ᠣᠩᠭᠤᠨ ᠪᠠᠶᠢᠭᠠᠯᠢ ᠢᠢᠨ ᠡᠯᠢᠭᠡᠨ ᠳᠤ ᠰᠥᠷ ᠪᠣᠰᠬᠠᠨ ᠰᠥᠨᠳᠡᠷᠯᠡᠭ᠍ᠰᠡᠨ
ᠣᠷᠳᠣᠰ ᠨᠣᠲᠤᠭ ᠤᠨ ᠥᠷᠥᠴᠡᠨ ᠳᠤ ᠮᠥᠷ ᠲᠠᠰᠬᠠᠨ ᠰᠥᠮᠪᠥᠷᠯᠡᠭ᠍ᠰᠡᠨ
ᠣᠷᠴᠢᠬᠤ ᠴᠠᠭ ᠤᠨ ᠬᠥᠷᠳᠥᠨ ᠳᠤ ᠰᠥᠵᠢᠭ ᠠᠷᠭᠠᠮᠵᠢᠨ ᠪᠣᠭᠤᠷᠣᠯᠳᠠᠭᠰᠠᠨ
ᠣᠳᠣᠮ ᠰᠣᠳᠣᠷ ᠤᠨ ᠬᠠᠭᠤᠳᠠᠰᠣᠨ ᠳᠤ ᠰᠥᠰᠥᠭ ᠠᠷᠭᠠᠳᠠᠨ ᠴᠡᠩᠬᠡᠷᠲᠥᠭ᠍ᠰᠡᠨ
ᠥᠯᠥᠭᠡᠢ ᠨᠣᠲᠤᠭ ᠤᠨ ᠮᠢᠨᠢ ᠰᠥᠯᠳᠡ ᠪᠣᠯᠣᠭᠰᠠᠨ ᠣᠷᠠᠨ ᠳᠥᠰᠢ
ᠥᠷᠥ ᠵᠢᠷᠥᠬᠡᠨ ᠤ ᠮᠢᠨᠢ ᠰᠢᠲᠥᠭᠡᠨ ᠪᠣᠯᠣᠭᠰᠠᠨ ᠳᠥᠰᠢᠭ᠍ᠲᠦ ᠬᠠᠶᠢᠷᠬᠠᠨ
ᠬᠠᠨ ᠬᠤᠷᠮᠣᠰᠲᠠ ᠢᠢᠨ ᠮᠠᠯᠮᠠᠢ ᠳᠤ ᠴᠡᠴᠡᠭ ᠪᠣᠯᠣᠨ ᠣᠷᠭᠤᠭᠰᠠᠨ
ᠬᠠᠶᠢᠷᠠᠪ ᠲᠣᠬᠤᠢ ᠢᠢᠨ ᠥᠯᠮᠡᠢ ᠳᠤ ᠴᠢᠮᠡᠭ ᠪᠣᠯᠣᠨ ᠬᠠᠨᠠᠷᠠᠭᠰᠠᠨ
ᠬᠠᠭᠠᠨ ᠰᠠᠭᠤᠳᠠᠯ ᠤᠨ ᠳᠡᠷᠭᠡᠳᠡ ᠬᠠᠨᠢ ᠪᠣᠯᠣᠨ ᠲᠠᠩᠬᠠᠶᠢᠭᠰᠠᠨ
ᠬᠠᠲᠣᠨ ᠨᠡᠭᠦᠳᠡᠯ ᠤᠨ ᠬᠠᠵᠠᠭᠤᠳᠠ ᠬᠠᠨ᠎ᠠ ᠪᠣᠯᠣᠨ ᠬᠠᠩᠬᠠᠶᠢᠭᠰᠠᠨ
ᠶᠣᠯᠳᠣᠷᠮᠠ ᠲᠠᠷᠬᠠᠨ ᠤ ᠣᠮᠤᠭ ᠪᠠᠳᠠᠷᠠᠭᠠᠭᠰᠠᠨ ᠳᠣᠮᠣᠭᠲᠣ ᠳᠥᠰᠢ
ᠶᠣᠯᠣ ᠰᠢᠪᠠᠭᠤᠨ ᠤ ᠳᠣᠮᠤᠭ ᠬᠤᠴᠣᠷᠭᠠᠭᠰᠠᠨ ᠣᠮᠣᠭᠲᠣ ᠬᠠᠶᠢᠷᠬᠠᠨ
ᠨᠣᠭᠤᠭᠠᠨ ᠰᠢᠮᠡᠯᠢᠭ ᠪᠡᠯ ᠳᠤᠨᠢ ᠵᠡᠭᠡᠷ᠎ᠡ ᠬᠤᠯᠠᠨ ᠰᠥᠷᠥᠭ᠍ᠯᠡᠭ᠍ᠰᠡᠨ
ᠨᠣᠮᠢᠨ ᠰᠠᠬᠤᠯᠢᠭ ᠣᠢ ᠳᠤᠨᠢ ᠵᠡᠷᠯᠢᠭ ᠠᠷᠢᠶᠠᠲᠠᠨ ᠰᠢᠪᠡᠭᠡᠯᠡᠭ᠍ᠰᠡᠨ
ᠨᠣᠶᠢᠲᠠ ᠴᠢᠭᠢᠭ᠍ᠯᠢᠭ ᠬᠥᠨᠳᠡᠢ ᠳᠤᠨᠢ ᠬᠠᠨᠲᠠᠭᠠᠢ ᠪᠣᠭᠤ ᠳᠡᠰᠢᠭ᠍ᠰᠡᠨ
ᠨᠣᠶᠠᠨ ᠰᠥᠷᠯᠢᠭ ᠣᠷᠭᠢᠯ ᠳᠤᠨᠢ ᠬᠠᠷᠴᠠᠭᠠᠢ ᠨᠠᠴᠢᠨ ᠬᠠᠯᠢᠭᠰᠠᠨ
ᠣᠨᠠᠭᠰᠠᠨ ᠬᠠᠯᠠᠭᠤᠨ ᠰᠢᠷᠣᠢ ᠢᠢ ᠮᠢᠨᠢ ᠮᠠᠨᠠᠵᠣ ᠰᠠᠭᠤᠷᠢᠯᠠᠭᠰᠠᠨ ᠳᠥᠰᠢ
ᠣᠤᠭᠤᠭᠰᠠᠨ ᠠᠷᠢᠭᠤᠨ ᠣᠰᠣ ᠢᠢ ᠮᠢᠨᠢ ᠰᠠᠬᠢᠵᠣ ᠪᠠᠶᠢᠷᠢᠯᠠᠭᠰᠠᠨ ᠬᠠᠶᠢᠷᠬᠠᠨ
ᠠᠷᠰᠠᠩ ᠳᠠᠷᠰᠠᠩ ᠲᠠᠢ ᠬᠠᠳᠠᠨ ᠠᠴᠠ ᠨᠢ ᠷᠠᠰᠢᠶᠠᠨ ᠪᠣᠯᠠᠭ ᠣᠨᠳᠣᠷᠣᠭᠰᠠᠨ
ᠠᠷᠴᠠ ᠭᠠᠪᠢᠷ᠎ᠠ ᠲᠠᠢ ᠬᠢᠷ᠎ᠠ ᠠᠴᠠ ᠨᠢ ᠠᠡᠭᠬᠢᠯᠣᠮᠠ ᠥᠨᠥᠷ ᠬᠠᠩᠬᠤᠯᠤᠭᠰᠠᠨ
ᠠᠭᠠᠷᠣ ᠽᠠᠨᠳᠠᠨ ᠲᠠᠢ ᠬᠠᠨᠠᠨ ᠠᠴᠠ ᠨᠢ ᠠᠷᠭᠠᠯᠢ ᠣᠭᠠᠯᠵᠠ ᠬᠠᠷᠠᠶᠢᠭᠰᠠᠨ
ᠠᠰᠭᠠ ᠬᠠᠯᠢᠯ ᠲᠠᠢ ᠨᠢᠰᠭᠡᠮᠡ ᠠᠴᠠ ᠨᠢ ᠠᠯᠲᠠᠨ ᠪᠥᠷᠭᠦᠳ ᠰᠣᠮᠣᠳᠠᠭᠰᠠᠨ
ᠪᠣᠳᠠᠩᠲᠣ ᠭᠠᠯᠪᠠ ᠢᠢᠨ ᠰᠢᠭᠤᠷᠭ᠎ᠠ ᠰᠥᠷᠥᠭ᠍ᠰᠡᠨ ᠮᠠᠨᠠᠨᠲᠣ ᠳᠥᠰᠢ
ᠪᠣᠭᠤᠷᠣᠯ ᠬᠤᠷᠸ᠎ᠠ ᠢᠢᠨ ᠲᠣᠭᠤᠰᠣ ᠨᠥᠮᠥᠷᠢᠭ᠍ᠰᠡᠨ ᠪᠣᠶᠠᠨᠲᠣ ᠬᠠᠶᠢᠷᠬᠠᠨ
ᠳᠡᠭ᠍ᠰᠢᠬᠡᠨ ᠠᠭᠤᠵᠢᠮ ᠣᠷᠣᠢ ᠳᠤᠨᠢ ᠠᠳᠣᠭᠤ ᠮᠠᠯ ᠠᠯᠠᠭᠰᠢᠭᠰᠠᠨ
ᠳᠡᠯᠭᠡᠷᠬᠡᠨ ᠠᠭᠤᠳᠠᠮ ᠬᠤᠷᠮᠣᠢ ᠳᠤᠨᠢ ᠠᠶᠢᠯ ᠡᠷᠥᠬᠡ ᠨᠣᠲᠣᠭᠰᠢᠭᠰᠠᠨ
ᠳᠡᠭᠡᠳᠥ ᠰᠢᠲᠥᠭᠡᠨᠲᠥ ᠣᠪᠣᠭᠠᠨ ᠳᠤᠨᠢ ᠬᠥᠴᠥᠲᠥ ᠪᠥᠬᠡ ᠵᠣᠳᠣᠭᠯᠠᠭᠰᠠᠨ
ᠳᠡᠪᠬᠡ ᠬᠡᠯᠪᠡᠷᠢᠲᠥ ᠪᠠᠷᠠᠭᠠᠨ ᠳᠤᠨᠢ ᠰᠢᠳᠢᠲᠥ ᠣᠶᠠᠩᠭ᠎ᠠ ᠪᠠᠳᠠᠭᠯᠠᠭᠰᠠᠨ
ᠮᠢᠨᠳᠠᠰᠣᠨ ᠴᠡᠩᠬᠡᠷ ᠣᠨᠢᠶᠠᠷ ᠲᠤ ᠲᠣᠨᠢᠶᠠᠷᠳᠣᠨ ᠬᠠᠷᠠᠭᠳᠠᠬᠤ ᠳᠥᠰᠢ
ᠮᠢᠷᠠᠯᠵᠠᠬᠤ ᠲᠣᠷᠭᠠᠨ ᠵᠡᠷᠭᠡᠯᠭᠡᠨ ᠳᠤ ᠣᠨᠢᠶᠠᠷᠲᠣᠨ ᠥᠵᠡᠭ᠍ᠳᠡᠬᠦ ᠬᠠᠶᠢᠷᠬᠠᠨ
ᠠᠪᠣᠨ ᠬᠤᠯᠠ ᠠᠴᠠ ᠬᠠᠷᠠᠬᠤ ᠪᠠᠷ ᠠᠭᠰᠢᠷᠠᠭ᠎ᠠ ᠵᠠᠭᠠᠯ ᠡᠪᠥᠭᠡᠨ ᠴᠣ ᠰᠢᠭ
ᠠᠴᠢᠷ ᠬᠤᠶᠢᠴᠢ ᠨᠢ ᠬᠤᠷᠠᠭᠠᠳ ᠠᠷᠪᠠᠭᠤᠯᠠ ᠬᠤᠷᠢᠭᠤᠯᠠ ᠰᠠᠭᠤᠭ᠎ᠠ ᠴᠣ ᠰᠢᠭ
ᠠᠬᠢᠨ ᠣᠶᠢᠷ᠎ᠠ ᠠᠴᠠ ᠥᠵᠡᠬᠦ ᠪᠠᠷ ᠭᠤᠪᠠᠢ ᠭᠠᠯᠪᠢᠷᠬᠠᠨ ᠥᠬᠢᠨ ᠴᠣ ᠰᠢᠭ
ᠠᠰᠬᠠᠨ ᠪᠡᠶ᠎ᠡ ᠪᠡᠨ ᠴᠢᠮᠡᠭᠡᠳ ᠭᠤᠶᠣᠯᠠᠵᠣ ᠭᠠᠩᠭᠠᠯᠠᠵᠣ ᠪᠠᠶᠢᠭ᠎ᠠ ᠴᠣ ᠰᠢᠭ
ᠠᠶᠠᠯᠠᠵᠣ ᠬᠥᠷᠬᠦ ᠠᠴᠠ ᠨᠢ ᠣᠷᠢᠳ ᠠᠯᠳᠠᠷ ᠨᠢ ᠪᠣᠳᠣᠭᠳᠠᠬᠤ ᠳᠥᠰᠢ
ᠠᠪᠠᠷᠢᠵᠣ ᠭᠠᠷᠬᠤ ᠠᠴᠠ ᠨᠢ ᠡᠮᠥᠨ᠎ᠡ ᠠᠭᠯᠠᠭ ᠨᠢ ᠰᠠᠨᠠᠭᠳᠠᠬᠤ ᠬᠠᠶᠢᠷᠬᠠᠨ
ᠬᠠᠪᠣᠷ ᠴᠠᠭ ᠤᠨ ᠣᠷᠢᠬᠠᠨ ᠳᠤ ᠬᠠᠶᠢᠯ ᠣᠷᠣᠰᠬᠠᠨ ᠣᠶᠠᠩᠭᠠᠷᠠᠭᠰᠠᠨ
ᠬᠠᠯᠠᠭᠤᠨ ᠵᠣᠨ ᠤ ᠣᠯᠠᠷᠢᠯ ᠳᠤ ᠬᠠᠷᠠᠭ᠎ᠠ ᠪᠠᠶᠠᠰᠬᠠᠨ ᠰᠣᠯᠣᠩᠭᠠᠷᠠᠭᠰᠠᠨ
ᠬᠠᠮᠪᠣᠨ ᠨᠠᠮᠣᠷ ᠤᠨ ᠰᠡᠷᠢᠭᠦᠨ ᠳᠤ ᠠᠩ ᠰᠠᠨᠠᠭᠤᠯᠣᠨ ᠪᠥᠷᠲᠥᠯᠵᠡᠭ᠍ᠰᠡᠨ
ᠬᠠᠬᠢᠷ ᠡᠪᠥᠯ ᠤᠨ ᠬᠥᠢᠲᠡᠨ ᠳᠤ ᠴᠠᠩ ᠰᠠᠪᠰᠠᠭᠤᠯᠣᠨ ᠥᠨᠳᠡᠯᠵᠡᠭ᠍ᠰᠡᠨ
ᠨᠠᠪᠲᠠᠭ ᠰᠠᠪᠳᠠᠭ ᠤᠨ ᠰᠥᠭ ᠲᠠᠢ ᠪᠠᠳᠠᠷᠠᠯᠲᠣ ᠳᠥᠷᠪᠡᠯᠵᠢᠨ ᠳᠥᠰᠢ
ᠨᠠᠶᠢᠷᠠᠭ ᠱᠠᠳ ᠤᠨ ᠬᠥᠭ ᠲᠠᠢ ᠪᠠᠭᠠᠷᠠᠯᠲᠣ ᠲᠠᠮᠠᠭᠠᠯᠵᠢᠨ ᠬᠠᠶᠢᠷᠬᠠᠨ
ᠪᠣᠷᠣ ᠲᠣᠬᠤᠢ ᠢᠢᠨ ᠬᠥᠷᠥᠰᠥ ᠢᠢ ᠬᠥᠪᠡᠭᠡ ᠳᠠᠷᠣᠨ ᠲᠠᠮᠠᠭᠠᠯᠠᠭᠰᠠᠨ
ᠪᠣᠷᠬᠠᠨ ᠬᠠᠯᠲᠣᠨ ᠤ ᠰᠥᠨᠡᠰᠥ ᠢᠢ ᠬᠥᠰᠢᠭᠡ ᠢᠷᠠᠨ ᠬᠠᠳᠠᠭᠠᠯᠠᠭᠰᠠᠨ
ᠪᠣᠭᠳᠠ ᠠᠭᠤᠯᠠ ᠢᠢᠨ ᠰᠥᠷᠯᠢᠭᠦᠨ ᠢ ᠣᠭᠲᠠᠷᠭᠤᠢ ᠲᠣᠯᠣᠨ ᠥᠵᠡᠭᠦᠯᠥᠭ᠍ᠰᠡᠨ
ᠪᠣᠷᠵᠢᠭᠢᠨ ᠤ ᠲᠠᠯ᠎ᠠ ᠢᠢᠨ ᠲᠡᠨᠢᠭᠦᠨ ᠢ ᠣᠭᠰᠠᠭ᠎ᠠ ᠵᠠᠯᠭᠠᠨ ᠬᠠᠷᠠᠭᠤᠯᠣᠭᠰᠠᠨ
ᠬᠥᠪᠥᠩ ᠡᠭᠦᠯᠡᠨ ᠳᠤ ᠣᠷᠢᠶᠠᠭᠳᠠᠭᠰᠠᠨ ᠴᠡᠯᠡᠭᠡᠷ ᠥᠨᠳᠥᠷ ᠳᠥᠰᠢ
ᠬᠥᠳᠡᠩ ᠮᠠᠨᠠᠨ ᠪᠥᠷᠬᠦᠭ᠍ᠳᠡᠭ᠍ᠰᠡᠨ ᠴᠡᠩᠬᠡᠷ ᠰᠥᠨᠳᠡᠷ ᠬᠠᠶᠢᠷᠬᠠᠨ
ᠡᠷᠬᠡᠰ ᠳᠡᠯᠡᠬᠡᠢ ᠢᠢᠨ ᠬᠠᠴᠢᠨ ᠢ ᠡ᠊ᠩᠬᠡ ᠶ᠋ᠢᠷᠲᠢᠨᠴᠥ ᠳᠤ ᠮᠡᠳᠡᠭᠡᠯᠡᠭ᠍ᠰᠡᠨ
ᠡᠵᠢᠨᠡ ᠳᠠᠯᠳᠠ ᠢᠢᠨ ᠬᠥᠴᠥᠨ ᠢ ᠡᠨᠡ ᠣᠷᠴᠢᠯᠠᠩ ᠳᠤ ᠪᠠᠷᠠᠭᠠᠯᠠᠭᠰᠠᠨ
ᠡᠳ᠋ ᠡᠷᠳᠡᠨᠢᠰ ᠤᠨ ᠪᠠᠶᠠᠯᠢᠭ ᠢ ᠡᠬᠡ ᠣᠷᠣᠨ ᠳᠤ ᠢᠯᠡᠷᠡᠭᠦᠯᠥᠭ᠍ᠰᠡᠨ
ᠡᠷᠭᠢᠬᠦ ᠡᠷᠢᠨ ᠤ ᠴᠢᠨᠡᠭᠡᠯᠢᠭ ᠢ ᠡᠯᠢᠭᠡᠨ ᠲᠥᠮᠡᠨ ᠳᠤ ᠲᠣᠳᠣᠷᠠᠭᠤᠯᠣᠭᠰᠠᠨ
ᠮᠥᠩᠭᠦᠨ ᠰᠠᠷᠠᠨ ᠤ ᠲᠣᠶᠠᠭᠠᠨ ᠳᠤ ᠡᠭᠦᠷᠢᠳᠡ ᠰᠥᠮᠡᠯᠵᠡᠬᠦ ᠳᠥᠰᠢ
ᠮᠥᠩᠬᠡ ᠲᠡᠭ᠍ᠷᠢ ᠢᠢᠨ ᠬᠠᠶᠠᠭᠠᠨ ᠳᠤ ᠥᠨᠢᠳᠡ ᠭᠢᠯᠠᠯᠵᠠᠬᠤ ᠬᠠᠶᠢᠷᠬᠠᠨ
ᠬᠠᠷᠠᠨ ᠪᠠᠭᠠᠷᠠᠵᠣ ᠠᠯᠬᠤᠬᠤ ᠪᠠᠷ ᠵᠢᠷᠤᠭ ᠥᠵᠡᠰᠭᠦᠯᠡᠩ ᠲᠣᠳᠣᠷᠠᠭᠰᠠᠨ
ᠬᠠᠶᠢᠨ ᠪᠠᠶᠠᠰᠴᠣ ᠠᠪᠠᠷᠢᠬᠤ ᠪᠠᠷ ᠳᠣᠮᠤᠭ ᠰᠣᠨᠣᠰᠬᠤᠯᠠᠩ ᠳᠣᠬᠢᠷᠠᠭᠰᠠᠨ
ᠬᠠᠶᠢᠯᠣᠨ ᠣᠶᠠᠷᠠᠵᠣ ᠳᠠᠭᠤᠯᠠᠬᠤ ᠪᠠᠷ ᠬᠠᠮᠤᠭ ᠵᠢᠷᠭᠠᠯᠠᠩ ᠪᠢᠯᠬᠠᠷᠠᠭᠰᠠᠨ
ᠬᠠᠶᠢᠷᠠᠯᠠᠨ ᠮᠥᠷᠥᠭᠡᠳᠤᠵᠥ ᠳᠣᠷᠠᠰᠬᠤ ᠪᠠᠷ ᠣᠮᠤᠭ ᠵᠢᠪᠬᠤᠯᠠᠩ ᠪᠠᠳᠠᠷᠠᠭᠰᠠᠨ
ᠥᠶ᠎ᠡ ᠢᠢᠨ ᠥᠶ᠎ᠡ ᠪᠠᠷ ᠢᠶᠠᠨ ᠰᠢᠲᠥᠬᠦ ᠣᠷᠠᠨ ᠳᠥᠰᠢ ᠢᠢᠨ ᠠᠭᠤᠯᠠ ᠮᠢᠨᠢ
ᠥᠷ᠎ᠡ ᠢᠢᠨ ᠥᠷ᠎ᠡ ᠳᠡᠭᠡᠨ ᠥᠮᠴᠢᠯᠡᠭᠦᠯᠬᠦ ᠣᠣᠭᠠᠯ ᠳᠠᠷᠬᠠᠨ ᠬᠠᠶᠢᠷᠬᠠᠨ᠃
(ᠬᠤᠨᠢᠴᠢᠨ ᠨᠠ᠊· ᠮᠥᠩᠬᠡᠪᠠᠭᠠᠲᠣᠷ)