨ ᠤ ᠳᠠᠩᠰᠠ ᠮᠡᠳᠡᠭᠦᠯᠦᠭ᠍ᠴᠢ ᠯᠢ ᠣᠪᠣᠭᠲᠥ ᠦᠪᠡᠷ ᠦᠨ ᠲᠣᠭᠲᠠᠭᠠᠯ ᠢ ᠵᠥᠷᠢᠴᠡᠨ︽ᠵᠠᠯᠢ ᠮᠡᠬᠡ︾ ᠬᠡᠷᠡᠭᠯᠡᠨ ᠳᠠᠩᠰᠠᠨ ᠠᠴᠠ ᠬᠢᠨᠠᠵᠤ ᠭᠠᠷᠭᠠᠭᠰᠠᠨ ᠶᠠᠪᠤᠳᠠᠯ ᠵᠢᠡᠨ ᠶᠠᠷᠢᠬᠤ ᠳᠤ ᠲᠤᠩ ᠭᠡᠮᠰᠢᠵᠦ ᠪᠠᠶᠢᠪᠠ᠃
ᠡᠨᠡ ᠵᠢᠯ ᠦᠨ 4 ᠰᠠᠷ᠎ᠠ ᠳᠤ ᠪᠠᠢ ᠴᠢᠦᠸᠠᠨ ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠢᠯᠡ ᠪᠡᠷ ᠪᠠᠶᠢᠴᠠᠭᠠᠵᠤ ᠳᠠᠯᠳᠠᠭᠤᠷ ᠰᠤᠷᠪᠤᠯᠵᠢᠯᠠᠬᠤ ᠠᠵᠢᠯ ᠢ ᠵᠣᠬᠢᠶᠠᠨ ᠪᠠᠶᠢᠭᠤᠯᠵᠤ ᠥᠷᠨᠢᠭᠦᠯᠵᠡᠢ᠃ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠺᠠᠳ᠋ᠷᠴᠤᠳ ᠲᠣᠰ ᠭᠠᠴᠠᠭᠠᠨ ᠤ ᠱᠠᠲᠤᠨ ᠤ ᠲᠠᠩᠰᠠ ᠬᠠᠷ᠎ᠠ ᠪᠠ ᠭᠠᠴᠠᠭᠠᠨ ᠤ ᠬᠠᠮᠲᠤ ᠢᠢᠨ ᠠᠵᠤ ᠠᠬᠤᠶ ᠢᠢᠨ ᠲᠠᠩᠰᠠ ᠢᠢ ᠪᠠᠶᠢᠴᠠᠭᠠᠬᠤ ᠳᠤ᠂ ᠨᠢᠭᠡ ᠬᠠᠭᠤᠳᠠᠰᠤ 2020 ᠣᠨ ᠳᠤ ᠬᠢᠨᠠᠵᠤ ᠭᠠᠷᠭᠠᠭᠰᠠᠨ ᠪᠠᠷᠢᠮᠲᠠ ᠨᠢ ᠬᠡᠪ ᠦᠨ ᠪᠤᠰᠤ ᠪᠠᠶᠢᠳᠠᠯ ᠲᠠᠶ ᠪᠠᠶᠢᠬᠤ ᠢᠢ ᠣᠯᠵᠤ ᠮᠡᠳᠡᠪᠡ᠃ ᠱᠠᠩ ᠱᠧᠩ ᠰᠢᠶᠠᠩ ᠤᠨ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠲᠡᠷᠡ ᠳᠠᠷᠤᠶ ᠳᠤᠨᠢ ᠯᠢ ᠣᠪᠣᠭᠲᠤ ᠢᠢ ᠡᠷᠢᠵᠦ ᠤᠴᠢᠪᠠ᠃
︽ᠳᠠᠩᠰᠠᠨ ᠠᠴᠠ ᠬᠢᠨᠠᠵᠤ ᠭᠠᠷᠭᠠᠭᠰᠠᠨ ᠪᠠᠷᠢᠮᠲᠠ ᠵᠢ ᠦᠵᠡᠪᠡᠯ᠂ ᠭᠠᠴᠠᠭᠠᠨ ᠠᠴᠠ 3 ᠤᠳᠠᠭ᠎ᠠ ᠭᠤᠯᠳᠤᠩ ᠬᠣᠭᠣᠯᠠᠶ ᠲᠠᠲᠠᠵᠤ᠂ ᠠᠵᠢᠯᠴᠢᠨ ᠬᠡᠷᠡᠭ᠍ᠯᠡᠬᠦ ᠵᠠᠷᠤᠳᠠᠯ 350 ᠲᠥᠭᠥᠷᠢᠭ ᠪᠠᠶᠢᠪᠠ᠃ ᠡᠭᠦᠨ ᠡᠴᠡ ᠡᠮᠦᠨ᠎ᠡ ᠭᠠᠴᠠᠭᠠᠨ ᠠᠴᠠ ᠨᠢᠭᠡ ᠤᠳᠠᠭ᠎ᠠ ᠭᠤᠯᠳᠤᠩ ᠬᠣᠭᠣᠯᠠᠶ ᠲᠠᠲᠠᠬᠤ ᠳᠤ ᠠᠵᠢᠯᠴᠢᠨ ᠬᠡᠷᠡᠭ᠍ᠯᠡᠬᠦ ᠵᠠᠷᠤᠳᠠᠯ ᠨᠢ ᠴᠥᠮ 100 ᠲᠥᠭᠥᠷᠢᠭ ᠪᠠᠶᠢᠭᠰᠠᠨ ᠪᠠᠶᠢᠲᠠᠯ᠎ᠠ ᠶᠠᠭᠠᠬᠢᠭᠠᠳ ᠡᠨᠡ ᠤᠳᠠᠭ᠎ᠠ ᠦᠨ᠎ᠡ ᠨᠢ ᠥᠰᠦᠭᠰᠡᠨ ᠪᠤᠢ︾ᠭᠡᠵᠦ ᠱᠠᠩ ᠱᠧᠩ ᠰᠢᠶᠠᠩ ᠤᠨ ᠰᠠᠬᠢᠯᠭ᠎ᠠ ᠪᠠᠲᠤ ᠪᠠᠶᠢᠴᠠᠭᠠᠬᠤ ᠬᠣᠷᠢᠶᠠᠨ ᠤ ᠱᠦᠵᠢ ᠳ᠋ᠦᠩ ᠲᠢᠶᠠᠨ ᠬᠤᠤ ᠰᠢᠭᠤᠳ ᠠᠰᠠᠭᠤᠯ᠎ᠠ᠃ ᠨᠢᠭᠡ ᠵᠡᠷᠭᠡ ᠤᠬᠤᠴᠢᠯᠠᠨ ᠠᠰᠠᠭᠤᠭᠰᠠᠨ ᠤ ᠳᠠᠷᠠᠭ᠎ᠠ᠂ ᠯᠢ ᠣᠪᠣᠭᠲᠤ ᠡᠴᠦᠰ ᠲᠡᠬᠡᠨ ᠦᠨᠡᠨ ᠪᠠᠶᠢᠳᠠᠯ ᠢᠶᠠᠨ ᠬᠡᠯᠡᠵᠦ ᠭᠠᠷᠭᠠᠪᠠ᠄︽ᠪᠢ ᠪᠤᠷᠤᠭᠤᠳᠠᠵᠠᠶ᠂ ᠲᠡᠷᠡ ᠦᠶ᠎ᠡ ᠳᠤ ᠪᠢ ᠬᠤᠤᠳᠤᠤᠷᠠᠭᠠᠳ ᠮᠠᠭᠤ ᠤᠬᠠᠭᠠᠨ ᠭᠠᠷᠭᠠᠵᠠᠢ᠃ ᠥᠩᠭᠡᠷᠡᠭ᠍ᠰᠡᠨ ᠳᠦ ᠬᠥᠳᠡᠭᠡ ᠳᠦ ᠬᠤᠷᠠᠯ ᠬᠢᠬᠦ ᠳᠤ ᠢᠳᠡᠭᠰᠡᠨ ᠦᠳᠡ ᠵᠢᠨ ᠬᠤᠭᠤᠯᠠᠨ ᠤ 50 ᠲᠥᠭᠥᠷᠢᠭ ᠢ ᠨᠡᠮᠡᠵᠦ ᠳᠠᠩᠰᠠᠨ ᠠᠴᠠ ᠬᠢᠨᠠᠨ ᠭᠠᠷᠭᠠᠵᠠᠢ᠃ ᠵᠣᠭᠣᠰ ᠤᠨ ᠲᠤᠭ᠎ᠠ ᠶᠡᠬᠡ ᠪᠢᠰᠢ ᠶᠤᠮ ᠴᠢᠨᠢ ᠶᠡᠬᠡ ᠤᠴᠢᠷ ᠪᠤᠯᠬᠤ ᠦᠭᠡᠢ᠂ ᠬᠡᠨ ᠳᠤ ᠴᠤ ᠰᠡᠷᠡᠭ᠍ᠳᠡᠬᠦ ᠦᠭᠡᠶ ᠭᠡᠵᠦ ᠪᠤᠳᠤᠵᠤ ᠪᠠᠶᠢᠵᠠᠶ ᠁ ︾ ᠭᠡᠵᠦ ᠬᠡᠯᠡᠪᠡ᠃ ︽ᠴᠢ ᠭᠠᠴᠠᠭᠠᠨ ᠤ ᠺᠠᠳ᠋ᠷ ᠪᠣᠯᠤᠭᠰᠠᠨ ᠤ ᠬᠤᠪᠢ ᠳᠤ᠂ ᠭᠠᠴᠠᠭᠠᠨ ᠤ ᠬᠠᠮᠲᠤ ᠢᠢᠨ ᠪᠡᠯᠡ ᠮᠥᠩᠭᠥ ᠢᠢ ᠬᠡᠷᠡᠭ᠍ᠯᠡᠨ ᠬᠤᠪᠢ ᠬᠥᠮᠦᠨ ᠦ ᠡᠭᠦᠷᠭᠡᠯᠡᠬᠦ ᠶᠣᠰᠣᠲᠠᠶ ᠬᠣᠭᠣᠯᠠᠨ ᠤ ᠵᠠᠷᠤᠳᠠᠯ ᠢ ᠳᠥᠯᠥᠭ᠍ᠰᠡᠨ ᠨᠢ ᠲᠣᠭᠲᠠᠭᠠᠯ ᠠᠴᠠ ᠵᠥᠷᠢᠴᠡᠨ ᠢᠳᠡᠵᠦ ᠤᠤᠭᠤᠭᠰᠠᠨ ᠠᠵᠢᠯᠯᠠᠭ᠎ᠠ ᠳᠤ ᠲᠣᠭᠠᠴᠠᠭᠳᠠᠨ᠎ᠠ︾ ᠭᠡᠰᠡᠨ ᠳ᠋ᠦᠩ ᠲᠢᠶᠠᠨ ᠬᠤᠤ ᠢᠢᠨ ᠦᠭᠡ ᠢᠢ ᠰᠣᠨᠣᠰᠤᠭᠠᠳ ᠯᠢ ᠣᠪᠣᠭᠲᠤ ᠢᠴᠡᠩᠭᠦᠷᠡᠨ ᠲᠣᠯᠣᠭᠠᠶ ᠪᠥᠬᠥᠢᠪᠡ᠃
ᠬᠠᠮᠤᠭ ᠤᠨ ᠡᠴᠦᠰ ᠲᠦ ᠱᠠᠩ ᠱᠧᠩ ᠰᠢᠶᠠᠩ ᠤᠨ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠯᠢ ᠣᠪᠣᠭᠲᠤ ᠲᠠᠶ ᠶᠠᠷᠢᠯᠴᠠᠨ ᠰᠠᠨᠠᠭᠤᠯᠬᠤ ᠢᠢᠨ ᠬᠠᠮᠲᠤ ᠲᠣᠭᠲᠠᠭᠠᠯ ᠠᠴᠠ ᠵᠥᠷᠢᠴᠡᠨ ᠬᠢᠨᠠᠨ ᠭᠠᠷᠭᠠᠭᠰᠠᠨ 50 ᠲᠥᠭᠥᠷᠢᠭ ᠦᠨ ᠵᠣᠭᠣᠰ ᠢ ᠨᠡᠬᠡᠮᠵᠢᠯᠡᠨ ᠠᠪᠴᠢᠷᠠᠵᠠᠶ᠃ ︽ᠡᠨᠡ ᠤᠳᠠᠭ᠎ᠠ ᠢᠢᠨ ᠰᠤᠷᠭᠠᠮᠵᠢ ᠪᠠᠷ ᠲᠠᠮᠵᠢᠨ᠂ ᠪᠢ ᠨᠠᠮ ᠤᠨ ᠰᠠᠬᠢᠯᠭ᠎ᠠ ᠪᠠᠲᠤ ᠨᠠᠮ ᠤᠨ ᠲᠣᠭᠲᠠᠭᠠᠯ ᠤᠨ ᠮᠡᠳᠡᠯᠭᠡ ᠢᠢᠨ ᠰᠤᠷᠤᠯᠴᠠᠯᠭ᠎ᠠ ᠪᠠᠨ ᠴᠢᠩᠭᠠᠳᠬᠠᠵᠤ᠂ ᠡᠳ᠋ ᠦᠨ ᠶᠠᠪᠤᠳᠠᠯ ᠤᠨ ᠬᠠᠮᠢᠶᠠᠷᠤᠯᠲᠠ ᠢᠢᠨ ᠲᠦᠷᠢᠮ ᠢ ᠨᠠᠷᠢᠨ ᠬᠢᠨᠠᠮᠠᠭᠠᠢ ᠭᠦᠢᠴᠡᠳᠭᠡᠵᠦ᠂ ᠳᠠᠩᠰᠠ ᠮᠡᠳᠡᠭᠦᠯᠬᠦ ᠭᠠᠷ ᠭᠦᠢᠴᠡᠳᠭᠡᠯ ᠢ ᠴᠢᠩᠭ᠎ᠠ ᠬᠡᠷᠡᠭ᠍ᠵᠢᠭᠦᠯᠦᠨᠡ᠁︾ ᠭᠡᠵᠦ ᠯᠢ ᠣᠪᠣᠭᠲᠤ ᠲᠤᠰ ᠭᠠᠴᠠᠭᠠᠨ ᠤ ᠬᠤᠷᠠᠯᠳᠤᠭᠤᠯᠤᠭᠰᠠᠨ ᠰᠡᠷᠡᠮᠵᠢᠯᠡᠭᠦᠯᠬᠦ ᠬᠥᠮᠦᠵᠢᠯ ᠦᠨ ᠬᠤᠷᠠᠯ ᠳᠡᠭᠡᠷ᠎ᠡ ᠦᠪᠡᠷ ᠤᠨ ᠪᠡᠶ᠎ᠡ ᠪᠡᠨ ᠬᠢᠨᠠᠨ ᠰᠢᠭᠦᠮᠵᠢᠯᠡᠵᠡᠢ᠃
︽ᠵᠠᠷᠢᠮ ᠨᠠᠮ ᠤᠨ ᠭᠡᠰᠢᠭᠦᠨ ᠺᠠᠳ᠋ᠷ ᠤᠨ ᠦᠵᠡᠬᠦ ᠪᠡᠷ᠂ ᠥᠪᠡᠷ ᠢᠶᠡᠨ ᠪᠠᠭ᠎ᠠ ᠰᠠᠭ᠎ᠠ ︽ᠵᠢᠵᠢᠭ ᠵᠢᠭᠠᠰᠤ ᠰᠠᠮ︾ ᠢᠳᠡᠪᠡᠯ ᠶᠡᠬᠡ ᠤᠴᠢᠷ ᠭᠠᠷᠬᠤ ᠥᠬᠡᠶ ᠶᠤᠮ ᠭᠡᠵᠦ ᠪᠤᠳᠤᠳᠠᠭ᠃ ᠭᠡᠪᠡᠴᠦ ︽ᠵᠢᠵᠢᠭ ᠵᠢᠭᠠᠰᠤ ᠰᠠᠮ︾ ᠢ ᠤᠳᠠᠭᠠᠨ ᠢᠳᠡᠭᠡᠳ ᠪᠠᠶᠢᠪᠠᠯ ᠠᠶᠠᠨᠳᠠᠭᠠᠨ︽ᠲᠤᠮᠤ ᠵᠢᠭᠠᠰᠤ︾ ᠢᠳᠡᠬᠦ ᠬᠦᠰᠡᠯ ᠡᠷᠡᠮᠡᠯᠵᠡᠯ ᠲᠠᠢ ᠪᠤᠯᠵᠤ᠂ ᠡᠶᠢᠮᠦᠷᠬᠦᠦ ᠪᠤᠳᠤᠯ ᠨᠢ ᠤᠯᠠᠮ ᠠᠴᠠ ᠤᠯᠠᠮ ᠶᠡᠬᠡ ᠪᠤᠯᠳᠠᠭ ᠢ ᠮᠡᠳᠡᠬᠦ ᠦᠭᠡᠢ ᠪᠠᠶᠢᠨ᠎ᠠ᠃ ᠨᠠᠮ ᠤᠨ ᠭᠡᠰᠢᠭᠦᠨ ᠺᠠᠳ᠋ᠷᠴᠤᠳ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠢᠢ ᠰᠢᠨᠲᠠᠷᠠᠰᠢ ᠦᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠠᠪᠬᠤ ᠶᠣᠰᠣ ᠦᠭᠡᠢ ᠵᠦᠢᠯ ᠢ ᠶᠠᠭᠠᠬᠢᠭᠰᠠᠨ ᠴᠤ ᠠᠪᠴᠤ ᠪᠣᠯᠬᠤ ᠦᠭᠡᠢ᠂ ᠴᠠᠭ ᠢᠮᠠᠭᠲᠠ ᠰᠠᠬᠢᠯᠭ᠎ᠠ ᠪᠠᠲᠤ ᠢᠢᠨ ᠪᠠᠷᠢᠮᠵᠢᠶ᠎ᠠ ᠪᠠᠷ ᠥᠪᠡᠷ ᠦᠨ ᠦᠭᠡ ᠶᠠᠷᠢᠶ᠎ᠠ ᠦᠢᠯᠡ ᠠᠵᠢᠯᠯᠠᠭ᠎ᠠ ᠪᠠᠨ ᠰᠢᠯᠭᠠᠨ ᠪᠠᠶᠢᠴᠠᠭᠠᠬᠤ ᠬᠡᠷᠡᠭ᠍ᠲᠡᠢ ᠭᠡᠵᠦ ᠰᠠᠬᠢᠯᠭ᠎ᠠ ᠪᠠᠲᠤ ᠵᠢ ᠬᠡᠷᠡᠭ᠍ᠵᠢᠭᠦᠯᠦᠭ᠍ᠴᠢ ᠬᠡᠯᠡᠪᠡ᠃
︵ᠼᠦᠢ ᠮᠢᠩ ᠲᠡᠶ ᠯᠢᠦ ᠷᠦᠢ ᠰᠢᠦᠸᠠᠢ︶
