ᠲᠠᠣᠯᠠᠢ ᠯᠣᠣᠪᠠᠩ ᠢᠳᠡᠵᠦ ᠪᠠᠶᠢᠪᠠ᠃ ᠢᠮᠠᠭ᠎ᠠ ᠬᠠᠷᠠᠭᠠᠳ ᠲᠣᠷᠠᠯᠠᠵᠣ᠄
︽ᠨᠠᠳᠠ ᠳᠤ ᠵᠢᠭᠠᠬᠠᠨ ᠦᠭ᠍ᠭᠦᠭᠡᠴᠢ︕︾ ᠬᠡᠮᠡᠨ ᠭᠤᠶᠣᠯᠠ᠃ ᠲᠠᠣᠯᠠᠢ ᠦᠯᠡᠳᠡᠭ᠍ᠰᠡᠨ ᠯᠣᠣᠪᠠᠩ ᠢᠶᠠᠨ ᠬᠠᠷᠠᠬᠤ ᠳᠤ ᠴᠢᠮᠠᠯᠠᠮᠠᠷ ᠵᠢᠭᠠᠬᠠᠨ ᠪᠠᠶᠢᠪᠠ᠃ ᠬᠠᠷᠠᠮᠨᠠᠬᠤ ᠰᠡᠳᠬᠢᠯ ᠲᠦᠷᠤᠵᠤ᠄
︽ᠨᠠᠳᠠ ᠳᠤ ᠴᠣ ᠭᠡᠰᠡᠨ ᠡᠳᠦᠢ ᠪᠣᠯᠣᠯ᠎ᠠ ᠰᠢᠣ︕︾ ᠭᠡᠳ ᠢᠳᠡᠭ᠍ᠰᠡᠨ ᠢᠶᠠᠨ ᠦᠵᠡᠭᠦᠯᠪᠡ᠃ ᠢᠮᠠᠭ᠎ᠠ ᠰᠢᠯᠦᠰᠦ ᠪᠠᠨ ᠵᠠᠯᠬᠢᠵᠦ᠄
︽ᠠᠮᠰᠠᠴᠢᠬᠠᠪᠠᠯ ᠪᠣᠯᠴᠢᠬᠠᠨ᠎ᠠ︾ᠭᠡᠬᠦ ᠳᠤ ᠲᠠᠣᠯᠠᠢ᠄ ︽ᠠᠮᠰᠠᠬᠤ ᠢᠢᠨ ᠲᠠᠳᠤᠢ ᠶᠣᠮ ᠪᠣᠯ ᠢᠳᠡᠭᠡᠳ ᠶᠠᠭᠤ ᠪᠠᠶᠢᠨ᠎ᠠ︖ ᠨᠢᠭᠡ ᠯᠠ ᠴᠠᠳᠣᠭᠰᠠᠨ ᠲᠡᠭᠡᠷ᠎ᠡ ᠪᠢᠰᠢ ᠶᠣᠮ ᠦᠦ︖︾ᠭᠡᠳ ᠢᠳᠡᠨ᠎ᠡ᠃
ᠢᠮᠠᠭ᠎ᠠ ᠲᠠᠣᠯᠠᠢ ᠢᠢᠨ ᠬᠠᠷᠠᠮᠴᠢ ᠵᠠᠩ ᠳᠤ ᠲᠣᠷ᠎ᠠ ᠦᠬᠡᠶᠢᠴᠡᠵᠦ᠄
︽ᠴᠢ ᠮᠢᠨᠦ ᠰᠢᠭᠡᠰᠦ ᠪᠠᠭᠠᠰᠣ ᠢᠢ ᠢᠳᠡᠵᠦ ᠪᠠᠶᠢᠨ᠎ᠠ︾ ᠭᠡᠪᠡ᠃ ᠯᠣᠣᠪᠠᠩ ᠠᠮᠳᠠᠷᠬᠠᠨ ᠢᠳᠡᠭ᠍ᠰᠡᠨ ᠲᠠᠣᠯᠠᠢ ᠵᠠᠵᠢᠯᠬᠤ ᠪᠠᠨ ᠵᠣᠭᠰᠣᠨ᠄
︽ᠪᠢ ᠶᠠᠭᠠᠬᠢᠭᠠᠳ ᠴᠢᠨᠦ ᠰᠢᠭᠡᠰᠦ ᠪᠠᠭᠠᠰᠣ ᠢᠢ ᠢᠳᠡᠵᠦ ᠪᠠᠶᠢᠬᠤ ᠶᠣᠮ︖︾ᠭᠡᠵᠦ ᠰᠣᠨᠢᠷᠬᠠᠨ ᠠᠰᠠᠭᠤᠬᠤ ᠵᠠᠭᠤᠷ᠎ᠠ ᠪᠠᠨ︽ᠴᠢ ᠯᠣᠣᠪᠠᠩ ᠳᠤ ᠲᠣᠷᠠᠯᠠᠭᠠᠳ ᠠᠷᠭ᠎ᠠ ᠵᠠᠷᠣᠵᠣ ᠪᠠᠶᠢᠨ᠎ᠠ᠃ ᠡᠨᠡ ᠵᠠᠯᠢ ᠢᠢ ᠴᠢᠨᠢ ᠭᠡᠨ ᠮᠡᠳᠡᠬᠦ ᠦᠭᠡᠢ ᠶᠣᠮ︾ ᠭᠡᠪᠡ᠃
ᠢᠮᠠᠭ᠎ᠠ ᠢᠨᠢᠶᠡᠵᠦ︽ᠴᠢ ᠢᠳᠡᠭᠡᠬᠦ ᠦᠭᠡᠢ ᠪᠣᠯ ᠨᠠᠮ᠎ᠠ ᠵᠢ ᠳᠠᠭᠠᠭᠠᠳ ᠢᠷ᠎ᠡ︾ ᠭᠡᠯᠡ᠃
ᠬᠤᠶᠠᠭᠤᠯᠠ ᠯᠣᠣᠪᠠᠩ ᠤᠨ ᠲᠡᠷᠢᠶᠡᠨ ᠳᠤ ᠬᠦᠷᠪᠡ᠃
ᠰᠠᠷᠠᠯᠵᠢᠨ ᠬᠠᠰᠢᠶ᠎ᠠ ᠲᠠᠢ᠃ ᠢᠮᠠᠭ᠎ᠠ ᠣᠷᠤᠵᠣ ᠲᠡᠶᠢᠯᠬᠦ ᠦᠭᠡᠢ ᠴᠣ ᠵᠠᠪᠰᠠᠷ ᠢᠶᠠᠷ ᠨᠢ ᠲᠠᠣᠯᠠᠢ ᠰᠢᠷᠭᠤᠴᠢᠬᠠᠨᠠ᠃ ᠢᠮᠠᠭ᠎ᠠ ᠲᠠᠷᠢᠶᠠᠨ ᠵᠠᠬ᠎ᠠ ᠳᠤ ᠣᠪᠣᠭᠠᠯᠠᠭᠰᠠᠨ ᠰᠢᠭᠡᠭ ᠪᠣᠷᠳᠣᠭᠤᠷ ᠢ ᠵᠢᠭᠠᠵᠦ᠄
︽ᠡᠨᠡ ᠴᠢᠨᠢ ᠮᠠᠨ ᠤ ᠰᠢᠭᠡᠰᠦ ᠪᠠᠭᠠᠰᠣ᠃ ᠬᠦᠮᠦᠨ ᠡᠭᠦᠨ ᠢ ᠲᠠᠷᠢᠶᠠᠨ ᠳᠤ ᠬᠢᠨ᠎ᠡ᠃ ᠭᠠᠵᠠᠷ ᠰᠢᠮ᠎ᠠ ᠲᠠᠢ ᠪᠣᠯᠣᠨ᠎ᠠ᠃ ᠲᠡᠭᠡᠭᠡᠳ ᠰᠠᠶ᠋ᠢ ᠰᠠᠶᠢᠬᠠᠨ ᠣᠷᠭᠤᠨ᠎ᠠ᠃ ᠡᠨᠡ ᠴᠢᠨᠢ ᠶᠠᠭᠤ ᠢᠢ ᠬᠠᠷᠠᠭᠤᠯᠵᠣ ᠪᠠᠶᠢᠨ᠎ᠠ︖ ᠪᠢᠳᠠᠨ ᠤ ᠪᠠᠭᠠᠰᠣ ᠰᠢᠭᠡᠰᠦ ᠢᠢ ᠴᠢ ᠢᠳᠡᠵᠦ ᠪᠠᠶᠢᠭ᠎ᠠ ᠬᠡᠷᠡᠭ ᠪᠢᠰᠢ ᠶᠣᠮ ᠦᠦ︖︾ ᠭᠡᠳ ᠦᠪᠡᠷ ᠢᠶᠠᠨ ᠪᠠᠰᠠ ᠪᠠᠭᠠᠯᠠ᠃ ᠲᠡᠭᠦᠨ ᠤ ᠣᠨᠠᠭᠠᠭᠰᠠᠨ ᠬᠤᠷᠭᠤᠯ ᠣᠪᠣᠭᠠᠯᠠᠭᠰᠠᠨ ᠰᠢᠭᠡᠭ ᠲᠣᠳᠤᠷ᠎ᠠ ᠲᠠᠨᠤᠭ ᠦᠭᠡᠢ ᠠᠷᠪᠢᠨ ᠪᠠᠶᠢᠪᠠ᠃
ᠲᠠᠣᠯᠠᠢ ᠬᠠᠷᠠᠨ ᠬᠠᠷᠠᠨ ᠣᠭᠰᠢᠭᠤᠯᠵᠣ ᠪᠠᠷᠢᠭᠰᠠᠨ ᠢᠶᠠᠨ ᠬᠠᠶᠠᠬᠤ ᠳᠤ ᠢᠮᠠᠭ᠎ᠠ ᠲᠡᠭᠦᠵᠦ ᠠᠪᠣᠭᠠᠳ ᠠᠮᠳᠠᠷᠬᠠᠨ ᠢᠳᠡᠯ᠎ᠡ᠃
︽ᠴᠢ ᠦᠪᠡᠷ ᠤᠨ ᠪᠠᠭᠠᠰᠣ ᠰᠢᠭᠡᠰᠦ ᠪᠠᠨ ᠦᠪᠡᠷ ᠢᠶᠠᠨ ᠢᠳᠡᠴᠢᠬᠡᠭ᠍ᠰᠡᠨ︾ ᠭᠡᠵᠦ ᠲᠠᠣᠯᠠᠢ ᠱᠣᠭᠯᠠᠯᠠ᠃ ᠯᠣᠣᠪᠠᠩ ᠣᠯᠵᠣ ᠢᠳᠡᠭ᠍ᠰᠡᠨ ᠢᠮᠠᠭ᠎ᠠ ᠢᠨᠢᠶᠡᠵᠦ᠄
︽ᠪᠢ ᠦᠪᠡᠷ ᠤᠨ ᠪᠠᠭᠠᠰᠣ ᠰᠢᠬᠡᠰᠦ ᠪᠠᠨ ᠢᠳᠡᠬᠦ ᠳᠤ ᠶᠠᠭᠠᠬᠢᠳᠠᠭ ᠶᠣᠮ︖ ᠡᠨᠡ ᠴᠢᠨᠢ ᠮᠢᠨᠦ ᠶᠠᠭᠤᠮ᠎ᠠ ᠰᠢᠣ︾ ᠭᠡᠪᠡ᠃ ᠢᠮᠠᠭ᠎ᠠ ᠢᠢᠨ ᠪᠠᠭᠠᠰᠣ ᠰᠢᠭᠡᠰᠦ ᠲᠠᠢ ᠯᠣᠣᠪᠠᠩ ᠢᠳᠡᠭ᠍ᠰᠡᠨ ᠲᠠᠣᠯᠠᠢ ᠪᠣᠳᠤᠨ ᠪᠣᠳᠤᠨ ᠣᠭᠰᠢᠭᠤᠯᠵᠣ ᠬᠡᠳᠦ ᠣᠳᠠᠭ᠎ᠠ ᠪᠦᠭᠡᠯᠵᠢᠭ᠍ᠰᠡᠨ ᠴᠣ ᠡᠪ ᠦᠭᠡᠢ ᠰᠠᠨᠠᠭᠳᠠᠭᠠᠳ ᠯᠣᠣᠪᠠᠩ ᠪᠣᠳᠤᠬᠤ ᠠᠴᠠ ᠲᠣᠳᠤᠷ᠎ᠠ ᠨᠢ ᠮᠠᠭᠤᠬᠠᠶᠢᠷᠠᠳᠠᠭ ᠪᠣᠯᠵᠠᠢ᠃
ᠨᠢᠭᠡ ᠡᠳᠦᠷ ᠲᠠᠣᠯᠠᠢ ᠢᠢᠨ ᠳᠤ ᠱᠠᠭᠠᠵᠠᠭᠠᠢ ᠠᠶᠢᠯᠴᠢᠯᠠᠬᠤ ᠳᠠᠭᠠᠨ ᠠᠶᠢᠯ ᠳᠤ ᠭᠠᠷ ᠬᠤᠭᠤᠰᠣᠨ ᠣᠷᠤᠳᠠᠭ ᠦᠭᠡᠢ ᠶᠣᠮ᠂ ᠭᠠᠷ ᠤᠨ ᠪᠡᠯᠡᠭ ᠭᠡᠵᠦ ᠪᠡᠯᠭᠡᠰᠢᠶᠡᠨ ᠯᠣᠣᠪᠠᠩ ᠠᠪᠴᠣ ᠢᠷᠡᠵᠡᠢ᠃ ᠲᠠᠣᠯᠠᠢ ᠪᠣᠯᠢᠶᠠᠨ ᠠᠪᠴᠣ ᠡᠭᠦᠳᠡ ᠪᠠᠷ ᠴᠣᠬᠢᠵᠦ ᠭᠠᠷᠭᠠᠭᠠᠳ᠄
︽ᠡᠨᠡ ᠶᠠᠭᠤᠮ᠎ᠠ ᠪᠠᠨ ᠭᠡᠨ ᠳᠡᠭᠡᠨ ᠦᠭ᠍ᠳᠡᠭ ᠪᠣᠯ ᠲᠡᠭᠦᠨ ᠳᠡᠭᠡᠨ ᠦᠭ᠃ ᠨᠠᠭᠠᠰᠢ ᠪᠠᠨ ᠪᠢᠳᠡᠭᠡᠢ ᠬᠠᠨᠳᠣᠭᠤᠯ︕︾ ᠭᠡᠵᠦ ᠬᠤᠭᠤᠯᠠᠢ ᠪᠡᠨ ᠬᠠᠭᠠᠷᠠᠳᠠᠯ᠎ᠠ ᠬᠠᠰᠭᠢᠷᠴᠠᠢ᠃
ᠱᠠᠭᠠᠵᠠᠭᠠᠢ ᠰᠣᠴᠢᠵᠦ᠄
︽ᠲᠠᠣᠯᠠᠢ ᠡᠭᠡᠴᠢ ᠮᠢᠨᠢ ᠶᠠᠭᠠᠬᠢᠴᠢᠬᠠᠪᠠ︖ ᠲᠠ ᠴᠢᠨᠢ ᠁︾ ᠭᠡᠵᠦ ᠦᠭᠦᠯᠡᠨ ᠨᠢᠳᠦ ᠴᠢᠷᠮᠠᠯ ᠦᠭᠡᠢ ᠬᠠᠷᠠᠬᠤ ᠳᠤ︽ᠪᠢ ᠢᠮᠠᠭ᠎ᠠ ᠢᠢᠨ ᠪᠠᠭᠠᠰᠣ ᠰᠢᠭᠡᠰᠦ ᠲᠠᠢ ᠶᠠᠭᠤᠮ᠎ᠠ ᠢᠢ ᠲᠠᠬᠢᠵᠣ ᠶᠠᠭ ᠢᠳᠡᠬᠦ ᠦᠭᠡᠢ︾ᠭᠡᠵᠦ ᠰᠢᠳᠦ ᠵᠠᠭᠤᠵᠣ ᠨᠢᠳᠤᠷᠭ᠎ᠠ ᠵᠠᠡᠭᠬᠢᠳᠪᠠ᠃ ᠱᠠᠭᠠᠵᠠᠭᠠᠢ ᠣᠴᠢᠷ ᠣᠬᠠᠭᠠᠨ ᠢ ᠨᠢ ᠣᠯᠠᠮ ᠣᠯ ᠶᠠᠳᠠᠪᠠ᠃
︽ᠶᠠᠭᠠᠬᠢᠭᠠᠳ︖︾
︽ᠯᠣᠣᠪᠠᠩ ᠭᠡᠳᠡᠭ ᠴᠢᠨᠢ ᠁︾ ᠭᠡᠳ ᠲᠠᠣᠯᠠᠢ ᠱᠠᠭᠠᠵᠠᠭᠠᠢ ᠳᠤ ᠵᠢᠭ᠍ᠰᠢᠭ᠍ᠰᠡᠨ ᠦᠯᠢᠭᠡᠷ ᠢᠶᠠᠨ ᠶᠠᠷᠢᠭᠠᠳ︽ᠡᠶᠢᠮᠦ ᠶᠠᠭᠤᠮ᠎ᠠ ᠢᠢ ᠣᠳᠤ ᠬᠡᠨ ᠢᠳᠡᠬᠦ ᠶᠣᠮ︖ ᠱᠠᠭᠠᠵᠠᠭᠠᠢ ᠴᠢ ᠴᠣ ᠭᠡᠰᠡᠨ ᠢᠳᠡᠬᠦ ᠦᠭᠡᠢ ᠰᠢᠣ︕︾ ᠭᠡᠪᠡ᠃
ᠱᠠᠭᠠᠵᠠᠭᠠᠢ ᠰᠣᠨᠣᠰᠣᠭᠰᠠᠭᠠᠷ ᠪᠠᠶᠢᠵᠦ ᠬᠠᠯ᠂ ᠬᠠᠯ ᠢᠨᠢᠶᠡᠭ᠍ᠰᠡᠭᠡᠷ ᠡᠯᠢᠭᠡ ᠨᠢ ᠬᠦᠰᠢᠭᠡᠳ ᠴᠠᠭᠠᠰᠢ ᠪᠠᠨ ᠣᠬᠢᠯᠠᠴᠢᠬᠠᠪᠠ᠃
ᠲᠠᠣᠯᠠᠢ᠄︽ᠨᠠᠶᠢᠵᠠ ᠮᠢᠨᠢ ᠴᠢ᠂ ᠡᠷᠡᠭᠡ ᠦᠭᠡᠢ ᠪᠢᠵᠡ︖︾
ᠣᠬᠢᠯᠠᠩᠬᠠᠢ ᠨᠢᠳᠦ ᠪᠠᠷ ᠦᠪᠡᠷ ᠢ ᠨᠢ ᠬᠠᠷᠠᠭᠰᠠᠨ ᠱᠠᠭᠠᠵᠠᠭᠠᠢ᠄
︽ᠴᠢ ᠮᠢᠨᠢ ᠬᠦᠭᠡᠷᠦᠬᠦᠢ ᠪᠠᠶᠢᠨ᠎ᠠ᠂ ᠢᠮᠠᠭ᠎ᠠ ᠢᠢᠨ ᠠᠷᠭ᠎ᠠ ᠳᠤ ᠤᠨᠠᠴᠢᠬᠠᠭᠰᠠᠨ ᠪᠠᠶᠢᠨ᠎ᠠ ᠰᠢᠣ︾ᠭᠡᠳ ᠨᠢᠯᠪᠣᠰᠣ ᠪᠠᠨ ᠠᠷᠴᠢᠬᠤ ᠳᠤ ᠲᠠᠣᠯᠠᠢ ᠴᠣ ᠪᠦᠯᠳᠡᠶᠢᠴᠢᠬᠡᠪᠡ᠃ ᠢᠮᠠᠭ᠎ᠠ ᠢᠢᠨ ᠶᠠᠮᠠᠷ ᠮᠡᠭᠡ ᠳᠤ ᠦᠭ᠍ᠳᠡᠴᠢᠬᠡᠪᠡ︖ ᠱᠠᠭᠠᠵᠠᠭᠠᠢ ᠴᠣᠬᠢᠭᠰᠠᠨ ᠯᠣᠣᠪᠠᠩ ᠢᠶᠠᠨ ᠲᠡᠬᠦᠨ ᠠᠪᠴᠢᠷᠠᠭᠠᠳ ᠰᠢᠷᠡᠭᠡᠨ ᠳᠡᠭᠡᠷ᠎ᠡ ᠨᠢ ᠲᠠᠯᠪᠢᠬᠤ ᠵᠠᠭᠤᠷ᠎ᠠ᠄
︽ᠮᠦᠨ᠂ ᠮᠦᠨ᠂ ᠶᠠᠭ ᠲᠠᠭᠠᠷᠠᠵᠣ ᠪᠠᠶᠢᠨ᠎ᠠ᠃ ᠲᠠᠷᠢᠶ᠎ᠠ ᠪᠣᠳᠠᠭ᠎ᠠ ᠲᠠᠷᠢᠬᠤ ᠳᠤ ᠮᠠᠯ ᠤᠨ ᠰᠢᠭᠡᠭ ᠪᠣᠷᠳᠣᠭᠤᠷ ᠣᠷᠣᠭᠤᠯᠬᠤ ᠨᠢ ᠲᠠᠭᠠᠷᠠᠨ᠎ᠠ᠃ ᠴᠢᠨᠦ ᠪᠠᠭᠠᠰᠣ ᠰᠢᠭᠡᠰᠦ ᠴᠣ ᠭᠡᠰᠡᠨ ᠭᠠᠵᠠᠷ ᠲᠤ ᠣᠷᠤᠭᠠᠳ ᠰᠢᠮ᠎ᠡ ᠲᠡᠵᠢᠭᠡᠯ ᠪᠣᠯᠣᠨ᠎ᠠ᠃ ᠡᠶᠢᠮᠦ ᠣᠯᠠᠨ ᠠᠮᠢᠳᠠᠨ ᠵᠢᠬᠦᠷᠳᠡᠨ ᠤ ᠪᠠᠭᠠᠰᠣ ᠰᠢᠭᠡᠰᠦ ᠭᠠᠵᠠᠷ ᠤᠨ ᠰᠢᠮ᠎ᠠ ᠪᠣᠯᠳᠠᠭ᠃ ᠡᠨᠡ ᠰᠢᠮ᠎ᠡ ᠲᠡᠵᠢᠭᠡᠯ ᠵᠢᠡᠷ ᠡᠪᠡᠰᠣ ᠨᠣᠭᠤᠭ᠎ᠠ ᠡᠯᠪᠡᠭ ᠣᠷᠭᠤᠨ᠎ᠠ᠃ ᠬᠤᠷᠤᠬᠠᠢ ᠰᠢᠪᠡᠵᠢ᠂ ᠠᠮᠢᠳᠠᠨ ᠭᠤᠣᠯᠳᠠᠨ ᠲᠠᠩᠰᠤᠭ ᠪᠣᠯᠣᠨ᠎ᠠ︾ ᠭᠡᠵᠦ ᠦᠬᠦᠯᠡᠬᠦ ᠳᠤ᠄
︽ᠮᠢᠨᠦ ᠪᠠᠭᠠᠰᠣ ᠰᠢᠭᠡᠰᠦ ᠪᠠᠷ ᠣᠷᠭᠤᠭᠰᠠᠨ ᠡᠪᠡᠰᠦ ᠨᠣᠭᠤᠭ᠎ᠠ ᠢᠢ ᠢᠮᠠᠭ᠎ᠠ ᠬᠦᠷᠳᠡᠯ᠎ᠡ ᠢᠳᠡᠵᠦ ᠪᠠᠶᠢᠨ᠎ᠠ ᠭᠡᠰᠡᠨ ᠦᠭᠡ ᠦᠦ︖︾ ᠭᠡᠵᠦ ᠲᠠᠣᠯᠠᠢ ᠰᠣᠨᠢᠷᠬᠠᠯ᠎ᠠ᠄
︽ᠪᠢ ᠴᠢᠨᠦᠬᠢ ᠢᠢ ᠢᠳᠡᠵᠦ ᠪᠠᠶᠢᠬᠤ ᠳᠤ ᠴᠢ ᠴᠣ ᠭᠡᠰᠡᠨ ᠮᠢᠨᠦᠬᠢ ᠢᠢ ᠢᠳᠡᠵᠦ ᠪᠠᠶᠢᠭ᠎ᠠ ᠰᠢᠣ ᠳ᠋ᠠ᠃ ᠪᠢᠳᠠ ᠪᠦᠬᠦᠨ ᠬᠤᠭᠤᠷᠤ ᠬᠤᠭᠤᠷᠤᠨᠳᠣ ᠪᠠᠨ ᠡᠶᠢᠮᠦ ᠬᠤᠯᠪᠣᠭ᠎ᠠ ᠲᠠᠢ ᠰᠢᠣ︕︾ ᠭᠡᠪᠡ᠃
ᠲᠠᠣᠯᠠᠢ ᠮᠠᠩᠨᠠᠢ ᠪᠠᠨ ᠠᠯᠠᠭᠠᠳᠠᠨ ᠢᠨᠢᠶᠡᠵᠦ᠄
︽ᠢᠮᠠᠭ᠎ᠠ ᠭᠤᠸᠠᠢ ᠯᠣᠣᠪᠠᠩ ᠣᠯᠵᠣ ᠢᠳᠡᠬᠦ ᠢᠢᠨ ᠲᠦᠯᠦᠭᠡ ᠨᠠᠮ᠎ᠠ ᠵᠢ ᠬᠠᠭᠤᠷᠴᠢᠬᠠᠵᠠᠢ︕︾ ᠭᠡᠯᠡ᠃
(ᠬᠤᠨᠢᠴᠢᠨ ᠪᠠᠶᠠᠰᠬᠤᠯᠠᠩ)