ᠤᠶᠢᠷ᠎ᠠ ᠵᠢᠨ ᠵᠢᠯ ᠦᠤᠰᠢᠨᠵᠤᠤ ᠪᠠᠯᠭᠠᠰᠤ ᠨᠢ ᠤᠶᠢᠷ᠎ᠠ ᠢᠢᠨ ᠵᠢᠯ ᠠᠴᠠ ᠬᠦᠳᠡᠭᠡ ᠲᠤᠰᠬᠤᠨ ᠢ ᠬᠦᠭ᠍ᠵᠢᠭᠦᠯᠦᠨ ᠮᠠᠨᠳᠤᠭᠤᠯᠬᠤ ᠲᠦᠷᠥ ᠢᠢᠨ ᠪᠤᠳᠣᠯᠭ᠎ᠠ ᠢᠢ ᠰᠡᠶᠢᠳᠤᠷ ᠲᠤᠭᠤᠰᠢᠯᠠᠭᠤᠯᠵᠤ᠂ ᠲᠠᠷᠢᠶᠡᠯᠡᠩ ᠤᠨ ᠠᠵᠤ ᠤᠶᠢᠯᠡᠰ ᠤᠨ ᠴᠢᠨᠡᠷ ᠰᠡᠶᠢᠳᠡᠢ ᠬᠦᠭ᠍ᠵᠢᠯᠳᠡ ᠢᠢ ᠪᠠᠷᠢᠮᠳᠠᠯᠠᠨ᠂ ᠪᠣᠬᠢᠷᠳᠤᠯ ᠦᠭᠡᠢ ᠬᠦᠭ᠍ᠵᠢᠯᠳᠡ ᠪᠠᠷ ᠭᠤᠤᠯᠳᠠᠯᠭ᠎ᠠ ᠪᠤᠯᠭᠠᠵᠤ᠂ ᠤᠷᠤᠨ ᠨᠣᠳᠤᠭ ᠤᠨ ᠠᠵᠤ ᠠᠬᠤᠢ ᠢᠢᠨ ᠬᠦᠭ᠍ᠵᠢᠯᠳᠡ ᠢᠢ ᠰᠠᠶᠢᠳᠤᠷ ᠠᠳᠬᠤᠵᠤ ᠪᠠᠶᠢᠨ᠎ᠠ᠃ ᠡᠶᠢᠨ ᠬᠦ ᠪᠢᠷᠴᠢᠨ ᠤᠷᠤᠨ ᠨᠣᠳᠤᠭ ᠤᠨ ᠢᠶᠠᠨ ᠲᠠᠪᠠᠭᠤᠯᠢᠭ ᠢᠶᠠᠨ ᠬᠦᠢᠴᠡᠳ ᠠᠰᠢᠭᠯᠠᠵᠤ᠂ ᠰᠢᠨ᠎ᠡ ᠮᠡᠷᠭᠡᠵᠢᠯ ᠰᠢᠨ᠎ᠡ ᠠᠵᠤ ᠠᠬᠤᠶᠢᠯᠠᠯ ᠤᠨ ᠵᠠᠮ ᠢ ᠡᠷᠢᠯᠬᠢᠯᠡᠨ᠂ ᠡᠮᠦᠨᠡᠳᠤ ᠤᠷᠤᠨ ᠤ ᠰᠠᠮ ᠬᠤᠷᠤᠬᠠᠢ ᠵᠢ ᠲᠡᠵᠢᠬᠡᠨ ᠦᠷᠡᠵᠢᠭᠦᠯᠵᠤ᠂ ᠬᠦᠳᠡᠭᠡ ᠲᠤᠰᠬᠤᠨ ᠤ ᠬᠦᠭ᠍ᠵᠢᠯᠳᠡ ᠳᠤ ᠰᠢᠨ᠎ᠡ ᠠᠮᠢᠵᠢᠷᠠᠯ ᠢᠢᠨ ᠬᠦᠴᠦᠨ ᠢᠢ ᠨᠡᠮᠡᠷᠢᠯᠡᠵᠦ ᠶᠠᠪᠤᠭ᠎ᠠ ᠭᠠᠯᠳᠠᠢ ᠵᠢ ᠰᠤᠷᠪᠤᠯᠵᠢᠯᠠᠯ᠎ᠠ᠃ ᠰᠤᠷᠪᠤᠯᠵᠢᠯᠠᠬᠴᠢ ᠦᠤᠰᠢᠡᠵᠤᠤ ᠪᠠᠯᠭᠠᠰᠤᠨ ᠤ ᠲᠠᠯᠠᠢ ᠢᠢᠨ ᠰᠠᠮ ᠬᠤᠷᠤᠬᠠᠢ ᠲᠡᠵᠢᠭᠡᠨ ᠦᠷᠡᠵᠢᠭᠦᠯᠭᠦ ᠰᠠᠭᠤᠷᠢᠨ ᠭᠠᠵᠠᠷ ᠲᠤ ᠬᠦᠷᠭᠦ ᠳᠤ ᠲᠤᠮᠤ ᠲᠤᠮᠤ ᠰᠠᠮ ᠬᠤᠷᠤᠬᠠᠢ ᠤᠰᠤᠨ ᠳᠤ ᠦᠰᠦᠷᠬᠢᠯᠡᠬᠡᠳ ᠰᠠᠮ ᠬᠤᠷᠤᠬᠠᠢ ᠢᠢᠨ ᠪᠣᠶᠢᠵᠢᠯᠲᠠ ᠰᠡᠶᠢᠨ ᠪᠠᠶᠢᠬᠤ ᠨᠢ ᠢᠯᠡᠭᠡᠨ ᠪᠠᠶᠢᠯ᠎ᠠ᠃ ︽ᠪᠢᠳᠡᠨ12cm ᠬᠢᠷᠢᠳᠡᠢ ᠴᠠᠭᠠᠨ ᠰᠠᠮ ᠬᠤᠷᠤᠬᠠᠢ ᠢᠢ ᠬᠤᠷᠢᠶᠠᠳᠠᠭ᠃ ᠬᠠᠯᠢᠰᠤ ᠨᠢ ᠬᠠᠭᠤᠷᠤᠭᠰᠠᠨ ᠪᠤᠶᠤ ᠵᠦᠭᠡᠯᠡᠨ ᠰᠡᠮ ᠬᠤᠷᠤᠬᠠᠢ ᠢᠢ ᠠᠪᠳᠠᠭ ᠦᠭᠡᠢ︾ ᠬᠡᠵᠤ ᠭᠠᠯᠳᠠᠢ ᠶᠠᠷᠢᠪᠠ᠃ ᠤᠶᠢᠯᠠᠭᠠᠬᠰᠠᠨ ᠵᠢᠡᠷ᠂ ᠭᠠᠯᠳᠠᠢ ᠲᠡᠯᠡᠢ ᠢᠢᠨ ᠰᠠᠮ ᠬᠤᠷᠤᠬᠠᠢ ᠢᠢ ᠬᠦᠷᠭᠡᠵᠦ ᠢᠷᠡᠭᠦ ᠪᠤᠯᠭᠠᠨ ᠬᠤᠳᠠᠯᠳᠤᠭᠠᠴᠢᠳ ᠤᠨ ᠬᠠᠳᠠᠭᠤ ᠰᠢᠯᠭᠠᠯᠳᠠ ᠢᠢ ᠬᠦᠯᠢᠶᠡᠳᠡᠭ ᠪᠠᠶᠢᠯ᠎ᠠ᠃ ᠰᠠᠮ ᠬᠤᠷᠤᠬᠠᠢ ᠨᠢ ᠦᠭᠦᠭᠦ ᠨᠤᠷᠮ᠎ᠠ ᠨᠢ ᠦᠨᠳᠤᠷ ᠪᠦᠬᠡᠳ ᠤᠯᠠᠩᠭᠢ ᠬᠦᠮᠦᠨ ᠰᠢᠨ᠎ᠡ ᠰᠤᠷᠭᠤᠭ ᠰᠠᠮ ᠬᠤᠷᠤᠬᠠᠢ ᠢᠢ ᠢᠳᠡᠭᠦ ᠢᠢ ᠬᠦᠰᠡᠳᠡᠭ ᠪᠤᠯᠬᠤᠷ ᠭᠠᠯᠳᠠᠢ ᠵᠠᠬᠢᠶᠠᠯᠠᠬᠴᠢ ᠳ᠋ᠤ ᠴᠠᠭ ᠲᠤᠬᠠᠢ ᠳᠤᠨᠢ ᠬᠦᠷᠭᠡᠵᠦ ᠦᠭᠭᠦ ᠨᠢ ᠶᠠᠭᠤᠨ ᠡᠴᠡ ᠴᠸ ᠴᠢᠬᠤᠯᠠ ᠠᠵᠢ᠃ ᠡᠶᠢᠨ ᠬᠦ ᠰᠡᠮ ᠬᠤᠷᠤᠬᠠᠢ ᠵᠢ ᠬᠦᠷᠬᠡᠬᠦ ᠵᠠᠮ ᠵᠠᠭᠤᠷ᠎ᠠ ᠵᠦᠪᠭᠡᠨ ᠬᠤᠶᠠᠷ ᠨᠢ ᠡ᠊ᠨᠳᠡᠵᠤ ᠪᠤᠰᠤᠳ ᠨᠢ ᠪᠦᠷ ᠠᠮᠢᠳᠤ ᠰᠤᠷᠭᠤᠭ ᠪᠠᠶᠢᠬᠤ ᠨᠢ ᠭᠠᠯᠳᠠᠢ ᠳᠤ ᠠᠪᠴᠤ ᠭᠡᠯᠡᠪᠡᠯ ᠬᠠᠮᠤᠭ ᠤᠨ ᠰᠠᠶᠢᠨ ᠦᠷ᠎ᠡ ᠪᠦᠳᠤᠮᠵᠢ ᠪᠠᠶᠢᠯ᠎ᠠ᠃ ᠭᠠᠯᠳᠠᠢ ᠡᠨᠡ ᠮᠡᠳᠤ ᠪᠠᠷ ᠵᠢᠯ ᠤᠨ ᠲᠦᠷᠪᠡᠨ ᠤᠯᠠᠷᠢᠯ ᠢᠶᠠᠷ ᠬᠠᠮᠤᠭ ᠤᠨ ᠰᠢᠨ᠎ᠡ ᠰᠤᠷᠭᠤᠭ ᠰᠠᠮ ᠬᠤᠷᠤᠬᠠᠢ ᠢᠢ ᠵᠠᠬ᠎ᠠ ᠳᠤ ᠬᠦᠷᠭᠡᠳᠡᠭ ᠪᠠᠶᠢᠨ᠎ᠠ᠃ ᠦᠤᠰᠢᠨ ᠬᠤᠰᠢᠭᠤᠨ ᠤ ᠬᠦᠷᠦᠰᠦ ᠰᠢᠷᠤᠢ ᠨᠢ ᠬᠤᠵᠢᠷᠯᠢᠭ ᠪᠦᠭᠡᠳ ᠤᠯᠠᠩᠭᠢ ᠨᠠᠭᠤᠷ ᠴᠦᠭᠦᠷᠤᠮ ᠨᠢ ᠬᠤᠵᠢᠷ ᠶᠡᠭᠡᠳᠡᠢ ᠪᠠᠶᠢᠳᠠᠭ ᠠᠴᠠ ᠤᠰᠤᠨ ᠤ ᠠᠮᠢᠳᠡᠨ ᠡ᠊ᠨᠳᠡ ᠴᠦᠭᠡᠨ ᠪᠠᠶᠢᠳᠠᠭ᠃ ᠡᠶᠢᠮᠤᠷᠭᠦᠤ ᠪᠠᠶᠢᠳᠠᠯ ᠤᠨ ᠲᠤᠤᠷ᠎ᠠ ᠭᠠᠯᠳᠠᠢ ᠪᠠᠭ᠎ᠠ ᠢᠢᠨ ᠭᠡᠳᠤᠨ ᠨᠠᠶᠢᠵᠠ ᠲᠠᠢ ᠪᠠᠨ ᠬᠠᠮᠳᠤ ᠪᠠᠷ ᠱᠤᠷᠪᠤᠭ ᠨᠠᠭᠤᠷ ᠤᠨ ᠤᠰᠤ ᠢᠢ ᠠᠰᠢᠭᠯᠠᠨ ᠪᠠᠶᠢᠭᠠᠯᠢ ᠠᠬᠤᠢ ᠢᠢ ᠡᠪᠳᠡᠯ ᠦᠭᠡᠢ ᠲᠡᠬᠢᠨ ᠠᠰᠢᠭᠯᠠᠯᠳᠠ ᠳᠤ ᠤᠷᠤᠭᠤᠯᠤᠭᠠᠳ ᠠᠵᠤ ᠤᠶᠢᠯᠡᠰ ᠪᠤᠰᠬᠠᠵᠤ ᠠᠰᠢᠭ ᠤᠷᠤᠯᠭ᠎ᠠ ᠤᠯᠵᠤ ᠪᠠᠶᠢᠭ᠎ᠠ ᠨᠢ ᠡᠨᠡ ᠪᠠᠶᠢᠯ᠎ᠠ᠃ ᠲᠡᠭᠦᠨ ᠤ ᠠᠩᠬᠠᠨ ᠤ ᠣᠶᠢᠯᠠᠭᠠᠯᠲᠠ ᠪᠠᠷ ᠨᠠᠭᠤᠷ ᠤᠨ ᠤᠰᠤᠨ ᠤ ᠴᠢᠨᠡᠷ ᠨᠢ ᠲᠠᠯᠠᠢ ᠢᠢᠨ ᠤᠰᠤ ᠲᠠᠢ ᠤᠭᠳᠤ ᠠᠳᠠᠯᠢ ᠦᠭᠡᠢ ᠪᠤᠯᠬᠤᠷ ᠲᠡᠯᠡᠢ ᠢᠢᠨ ᠰᠡᠮ ᠬᠤᠷᠤᠬᠠᠢ ᠢᠢ ᠲᠡᠵᠢᠭᠡᠵᠦ ᠲᠡᠶᠢᠯᠭᠦ ᠦᠨᠳᠦᠰᠦᠨ ᠨᠦᠬᠦᠴᠡᠯ ᠦᠭᠡᠢ ᠬᠡᠵᠤ ᠪᠤᠳᠤᠵᠤ ᠪᠠᠶᠢᠵᠠᠢ᠃ ᠰᠡᠭᠦᠯᠡᠷ ᠨᠢ ᠭᠠᠯᠳᠠᠢ ᠡᠮᠤᠨᠡᠳᠤ ᠤᠷᠤᠨ ᠢᠶᠠᠷ ᠶᠠᠪᠤᠵᠤ ᠰᠡᠮ ᠬᠤᠷᠤᠬᠠᠢ ᠲᠡᠵᠢᠭᠡᠭᠦ ᠮᠡᠷᠭᠡᠵᠢᠯ ᠪᠤᠯᠤᠨ ᠲᠤᠷᠰᠢᠯᠭ᠎ᠠ ᠢᠢ ᠰᠤᠷᠤᠯᠴᠠᠭᠰᠠᠨ ᠤ ᠲᠠᠷᠠᠭ᠎ᠠ ᠨᠠᠶᠢᠵᠠ ᠨᠡᠷ ᠲᠠᠢ ᠪᠠᠨ ᠪᠡᠯᠡ ᠮᠦᠩᠭᠦ ᠬᠤᠷᠠᠮᠳᠤᠭᠤᠯᠤᠨ ᠰᠡᠮ ᠬᠤᠷᠤᠬᠠᠢ ᠬᠤᠳᠠᠯᠳᠤᠨ ᠠᠪᠬᠤ ᠠᠪᠬᠤ᠂ ᠬᠦᠮᠦᠷᠭᠡ ᠢᠢᠨ ᠪᠦᠳᠤᠭᠡᠨ ᠪᠠᠶᠢᠭᠤᠯᠤᠯᠳᠠ ᠬᠢᠬᠦ ᠵᠡᠷᠭᠡ ᠠᠵᠢᠯ ᠢ ᠬᠢᠵᠤ᠂ ᠪᠠᠩᠭᠢ ᠠᠴᠠ ᠵᠢᠭᠡᠯᠡᠯᠡᠭᠡ ᠠᠪᠴᠤ ᠬᠤᠰᠢᠭᠤᠨ ᠤ ᠬᠤᠯᠪᠤᠭᠳᠠᠯ ᠪᠦᠭᠦᠢ ᠪᠠᠶᠢᠭᠤᠯᠭ᠎ᠠ ᠢᠢᠨ ᠲᠤᠰᠠᠯᠠᠮᠵᠢ ᠭᠤᠶᠤᠭᠰᠠᠨ ᠪᠠᠶᠢᠨ᠎ᠠ᠃
︽ᠰᠠᠶᠢᠨ ᠶᠠᠪᠤᠳᠠᠯ ᠳ᠋ᠤ ᠰᠠᠭᠠᠳ ᠤᠯᠠᠨ ︾ᠭᠡᠳᠡᠭ ᠵᠢᠡᠷ᠂ ᠺᠤᠮᠫᠠᠨᠢ ᠪᠠᠨ ᠪᠠᠶᠢᠭᠤᠯᠤᠭᠰᠠᠨ ᠤ ᠳᠠᠷᠠᠭᠠᠬᠢ ᠭᠤᠷᠪᠠᠳᠤᠭᠠᠷ ᠵᠢᠯ ᠨᠢ ᠤᠷᠴᠢᠨ ᠲᠤᠭᠤᠷᠢᠨ ᠤ ᠬᠤᠪᠢᠷᠠᠯᠳᠠ ᠠᠴᠠ ᠪᠤᠯᠵᠤ ᠪᠦᠳᠤᠭᠡᠨ ᠪᠠᠶᠢᠭᠤᠯᠤᠯᠳᠠ ᠨᠢ ᠵᠤᠭᠰᠤᠩᠭᠤᠶᠢᠷᠠᠵᠤ ᠮᠡᠷᠭᠡᠵᠢᠯ ᠤᠨ ᠬᠦᠮᠦᠨ ᠲᠤᠳᠠᠮᠠᠭ ᠪᠤᠯᠤᠭᠰᠠᠨ ᠠᠴᠠ ᠰᠡᠶᠢᠨ ᠦᠷ᠎ᠡ ᠪᠦᠳᠤᠮᠵᠢ ᠭᠠᠷᠤᠭᠰᠠᠨ ᠦᠭᠡᠢ ᠪᠣᠯᠵᠤ ᠤᠷᠤᠭᠤᠳᠠᠬᠤ ᠪᠠᠶᠢᠳᠡᠯ ᠳᠤ ᠤᠷᠤᠵᠠᠢ᠃ ᠲᠡᠭᠦᠨ ᠳ᠋ᠤ ᠪᠠᠰᠠ ᠰᠡᠮ ᠬᠤᠷᠤᠬᠠᠢ ᠢᠢᠨ ᠢᠳᠡᠰᠢ᠂ ᠰᠢᠮ᠎ᠡ ᠲᠡᠵᠢᠭᠡᠯ᠂ ᠤᠰᠤ ᠢᠢ ᠴᠡᠪᠡᠷᠰᠢᠭᠦᠯᠭᠦ᠂ ᠤᠰᠤᠨ ᠤ ᠳᠤᠯᠠᠭᠠᠨ ᠢ ᠲᠤᠬᠢᠷᠠᠭᠤᠯᠬᠤ ᠵᠡᠷᠭᠡ ᠤᠯᠠᠨ ᠮᠡᠷᠭᠡᠵᠢᠯ ᠤᠨ ᠠᠰᠠᠭᠤᠳᠠᠯ ᠲᠤᠯᠭᠠᠷᠠᠵᠤ᠂ ᠡᠨᠡ ᠨᠢ ᠭᠠᠯᠳᠠᠢ ᠳᠤ ᠨᠢᠭᠡᠨ ᠤᠳᠠᠭᠠᠨ ᠤ ᠬᠠᠳᠠᠭᠤ ᠰᠢᠯᠭᠠᠯᠲᠠ ᠪᠣᠯᠣᠭᠰᠠᠨ ᠪᠠᠶᠢᠯ᠎ᠠ᠃ ᠡᠶᠢᠨ ᠬᠦ ᠲᠡᠷᠡ ᠭᠡᠳᠤ ᠤᠳᠠᠭᠠᠨ ᠤ ᠰᠤᠷᠤᠯᠴᠠᠯᠭ᠎ᠠ ᠪᠤᠯᠤᠨ ᠪᠤᠳᠠᠳᠠᠢ ᠲᠤᠷᠰᠢᠯᠳᠡ ᠵᠢᠴᠢ ᠰᠢᠨ᠎ᠡ ᠤᠰᠤ ᠴᠡᠪᠡᠷᠰᠢᠭᠦᠯᠭᠦ ᠰᠢᠰᠲ᠋ᠧᠮ ᠢ ᠤᠷᠤᠭᠤᠯᠤᠨ ᠠᠪᠴᠢᠷᠠᠭᠰᠠᠨ ᠠᠴᠠ ᠲᠡᠯᠡᠢ ᠢᠢᠨ ᠰᠡᠮ ᠬᠤᠷᠤᠬᠠᠢ ᠢᠢᠨ ᠦᠰᠦᠯᠳᠡ ᠨᠢ ᠰᠠᠶᠢᠵᠢᠷᠠᠵᠤ᠂ ᠰᠢᠨᠵᠢᠯᠡᠭᠦ ᠤᠬᠠᠭᠠᠨᠴᠢ ᠲᠡᠵᠢᠭᠡᠨ ᠦᠷᠡᠵᠢᠭᠦᠯᠭᠦ ᠠᠷᠭ᠎ᠠ ᠵᠠᠮ ᠵᠢᠡᠨ ᠤᠯᠤᠬᠰᠠᠨ ᠪᠠᠶᠢᠯ᠎ᠠ᠃ ᠰᠠᠮ ᠬᠤᠷᠤᠬᠠᠢ ᠵᠢ ᠲᠡᠵᠢᠬᠡᠨ ᠦᠷᠡᠵᠢᠭᠦᠯᠭᠦ ᠳ᠋ᠤ᠂ ᠰᠠᠮ ᠬᠤᠷᠤᠬᠠᠢ ᠲᠡᠵᠢᠭᠡᠨ ᠦᠷᠡᠵᠢᠬᠦᠯᠬᠦ ᠰᠠᠭᠤᠷᠢᠨ ᠭᠠᠵᠠᠷ ᠢ ᠪᠦᠲᠦᠭᠡᠨ ᠪᠠᠶᠢᠭᠤᠯᠬᠤ᠂ ᠠᠮᠢ ᠠᠬᠤᠢ ᠢᠢᠨ ᠰᠢᠰᠲ᠋ᠧᠮ ᠢ ᠪᠦᠲᠦᠭᠡᠨ ᠪᠠᠶᠢᠭᠤᠯᠬᠤ ᠪᠠ ᠰᠠᠮ ᠬᠤᠷᠤᠬᠠᠢ ᠵᠢ ᠠᠷᠠᠴᠢᠯᠠᠨ ᠲᠣᠳᠣᠮᠳᠠᠬᠤ ᠠᠴᠠ ᠡᠬᠢᠯᠡᠨ ᠨᠢᠭᠡ ᠠᠯᠬᠤᠮ ᠳ᠋ᠤᠨᠢ ᠤᠰᠣᠯ ᠡ᠊ᠨᠳᠡᠯ ᠭᠠᠷᠪᠠᠯ ᠬᠤᠬᠢᠷᠠᠯ ᠠᠪᠴᠢᠷᠠᠬᠤ ᠪᠤᠯᠤᠮᠵᠢ ᠲᠠᠢ ᠪᠠᠶᠢᠵᠤ᠂ ᠡᠷᠬᠡᠪᠰᠢ ᠨᠠᠷᠢᠨ ᠤᠬᠠᠭᠠᠨ ᠰᠣᠶᠢᠵᠦ ᠨᠠᠷᠢᠯᠢᠭ ᠲᠣᠬᠢᠷᠠᠭᠤᠯᠤᠯᠳᠠ ᠭᠢᠬᠦ ᠴᠢᠬᠤᠯᠠᠳᠠᠢ ᠪᠠᠶᠢᠳᠠᠭ᠃ ᠲᠡᠷᠡᠴᠢᠯᠡᠨ ᠲᠠᠯᠠᠢ ᠢᠢᠨ ᠰᠠᠮ ᠬᠤᠷᠤᠬᠠᠢ ᠵᠢ ᠭᠡᠷ ᠤᠨ ᠲᠡᠵᠢᠭᠡᠪᠤᠷᠢ ᠲᠠᠢ ᠠᠳᠠᠯᠢ ᠰᠢᠮ᠎ᠡ ᠲᠡᠵᠢᠭᠡᠯ ᠢ ᠰᠡᠶᠢᠳᠤᠷ ᠨᠦᠭᠦᠪᠡᠯ ᠰᠠᠶ᠋ᠢ ᠦᠰᠦᠯᠳᠡ ᠨᠢ ᠰᠡᠶᠢᠨ ᠪᠣᠯᠵᠤ ᠰᠢᠨ᠎ᠡ ᠰᠤᠷᠭᠤᠭ ᠢ ᠪᠠᠳᠤᠯᠠᠵᠤ ᠴᠢᠳᠠᠨ᠎ᠠ᠃ ᠲᠠᠷᠠ ᠠᠩᠬᠠᠨ ᠤ ᠰᠠᠮ ᠬᠤᠷᠤᠬᠠᠢ ᠢᠢᠨ ᠪᠤᠷᠤᠯᠠᠭᠤᠯᠭ᠎ᠠ ᠪᠠᠷ ᠲᠠᠮᠵᠢᠨ ᠢᠳᠡᠭᠡᠯ ᠵᠤᠷᠢᠭ ᠨᠢ ᠨᠡᠮᠡᠭ᠍ᠳᠡᠵᠦ᠂ ᠰᠡᠶᠢᠨ ᠴᠢᠨᠡᠷ ᠤᠨ ᠰᠠᠮ ᠲᠡᠵᠢᠭᠡᠨ ᠦᠷᠡᠵᠢᠭᠦᠯᠭᠦ ᠵᠤᠷᠢᠭ ᠨᠢ ᠬᠦᠪᠴᠢᠯᠡᠭᠳᠡᠵᠤ᠂ ᠤᠯᠠᠨ ᠤᠳᠠᠭᠠᠨ ᠤ ᠲᠤᠷᠰᠢᠯᠳᠡ᠂ ᠨᠤᠭᠤᠷᠠᠯ ᠪᠥᠳᠦᠷᠢᠯ ᠢ ᠲᠤᠭᠤᠯᠤᠨ ᠪᠠᠶᠢᠵᠤ 2024 ᠤᠨ ᠳᠤ ᠰᠠᠮ ᠬᠤᠷᠤᠬᠠᠢ ᠲᠡᠵᠢᠭᠡᠭᠦ ᠤᠶᠢᠯᠡᠰ ᠨᠢ ᠠᠮᠵᠢᠯᠲᠠ ᠳᠤ ᠬᠦᠷᠦᠭᠰᠡᠨ ᠪᠠᠶᠢᠨ᠎ᠠ᠃ ᠭᠠᠯᠳᠠᠢ ᠵᠢᠨ ᠴᠢᠷᠮᠠᠶᠢᠯᠳᠠ ᠪᠠᠷ ᠲᠡᠭᠦᠨ ᠤ ᠲᠡᠵᠢᠭᠡᠨ ᠦᠷᠡᠵᠢᠭᠦᠯᠵᠦ ᠪᠠᠶᠢᠭ᠎ᠠ ᠴᠠᠭᠠᠨ ᠰᠠᠮ ᠬᠤᠷᠤᠬᠠᠢ ᠨᠢ ᠣᠷᠳᠣᠰ ᠬᠤᠲᠠ ᠢᠢᠨ ᠬᠦᠳᠡᠭᠡ ᠲᠣᠰᠬᠤᠨ ᠤ ᠬᠦᠭ᠍ᠵᠢᠯᠲᠡ ᠢᠢᠨ ᠳᠣᠮᠳᠠᠬᠢ ᠣᠷᠣᠨ ᠨᠣᠲᠤᠭ ᠤᠨ ᠣᠨᠴᠠᠭᠠᠢ ᠪᠦᠲᠦᠭᠡᠭ᠍ᠳᠡᠬᠦᠨ ᠢᠶᠠᠷ ᠰᠣᠩᠭᠤᠭᠳᠠᠵᠦ᠂ ᠣᠷᠳᠣᠰ ᠬᠤᠲᠠ ᠢᠢᠨ ᠮᠠᠯᠴᠢᠨ ᠲᠠᠷᠢᠶᠠᠴᠢᠳ ᠤᠨ ᠠᠵᠤ ᠦᠢᠯᠡᠰ ᠤᠨ ᠪᠦᠲᠦᠭᠡᠭ᠍ᠳᠡᠬᠦᠨ ᠤ ᠳᠡᠯᠭᠡᠨ ᠦᠵᠡᠬᠦᠯᠬᠡ ᠳᠤ ᠤᠷᠤᠯᠴᠠᠬᠰᠠᠨ ᠪᠠᠶᠢᠨ᠎ᠠ᠃ ᠡᠳᠦᠬᠡ ᠭᠠᠯᠳᠠᠢ ᠪᠤᠷᠤᠯᠠᠭᠤᠯᠭ᠎ᠠ ᠵᠢᠨ ᠵᠠᠮ ᠢᠶᠠᠨ ᠰᠢᠯᠤᠭᠤᠳᠬᠠᠵᠤ᠂ ᠵᠠᠬ᠎ᠠ ᠲᠡᠯᠭᠡᠭᠦᠷ ᠵᠢᠡᠨ ᠦᠷᠭᠡᠳᠬᠡᠨ᠂ ᠡᠷᠴᠢᠮᠳᠡᠢ ᠰᠠᠶᠢᠨ ᠠᠵᠢᠯᠯᠠᠵᠤ ᠶᠠᠪᠤᠨ᠎ᠠ᠃ ᠲᠡᠷᠡ ᠠᠵᠢᠯ ᠳ᠋ᠠᠭᠠᠨ ᠬᠢᠨᠠᠮᠠᠭᠠᠢ ᠤᠷᠤᠵᠤ᠂ ᠬᠠᠮᠳᠤ ᠠᠵᠢᠯᠳᠠᠨ ᠢᠶᠠᠨ ᠭᠡᠵᠢᠶ᠎ᠡ ᠴᠤ ᠠᠬ᠎ᠠ ᠲᠡᠭᠦᠤ ᠨᠡᠶᠢᠵᠠ ᠰᠢᠤᠬᠠᠨ ᠬᠠᠯᠠᠮᠵᠢᠯᠠᠵᠤ᠂ ᠬᠠᠮᠳᠤ ᠳ᠋ᠠᠭᠠᠨ ᠰᠡᠳᠬᠢᠯ ᠨᠢᠬᠡᠳᠤᠨ ᠡᠨᠡ ᠬᠦ ᠤᠶᠢᠯᠡᠰ ᠵᠢᠡᠨ ᠡᠷᠬᠢᠯᠡᠵᠤ᠂ ᠭᠡᠷᠡᠭ᠍ᠯᠡᠭ᠍ᠴᠢᠳ ᠪᠦᠭᠦᠨ ᠳᠤ ᠬᠢᠨᠠᠮᠠᠭᠠᠢ ᠬᠠᠨᠳᠤᠵᠣ ᠤᠯᠠᠨ ᠤ ᠰᠠᠨᠠᠯ ᠢ ᠰᠤᠨᠤᠰᠴᠤ ᠪᠤᠷᠤᠯᠠᠭᠤᠯᠭ᠎ᠠ ᠪᠠᠨ ᠤᠯᠠᠮ ᠰᠠᠶᠢᠵᠢᠷᠠᠭᠤᠯᠬᠤ ᠪᠠᠷ ᠴᠢᠷᠮᠠᠶᠢᠵᠤ ᠶᠠᠪᠤᠨᠠᠮ᠃ ᠭᠠᠯᠳᠠᠢ ᠵᠢᠨ ᠰᠠᠮ ᠬᠤᠷᠤᠬᠠᠢ ᠵᠢᠨ ᠠᠵᠢᠯ ᠤᠶᠢᠯᠡᠰ ᠨᠢ ᠤᠶᠢᠷ᠎ᠠ ᠬᠠᠪᠢ ᠢᠢᠨ ᠮᠠᠯᠴᠢᠳ ᠢᠶᠠᠨ ᠪᠠᠶᠠᠵᠢᠯ ᠤᠨ ᠵᠠᠮ ᠢᠶᠠᠷ ᠬᠦᠳᠦᠯᠥᠭ᠍ᠰᠡᠨ ᠢᠶᠠᠷ ᠪᠠᠷᠠᠬᠤ ᠦᠭᠡᠢ ᠤᠷᠤᠨ ᠨᠣᠳᠤᠭ ᠤᠨ ᠲᠠᠪᠠᠭᠤᠯᠢᠭ ᠬᠦᠭ᠍ᠵᠢᠯᠳᠡ ᠢᠢ ᠪᠡᠶᠡᠯᠡᠭᠦᠯᠵᠦ᠂ ᠬᠦᠳᠡᠭᠡ ᠲᠤᠰᠬᠤᠨ ᠤ ᠬᠦᠭ᠍ᠵᠢᠯᠳᠡ ᠪᠤᠯᠤᠨ ᠠᠵᠤ ᠠᠬᠤᠶᠢᠯᠡᠯ ᠤᠨ ᠬᠦᠭ᠍ᠵᠢᠯᠳᠡ ᠳᠤ ᠲᠦᠯᠬᠢᠴᠡ ᠬᠦᠴᠦᠨ ᠢ ᠦᠵᠡᠭᠦᠯᠵᠦ ᠪᠠᠶᠢᠨ᠎ᠠ᠃




