ᠮᠠᠯᠵᠢᠬᠤ ᠠᠮᠢᠳᠤᠷᠠᠯ ᠤᠨ ᠶᠠᠪᠤᠴᠠ ᠳ᠋ᠤ ᠰᠦᠷᠦᠭ ᠮᠠᠯ ᠤᠨ ᠲᠤᠮᠳᠠ ᠡᠴᠡ ᠨᠢᠬᠡ ᠬᠤᠶᠠᠷ ᠤᠨᠴᠠᠭᠠᠢ ᠮᠠᠯ ᠪᠠᠶᠢᠳᠠᠭ ᠨᠢ ᠡᠡᠭ ᠤᠨ ᠦᠵᠡᠭᠳᠡᠯ᠃ ᠮᠦᠨᠴᠤ ᠡᠪᠡᠷ ᠲᠠᠢ ᠮᠠᠯ ᠡᠴᠡ ᠬᠡᠯᠡᠪᠡᠯ ᠮᠠᠨ ᠤ ᠬᠠᠵᠠᠭᠤ ᠳ᠋ᠤ ᠦᠬᠡᠷ ᠪᠤᠶᠤ ᠢᠮᠠᠭ᠎ᠠ ᠯᠠ ᠪᠠᠶᠢᠳᠠᠭ ᠡᠴᠡ ᠪᠤᠰᠤ ᠬᠤᠨᠢᠨ ᠳ᠋ᠤ ᠡᠪᠡᠷ ᠤᠷᠭᠤᠬᠤ ᠦᠵᠡᠭᠳᠡᠯ ᠴᠦᠬᠡᠨ ᠪᠢᠯᠡ᠃ ᠠᠷᠭᠠᠯᠢ ᠤᠭᠠᠯᠵᠠ ᠡᠴᠡ ᠤᠯᠠᠷᠢᠵᠤ ᠢᠷᠡᠭᠰᠡᠨ ᠬᠤᠨᠢᠨ ᠤ ᠲᠦᠷᠦᠯ ᠨᠢ ᠤᠳᠤᠬᠠᠨ ᠳ᠋ᠤ ᠡᠪᠡᠷ ᠲᠠᠢ ᠪᠠᠶᠢᠳᠠᠭ ᠴᠤ ᠬᠤᠴᠠ ᠪᠤᠶᠤ ᠡᠷ᠎ᠡ ᠬᠤᠨᠢᠨ ᠳ᠋ᠤ ᠤᠯᠠᠨᠭᠭᠢ ᠳ᠋ᠠᠭᠠᠨ ᠪᠠᠶᠢᠳᠠᠭ ᠡᠴᠡ ᠪᠤᠰᠤ ᠲᠡᠷᠡ ᠪᠤᠯᠭᠠᠨ ᠡᠪᠡᠷ ᠲᠠᠢ ᠨᠢ ᠬᠤᠪᠤᠷ ᠶᠤᠮ᠃ ᠬᠠᠷᠢᠨ ᠦᠨᠦᠳᠦᠷ ᠤᠨ ᠮᠠᠨ ᠤ ᠤᠴᠢᠭᠰᠠᠨ ᠠᠶᠢᠯ ᠳ᠋ᠤ ᠤᠯᠠᠨ ᠡᠪᠡᠷ ᠲᠡᠢ ᠮᠠᠯ ᠨᠡᠯᠢᠶᠡᠳ ᠤᠯᠠᠨ ᠪᠠᠶᠢᠭ᠎ᠠ ᠮᠦᠷᠲᠡᠭᠡᠨ ᠡᠨᠡ ᠨᠢ ᠢᠮᠠᠭ᠎ᠠ ᠪᠢᠰᠢ ᠬᠠᠷᠢᠨ ᠴᠦᠮ ᠬᠤᠨᠢᠳ ᠪᠠᠶᠢᠭ᠎ᠠ ᠪᠤᠯᠬᠤᠷ ᠤᠯᠠᠨ ᠤ ᠠᠨᠭᠬᠠᠷᠤᠯ ᠢ ᠡᠷᠬᠡ ᠦᠭᠡᠢ ᠲᠠᠲᠠᠨ᠎ᠠ᠃
ᠬᠠᠨᠭᠭᠢᠨ ᠬᠤᠰᠢᠭᠤᠨ ᠤ ᠰᠢᠨᠠᠪᠠᠯᠭᠠᠰᠤ ᠵᠢᠨ ᠰᠢᠨᠠᠪᠤᠯᠠᠭ ᠭᠠᠴᠠᠭᠠᠨ ᠤ ᠮᠠᠯᠴᠢᠨ ᠤᠶᠤᠨᠳᠠᠭᠤᠷᠢᠶᠠᠯ᠂ ᠠᠯᠲᠠᠨᠲᠤᠶᠠᠭ᠎ᠠ ᠤᠨ ᠬᠠᠰᠢᠶᠠᠨ ᠳ᠋ᠤ ᠤᠯᠠᠨ ᠡᠪᠡᠷ ᠲᠠᠢ ᠬᠤᠨᠢᠳ ᠤᠳᠤᠬᠠᠨ ᠲᠡᠭᠡᠷ᠎ᠡ ᠪᠡᠨ 20 ᠭᠠᠷᠤᠢ ᠪᠤᠢ᠃ ︽ᠡᠮᠦᠨ᠎ᠡ ᠡᠮᠦᠨ᠎ᠡ ᠵᠢᠯ ᠤᠳ ᠲᠤ ᠡᠶᠢᠮᠤᠷᠬᠦᠦ ᠬᠤᠨᠢᠳ ᠵᠢᠡᠨ ᠬᠤᠳᠠᠯᠳᠤᠭᠰᠠᠨ ᠦᠭᠡᠢ ᠪᠤᠯ ᠡᠳᠦᠢ ᠳ᠋ᠤ ᠲᠦᠴᠢ ᠲᠠᠪᠢᠭᠠᠳ ᠪᠤᠯᠤᠭᠰᠠᠨ ᠪᠠᠶᠢᠬᠤ︾ᠬᠡᠵᠤ ᠠᠯᠲᠠᠨᠲᠤᠶᠠᠭ᠎ᠠ ᠶᠠᠷᠢᠵᠤ ᠪᠠᠶᠢᠯ᠎ᠠ᠃ ᠲᠡᠭᠡᠪᠡᠯ ᠡᠨᠡ ᠠᠶᠢᠯ ᠳ᠋ᠤ ᠶᠠᠭᠠᠬᠢᠭᠠᠳ ᠤᠯᠠᠨ ᠡᠪᠡᠷ ᠲᠠᠢ ᠬᠤᠨᠢ ᠡᠶᠢᠮᠤ ᠠᠷᠪᠢᠨ ᠪᠠᠶᠢᠳᠠᠭ ᠪᠤᠯ︖ ᠠᠨᠭᠬ᠎ᠠ 2008 ᠤᠨ ᠳ᠋ᠤ ᠡᠳᠡᠨ ᠤ ᠰᠦᠷᠦᠭ ᠬᠤᠨᠢᠨ ᠳ᠋ᠤ ᠨᠠᠷᠢᠨ ᠨᠤᠤᠰᠲᠤ ᠬᠤᠨᠢ ᠪᠡ ᠮᠤᠨᠭᠭᠤᠯ ᠬᠤᠨᠢᠨ ᠤ ᠲᠤᠮᠳᠠ ᠡᠴᠡ ᠭᠠᠷᠤᠭᠰᠠᠨ ᠨᠢᠬᠡ ᠬᠤᠷᠠᠭ᠎ᠠ ᠨᠢ ᠦᠰᠴᠤ ᠡᠬᠢᠯᠡᠬᠦ ᠪᠡᠷ ᠠᠭᠠᠵᠢᠮ ᠵᠢᠡᠷ ᠲᠦᠷᠪᠡᠨ ᠡᠪᠡᠷ ᠤᠷᠭᠤᠭᠰᠠᠨ ᠪᠠᠶᠢᠵᠠᠢ᠃ ᠡᠬᠦᠨ ᠢ ᠦᠵᠡᠭᠰᠡᠨ ᠮᠠᠯᠴᠢᠨ ᠠᠶᠢᠯ ᠤᠨ ᠬᠢᠨ ᠲᠡᠷᠡ ᠬᠤᠷᠠᠭ᠎ᠠ ᠶ᠋ᠢ ᠲᠠᠷᠠᠭ᠎ᠠ ᠬᠠᠪᠤᠷ ᠨᠢ ᠬᠦᠨᠭᠬᠡᠯᠡᠭᠰᠡᠨ ᠦᠭᠡᠢ︵ᠴᠠᠭᠠᠯᠠᠭᠰᠠᠨ ᠦᠭᠡᠢ︶ᠪᠡᠷ ᠦᠯᠡᠳᠡᠬᠡᠵᠤ᠂ ᠬᠤᠶᠠᠷ ᠭᠤᠷᠪᠡᠨ ᠵᠢᠯ ᠤᠨ ᠬᠢᠨᠢ ᠲᠠᠷᠠᠭ᠎ᠠ ᠡᠪᠡᠷ ᠨᠢ ᠪᠦᠳᠦᠬᠦᠷᠡᠵᠤ ᠦᠵᠡᠮᠦᠷᠢ ᠲᠠᠢ ᠪᠤᠯᠤᠭᠰᠠᠨ ᠬᠤᠶᠢᠨ᠎ᠠ ᠬᠦᠨᠭᠬᠡᠯᠡᠬᠦ ᠪᠡᠷ ᠰᠶᠢᠳᠴᠠᠢ᠃ ᠬᠡᠪᠡᠴᠤ ᠨᠦᠬᠦᠭᠡ ᠬᠤᠷᠠᠭ᠎ᠠ ᠨᠢ ᠬᠡᠳᠦᠨ ᠵᠢᠯ ᠤᠨ ᠲᠠᠷᠠᠭ᠎ᠠ ᠰᠦᠷᠦᠭ ᠬᠤᠨᠢᠨ ᠤ ᠲᠦᠷᠦᠬᠦᠦ ᠪᠤᠯᠵᠤ᠂ ᠲᠡᠭᠦᠨ ᠢ ᠨᠢ ᠬᠦᠨᠭᠬᠡᠯᠡᠬᠦ ᠳ᠋ᠤ ᠬᠠᠶᠢᠷᠠᠨ ᠰᠠᠨᠠᠭᠳᠠᠬᠤ ᠪᠡᠷ ᠨᠢᠬᠡᠮᠦᠰᠦᠨ ᠬᠤᠴᠠ ᠲᠠᠯᠪᠢᠵᠤ ᠤᠷᠬᠢᠵᠠᠢ᠃ ᠢᠨᠭᠭᠢᠭᠡᠳ ᠯᠠ ᠲᠡᠳᠡᠨ ᠤ ᠬᠤᠨᠢᠨ ᠳ᠋ᠤ ᠡᠶᠢᠮᠦᠷᠬᠦᠦ ᠤᠯᠠᠨ ᠡᠪᠡᠷ ᠲᠠᠢ ᠬᠤᠷᠠᠭ᠎ᠠ ᠬᠤᠶᠢᠨ᠎ᠠ ᠬᠤᠶᠢᠨ᠎ᠠ ᠡᠴᠡ ᠪᠡᠨ ᠭᠠᠷᠴᠤ᠂ ᠡᠵᠡᠨ ᠵᠢᠡᠨ ᠪᠠᠶᠠᠷᠯᠠᠭᠤᠯᠤᠭᠰᠠᠨ ᠠᠵᠢ᠃ ︽ᠡᠨᠡ ᠠᠷᠪᠠᠨ ᠬᠡᠳᠦᠨ ᠵᠢᠯ ᠳ᠋ᠤ ᠮᠠᠨ ᠤ ᠰᠦᠷᠦᠭ ᠬᠤᠨᠢᠨ ᠳ᠋ᠤ ᠭᠤᠷᠪᠡᠨ ᠡᠪᠡᠷ᠂ ᠲᠦᠷᠪᠡᠨ ᠡᠪᠡᠷ᠂ ᠲᠠᠪᠤᠨ ᠡᠪᠡᠷ ᠲᠠᠢ ᠬᠤᠨᠢ ᠤᠯᠠᠨ ᠭᠠᠷᠤᠭᠰᠠᠨ ᠵᠢᠡᠷ ᠪᠠᠷᠠᠬᠤ ᠦᠭᠡᠢ ᠵᠢᠷᠭᠤᠭᠠᠨ ᠡᠪᠡᠷ ᠲᠠᠢ ᠬᠤᠨᠢ ᠬᠦᠷᠲᠡᠯ᠎ᠡ ᠭᠠᠷᠤᠭᠰᠠᠨ᠃ ᠨᠡᠡᠭ ᠭᠠᠶᠢᠬᠠᠮᠰᠢᠭᠲᠠᠢ ᠨᠢ ᠲᠡᠷᠡ ᠨᠢᠬᠡ ᠵᠢᠯ ᠭᠠᠭᠴᠠ ᠡᠪᠡᠷ ᠲᠠᠢ ᠬᠤᠨᠢ ᠪᠠᠶᠢᠵᠤ ᠪᠠᠶᠢᠭᠠᠳ ᠲᠡᠭᠦᠨ ᠢ ᠨᠢ ᠲᠠᠶᠢᠶᠤᠸᠠᠨ ᠡᠴᠡ ᠨᠢᠬᠡ ᠪᠦᠯᠥᠭ ᠬᠦᠮᠦᠰ ᠢᠷᠡᠭᠡᠳ ᠬᠤᠳᠠᠯᠳᠤᠵᠤ ᠠᠪᠤᠭᠠᠳ ᠶᠠᠪᠤᠴᠢᠬᠠᠭᠰᠠᠨ᠂ ᠲᠡᠷᠡ ᠬᠤᠨᠢᠨ ᠤ ᠮᠠᠨᠭᠨᠠᠢ ᠲᠤᠮᠳᠠ ᠨᠢ ᠨᠢᠬᠡ ᠡᠪᠡᠷ ᠲᠠᠢ ᠪᠠᠶᠢᠵᠤ᠂ ᠶᠠᠭ ᠯᠠ ᠠᠹᠷᠢᠺ ᠲᠢᠪ ᠤᠨ ᠬᠢᠷᠢᠰ ᠲᠠᠢ ᠠᠳᠠᠯᠢᠬᠠᠨ ᠬᠠᠷᠠᠭᠳᠠᠳᠠᠭ᠃ ᠤᠳᠤᠬᠠᠨ ᠬᠦᠷᠲᠡᠯ᠎ᠡ ᠮᠠᠨ ᠤ ᠰᠦᠷᠦᠭ ᠮᠠᠯ ᠤᠨ ᠲᠤᠮᠳᠠ ᠡᠴᠡ ᠤᠨᠴᠠᠭᠠᠢ ᠡᠪᠡᠷ ᠲᠠᠢ ᠶ᠋ᠢ ᠨᠢ ᠬᠡᠮᠵᠢᠵᠤ ᠦᠵᠡᠭᠰᠡᠨ ᠳ᠋ᠤ ᠬᠠᠮᠤᠭ ᠤᠷᠳᠤ ᠳ᠋ᠠᠭᠠᠨ 35 ᠰᠡᠨᠲ᠋ᠢᠮᠸᠲᠷ᠂ ᠬᠠᠮᠤᠭ ᠪᠦᠳᠦᠬᠦᠨ ᠳ᠋ᠡᠬᠡᠨ ᠭᠠᠷ ᠤᠨ ᠴᠠᠷᠪᠠᠭᠤᠨ ᠬᠢᠷᠢ ᠪᠠᠶᠢᠭᠰᠠᠨ︾ᠬᠡᠵᠤ ᠤᠶᠤᠨᠳᠠᠭᠤᠷᠢᠶᠠᠯ ᠪᠢᠳᠠᠨ ᠳ᠋ᠤ ᠤᠴᠢᠷᠯᠠᠯ᠎ᠠ᠃ ᠤᠤᠯ ᠨᠢ ᠢᠮᠠᠭᠠᠨ ᠳ᠋ᠤ ᠯᠠ ᠤᠨᠴᠠᠭᠠᠢ ᠬᠠᠴᠢᠨ ᠡᠪᠡᠷ ᠲᠠᠢ ᠨᠢ ᠬᠠᠷᠠᠭᠳᠠᠵᠤ ᠪᠠᠶᠢᠭᠰᠠᠨ ᠡᠴᠡ ᠪᠢᠰᠢ ᠬᠤᠨᠢᠨ ᠳ᠋ᠤ ᠢᠨᠭᠭᠢᠵᠤ ᠤᠨᠳᠤᠤ ᠶᠠᠨᠭᠵᠤ ᠪᠡᠷ ᠡᠪᠡᠷ ᠤᠷᠭᠤᠭᠰᠠᠨ ᠢ ᠪᠢᠳᠠ ᠶᠡᠭᠡ ᠭᠠᠶᠢᠬᠠᠰᠢᠷᠠᠵᠤ᠂ ᠬᠤᠷᠤᠭᠠᠨ ᠳ᠋ᠤ ᠪᠠᠶᠢᠭ᠎ᠠ ᠡᠨᠡ ᠰᠦᠷᠦᠭ ᠮᠠᠯ ᠢ ᠵᠢᠵᠢᠭ ᠬᠠᠰᠢᠶᠠᠨ ᠳ᠋ᠤ ᠬᠠᠭᠠᠵᠤ ᠨᠢᠬᠡ ᠨᠢᠬᠡ ᠪᠡᠷ ᠪᠠᠷᠢᠵᠤ ᠦᠵᠡᠭᠰᠡᠨ ᠶᠤᠮ᠃ ᠲᠡᠭᠡᠬᠦ ᠳ᠋ᠤ ᠰᠠᠷ᠎ᠠ ᠵᠢᠨ ᠡᠮᠦᠨ᠎ᠡ ᠭᠠᠷᠤᠭᠰᠠᠨ ᠬᠡᠳᠦᠨ ᠬᠤᠷᠠᠭ᠎ᠠ ᠴᠤ ᠲᠦᠷᠪᠡᠨ ᠡᠪᠡᠷ ᠲᠠᠢ ᠨᠢ ᠲᠠᠪᠤ ᠭᠤᠷᠪᠡ ᠪᠠᠶᠢᠯ᠎ᠠ᠃ ᠬᠠᠷᠢᠨ ᠦᠨᠦᠬᠢ ᠬᠤᠴᠠ ᠨᠢ ᠬᠠᠷᠠᠭᠳᠠᠳᠠᠭ ᠦᠭᠡᠢ᠃ ᠲᠡᠳᠡᠨ ᠤ ᠬᠡᠯᠡᠬᠦ ᠪᠡᠷ ᠪᠢᠳᠠᠨ ᠢ ᠤᠴᠢᠬᠤ ᠡᠴᠡ ᠬᠡᠳᠦᠬᠡᠨ ᠡᠳᠦᠷ ᠤᠨ ᠡᠮᠦᠨ᠎ᠡ ᠢᠷᠭᠠᠢ ᠡᠴᠡ ᠨᠢᠬᠡ ᠬᠦᠮᠦᠨ ᠢᠷᠡᠵᠤ ᠬᠤᠳᠠᠯᠳᠤᠵᠤ ᠠᠪᠤᠭᠰᠠᠨ ᠬᠡᠨ᠎ᠡ᠃ ᠡᠨᠡ ᠰᠦᠷᠦᠭ ᠲᠤ ᠤᠨᠴᠠᠭᠠᠢ ᠶᠡᠭᠡ ᠦᠢᠯᠡᠳᠦᠯ ᠦᠵᠡᠬᠦᠯᠥᠭᠰᠡᠨ ᠦᠨᠦᠬᠢ ᠬᠤᠴᠠ ᠶ᠋ᠢ ᠶᠠᠭᠤᠨ ᠳ᠋ᠤ ᠨᠢ ᠬᠤᠳᠠᠯᠳᠤᠪᠠ ᠳ᠋ᠠ ᠬᠡᠬᠦ ᠠᠰᠠᠭᠤᠯᠲᠠ ᠵᠢᠨ ᠬᠠᠷᠢᠭᠤ ᠳ᠋ᠤ ᠠᠶᠢᠯ ᠤᠨ ᠡᠵᠡᠨ ᠪᠢᠳᠠᠨ ᠳ᠋ᠤ᠄︽ ᠠᠷᠪᠠᠭᠠᠳ ᠡᠳᠦᠷ ᠤᠨ ᠡᠮᠦᠨ᠎ᠡ ᠪᠢ ᠬᠤᠨᠢᠳ ᠵᠢᠡᠨ ᠲᠡᠵᠢᠬᠡᠵᠤ ᠪᠠᠶᠢᠬᠤ ᠳ᠋ᠤ ᠲᠡᠷᠡ ᠬᠤᠴᠠ ᠬᠠᠷᠢᠨ ᠨᠠᠮ᠎ᠠ ᠶ᠋ᠢ ᠰᠠᠨᠠᠮᠰᠠᠷ ᠦᠭᠡᠢ ᠶ᠋ᠢ ᠲᠤᠬᠢᠶᠠᠯᠳᠠᠭᠤᠯᠤᠨ ᠨᠢᠬᠡ ᠰᠠᠶᠢᠨ ᠮᠦᠷᠬᠦᠭᠡᠳ ᠤᠨᠠᠭᠠᠴᠢᠬᠠᠭᠰᠠᠨ᠂ ᠲᠡᠭᠡᠭᠡᠳ ᠬᠡᠳᠦᠨ ᠡᠳᠦᠷ ᠨᠢᠷᠤᠭᠤ ᠡᠪᠡᠳᠬᠦ ᠵᠢᠨ ᠬᠠᠮᠲᠤ ᠬᠠᠵᠠᠭᠠᠷ ᠲᠤᠭᠤᠯᠠᠡᠭ ᠶᠠᠪᠤᠯ᠎ᠠ᠃ ᠢᠨᠭᠭᠢᠵᠤ ᠨᠢᠬᠡ ᠰᠠᠶᠢᠨ ᠬᠤᠷᠤ ᠬᠦᠳᠡᠯᠵᠤ ᠪᠠᠶᠢᠲᠠᠯ᠎ᠠ ᠢᠷᠭᠠᠢ ᠡᠴᠡ ᠮᠠᠯ ᠤᠨ ᠠᠷᠠᠯᠵᠢᠶᠠᠴᠢᠨ ᠢᠷᠡᠬᠦ ᠪᠡᠷ ᠬᠤᠳᠠᠯᠳᠤᠭᠠᠳ ᠦᠭᠴᠢᠬᠡᠭᠰᠡᠨ᠂ ᠬᠡᠳᠦᠢ ᠪᠡᠷ ᠬᠠᠶᠢᠷᠠᠨ ᠰᠠᠨᠠᠭᠳᠠᠪᠠᠴᠤ ᠨᠢᠬᠡ ᠳ᠋ᠤ ᠡᠨᠡ ᠬᠤᠴᠠ ᠨᠠᠰᠤ ᠰᠢᠳᠤ ᠨᠡᠯᠢᠶᠡᠳ ᠶᠠᠪᠤᠴᠢᠬᠠᠭᠰᠠᠨ᠂ ᠬᠤᠶᠠᠷ ᠲᠤ ᠮᠠᠨ ᠤ ᠰᠦᠷᠦᠭ ᠲᠤ ᠡᠶᠢᠮᠤ ᠤᠨᠴᠠᠭᠠᠢ ᠡᠪᠡᠷ ᠲᠠᠢ ᠬᠤᠨᠢ ᠨᠡᠯᠢᠶᠡᠳ ᠪᠠᠶᠢᠵᠤ᠂ ᠠᠯᠢ ᠨᠢᠬᠡ ᠪᠡᠷ ᠨᠢ ᠬᠤᠴᠠ ᠲᠠᠯᠪᠢᠪᠠᠴᠤ ᠪᠤᠯᠤᠨ᠎ᠠ ᠬᠡᠵᠤ ᠪᠤᠳᠤᠭᠰᠠᠨ᠃ ᠬᠠᠷᠢᠨ ᠲᠡᠷᠡ ᠠᠷᠠᠯᠵᠢᠶᠠᠴᠢᠨ ᠢ ᠪᠢᠳᠠ ᠲᠠᠨᠢᠳᠠᠭ ᠪᠤᠯᠬᠤᠷ ᠲᠡᠭᠦᠨ ᠳ᠋ᠤ ᠬᠤᠴᠠᠨ ᠲᠤᠯᠤᠭᠠᠢ ᠶ᠋ᠢ ᠨᠢ ᠡᠷᠬᠢᠬᠦᠯᠵᠤ ᠠᠪᠴᠢᠷᠠᠬᠤ ᠶ᠋ᠢ ᠵᠠᠬᠢᠭᠰᠠᠨ᠂ ᠬᠡᠳᠦᠨ ᠡᠳᠦᠷ ᠡᠴᠡ ᠪᠠᠷᠤᠭ ᠬᠦᠷᠭᠡᠭᠡᠳ ᠢᠷᠡᠬᠦ ᠪᠠᠶᠢᠬ᠎ᠠ︾ᠬᠡᠵᠤ ᠲᠠᠶᠢᠯᠪᠤᠷᠢᠯᠠᠯ᠎ᠠ᠃
ᠤᠳᠤ ᠪᠠᠰᠠ ᠨᠢᠬᠡ ᠤᠴᠢᠷᠯᠠᠵᠤ ᠶᠠᠷᠢᠬᠤ ᠶᠠᠪᠤᠳᠠᠯ ᠨᠢ ᠡᠨᠡ ᠰᠦᠷᠦᠭ ᠬᠤᠨᠢᠨ ᠳ᠋ᠤ ᠡᠮ᠎ᠡ ᠬᠤᠨᠢ ᠴᠤ ᠤᠯᠠᠨ ᠡᠪᠡᠷ ᠲᠠᠢ ᠨᠢ ᠨᠡᠯᠢᠶᠡᠳ ᠬᠡᠳᠦ ᠪᠠᠶᠢᠯ᠎ᠠ᠃ ᠡᠡᠭ ᠤᠨ ᠪᠠᠶᠢᠳᠠᠯ ᠳ᠋ᠤ ᠡᠮ᠎ᠡ ᠬᠤᠨᠢᠨ ᠳ᠋ᠤ ᠡᠪᠡᠷ ᠤᠷᠭᠤᠳᠠᠭ ᠨᠢ ᠴᠦᠬᠡᠨ ᠪᠢᠯᠡ᠃ ᠬᠡᠪᠡᠴᠤ ᠡᠮ᠎ᠡ ᠬᠤᠨᠢᠨ ᠤ ᠡᠪᠡᠷ ᠨᠢ ᠨᠠᠷᠢᠨ ᠮᠦᠷᠲᠡᠬᠡᠨ ᠤᠬᠤᠷ ᠪᠠᠶᠢᠵᠤ᠂ ᠲᠤᠭ᠎ᠠ ᠪᠡᠷ ᠴᠤ ᠴᠦᠬᠡᠨ ᠠᠵᠢ᠃ ᠤᠳᠤ ᠲᠡᠳᠡᠨ ᠤ ᠬᠢᠨ ᠤᠯᠠᠨ ᠡᠪᠡᠷ ᠲᠠᠢ ᠬᠤᠷᠠᠭ᠎ᠠ ᠪᠠᠶᠢᠪᠠᠯ ᠵᠤᠷᠢᠭᠤᠳᠠ ᠬᠦᠨᠭᠬᠡᠯᠡᠯ ᠦᠭᠡᠢ ᠪᠡᠷ ᠦᠯᠡᠳᠡᠬᠡᠵᠤ ᠬᠡᠳᠦᠨ ᠵᠢᠯ ᠤᠨ ᠬᠢᠨᠢ ᠲᠠᠷᠠᠭ᠎ᠠ ᠡᠪᠡᠷ ᠨᠢ ᠪᠦᠳᠦᠬᠦᠨ ᠮᠦᠷᠲᠡᠭᠡᠨ ᠤᠷᠳᠤ ᠪᠤᠯᠪᠠᠯ ᠬᠦᠨᠭᠬᠡᠯᠡᠵᠤ ᠬᠠᠶᠠᠳᠠᠭ ᠶᠤᠮ ᠪᠠᠶᠢᠨ᠎ᠠ᠃ ᠬᠡᠪᠡᠴᠤ ᠵᠠᠷᠢᠮ ᠬᠤᠨᠢᠳ ᠤᠨ ᠬᠢᠨᠢ ᠡᠪᠡᠷ ᠨᠢ ᠲᠠᠬᠢᠷᠠᠵᠤ ᠲᠤᠭᠤᠶᠢᠷᠠᠭᠰᠠᠭᠠᠷ ᠨᠢᠳᠤ ᠪᠤᠶᠤ ᠬᠠᠴᠠᠷ ᠢ ᠨᠢ ᠴᠢᠴᠢᠬᠦ ᠪᠤᠯᠪᠠᠯ ᠲᠡᠭᠦᠨ ᠢ ᠨᠢ ᠬᠢᠷᠦᠬᠡᠳᠡᠵᠤ ᠬᠠᠶᠠᠳᠠᠭ᠃ ᠤᠶᠤᠨᠳᠠᠭᠤᠷᠢᠶᠠᠯ ᠠᠯᠲᠠᠨᠲᠤᠶᠠᠭ᠎ᠠ ᠬᠤᠶᠠᠭᠤᠯᠠ ᠪᠡᠨ 1300 ᠭᠠᠷᠤᠢ ᠮᠦ ᠵᠢᠨ ᠪᠡᠯᠴᠢᠬᠡᠷ ᠲᠡᠭᠡᠷ᠎ᠡ ᠪᠡᠨ ᠠᠷᠪᠠᠭᠠᠳ ᠮᠦ ᠲᠠᠷᠢᠶ᠎ᠠ ᠲᠠᠷᠢᠵᠤ᠂ ᠲᠦᠴᠢ ᠲᠠᠪᠢᠭᠠᠳ ᠪᠤᠭ ᠮᠠᠯ᠂ ᠵᠠᠭᠤ ᠢᠯᠡᠬᠦᠦ ᠪᠤᠳᠠ ᠮᠠᠯ ᠮᠠᠯᠵᠢᠨ ᠠᠮᠢᠳᠤᠷᠠᠵᠤ ᠪᠤᠢ᠃ ᠲᠡᠳᠡ ᠤᠷᠴᠢᠮ ᠤᠨ ᠵᠢᠯ ᠡᠴᠡ ᠮᠠᠯᠵᠢᠬᠤ ᠠᠷᠭ᠎ᠠ ᠬᠡᠯᠪᠡᠷᠢ ᠪᠡᠨ ᠬᠤᠪᠢᠷᠠᠭᠤᠯᠤᠨ᠂ ᠭᠤᠤᠯᠳᠠᠭᠤ ᠡᠬᠦᠯᠳᠡᠷ ᠤᠨ ᠦᠬᠡᠷ ᠠᠷᠠᠯᠵᠢᠶᠠᠯᠠᠨ ᠮᠠᠯᠵᠢᠵᠤ᠂ ᠠᠰᠢᠭ ᠤᠷᠤᠯᠭ᠎ᠠ ᠨᠢ ᠶᠡᠭᠡ ᠪᠡᠷ ᠨᠡᠮᠡᠭᠳᠡᠵᠡᠢ᠂ ᠡᠬᠦᠨ ᠤ ᠤᠯᠠᠮ ᠡᠴᠡ ᠪᠤᠭ ᠮᠠᠯ ᠵᠢᠡᠨ ᠴᠦᠬᠡᠳᠭᠡᠨ᠂ ᠪᠤᠯᠵᠤ ᠦᠭᠪᠡᠯ ᠨᠢᠬᠡᠮᠦᠰᠦᠨ ᠦᠬᠡᠷ ᠮᠠᠯᠵᠢᠭᠠᠳ ᠬᠤᠨᠢ ᠢᠮᠠᠭ᠎ᠠ ᠮᠠᠯᠵᠢᠬᠤ ᠰᠠᠨᠠᠭ᠎ᠠ ᠦᠭᠡᠢ ᠪᠤᠯᠤᠭᠰᠠᠨ ᠴᠤ ᠡᠳᠡᠬᠡᠷ ᠤᠯᠠᠨ ᠡᠪᠡᠷ ᠲᠠᠢ ᠬᠤᠨᠢᠳ ᠵᠢᠡᠨ ᠯᠠ ᠪᠤᠳᠤᠭᠠᠳ ᠬᠡᠳᠦᠨ ᠠᠷᠪᠠᠬᠠᠨ ᠢ ᠦᠯᠡᠳᠡᠬᠡᠵᠢ᠃ ᠲᠡᠳᠡᠨ ᠤ ᠡᠨᠡᠬᠦ ᠤᠨᠴᠠᠭᠠᠢ ᠡᠪᠡᠷ ᠲᠠᠢ ᠬᠤᠨᠢᠳ ᠢ ᠨᠢ ᠲᠠᠶᠢᠶᠤᠸᠠᠨ᠂ ᠢᠷᠭᠠᠢ᠂ ᠪᠤᠭᠤᠲᠤ ᠬᠤᠲᠠ ᠵᠢᠨ ᠠᠮᠢᠲᠠᠨ ᠤ ᠬᠦᠷᠢᠶᠡᠯᠡᠡᠭ ᠪᠤᠶᠤ ᠠᠮᠢᠲᠠᠨ ᠤ ᠵᠠᠭᠪᠤᠷ ᠦᠵᠡᠮᠦᠷᠢ ᠵᠢᠨ ᠭᠠᠵᠠᠷ ᠤᠨ ᠬᠢᠨ ᠢᠷᠡᠵᠤ ᠦᠨᠳᠦᠷ ᠦᠨ᠎ᠡ ᠪᠡᠷ ᠬᠤᠳᠠᠯᠳᠤᠨ ᠠᠪᠳᠠᠭ ᠠᠵᠢ᠃
ᠬᠤᠨᠢᠨ ᠳ᠋ᠤ ᠶᠠᠭᠠᠬᠢᠭᠠᠳ ᠤᠯᠠᠨ ᠡᠪᠡᠷ ᠤᠷᠭᠤᠳᠠᠭ ᠤᠨ ᠲᠤᠬᠠᠢ ᠲᠤᠰᠬᠠᠢ ᠮᠡᠷᠬᠡᠵᠢᠯᠲᠡᠳ ᠤᠨ ᠲᠠᠶᠢᠯᠪᠤᠷᠢᠯᠠᠭᠰᠠᠨ ᠵᠢᠡᠷ ᠪᠤᠯ ᠤᠳᠤᠮᠯᠠᠯ ᠤᠨ ᠭᠸᠨ ᠤ ᠬᠤᠪᠢᠷᠠᠯᠲᠠ ᠡᠴᠡ ᠪᠤᠯᠤᠭᠰᠠᠨ ᠬᠡᠵᠤ ᠦᠵᠡᠵᠤ ᠪᠤᠢ᠂ ᠮᠠᠨ ᠤ ᠤᠯᠤᠰ ᠤᠨ ᠰᠢᠨᠵᠢᠶᠠᠡᠭ᠂ ᠬᠦᠭᠡᠨᠠᠭᠤᠷ ᠵᠡᠷᠭᠡ ᠭᠠᠵᠠᠷ ᠲᠤ ᠤᠯᠠᠨᠭᠭᠢ ᠳ᠋ᠠᠭᠠᠨ ᠲᠦᠷᠪᠡᠨ ᠡᠪᠡᠷ ᠲᠠᠢ ᠬᠤᠨᠢᠳ ᠪᠠᠶᠢᠳᠠᠭ᠃ ᠬᠠᠷᠢᠨ ᠤᠶᠤᠨᠳᠠᠭᠤᠷᠢᠶᠠᠯ ᠠᠯᠲᠠᠨᠲᠤᠶᠠᠭ᠎ᠠ ᠵᠢᠨ ᠳ᠋ᠤ ᠪᠠᠶᠢᠭ᠎ᠠ ᠡᠶᠢᠮᠤ ᠤᠨᠴᠠᠭᠠᠢ ᠬᠠᠴᠢᠨ ᠡᠪᠡᠷ ᠲᠠᠢ ᠬᠤᠨᠢᠳ ᠦᠬᠡᠷ᠎ᠡ ᠭᠠᠵᠠᠷ ᠤᠷᠤᠨ ᠳ᠋ᠤ ᠪᠠᠰᠠ ᠪᠠᠶᠢᠭ᠎ᠠ ᠴᠤ ᠪᠢᠯᠡ ᠪᠤᠯ︖