ᠣᠷᠳᠣᠰ ᠬᠣᠲᠠ ᠢᠢᠨ ᠣᠨᠴᠠᠭᠠᠶ ᠰᠤᠷᠭᠠᠨ ᠬᠥᠮᠦᠵᠢᠯ ᠦᠨ ᠰᠤᠷᠭᠠᠭᠤᠯᠢ ᠢᠢ 1992 ᠣᠨ ᠤ 4 ᠰᠠᠷ᠎ᠠ ᠳᠤ ᠡᠬᠢᠯᠡᠨ ᠪᠠᠶᠢᠭᠤᠯᠵᠤ᠂ 2010 ᠣᠨ ᠳᠤ ᠳ᠋ᠦᠩᠱᠧᠩ ᠲᠣᠭᠣᠷᠢᠭ ᠤᠨ ᠲᠢᠶᠸ ᠰᠢ ᠰᠢᠨᠵᠢᠯᠡᠬᠦ ᠤᠬᠠᠭᠠᠨ ᠮᠡᠷᠭᠡᠵᠢᠯ ᠰᠤᠷᠭᠠᠨ ᠬᠥᠮᠦᠵᠢᠯ ᠦᠨ ᠠᠳᠠᠯ ᠦᠢᠯᠡᠰ ᠴᠣᠭᠴᠠᠯᠠᠬᠤ ᠬᠦᠷᠢᠶᠡᠯᠡᠩ ᠳᠦ ᠨᠡᠭᠦᠯᠭᠡᠪᠡ᠃ ᠰᠤᠷᠭᠠᠭᠤᠯᠢ ᠢᠢᠨ ᠳᠣᠲᠣᠷ᠎ᠠ ᠪᠠᠨ ᠵᠢᠭᠠᠨ ᠰᠤᠷᠭᠠᠯᠲᠠ ᠢᠢᠨ ᠠᠰᠠᠷ᠂ ᠪᠠᠶᠢᠷᠢ ᠢᠢᠨ ᠠᠰᠠᠷ᠂ ᠬᠣᠭᠣᠯᠠᠨ ᠭᠡᠷ᠂ ᠪᠡᠶ᠎ᠡ ᠢᠢᠨ ᠲᠠᠮᠢᠷ ᠤᠨ ᠣᠷᠳᠣᠨ᠂ ᠠᠵᠢᠯ ᠮᠡᠷᠭᠡᠵᠢᠯ ᠦᠨ ᠰᠤᠷᠭᠠᠨ ᠬᠥᠮᠦᠵᠢᠯ ᠦᠨ ᠳᠠᠳᠤᠯᠭ᠎ᠠ ᠪᠣᠯᠪᠠᠰᠤᠷᠠᠯ ᠤᠨ ᠰᠠᠭᠤᠷᠢᠨ ᠵᠡᠷᠭᠡ ᠢᠢ ᠪᠠᠶᠢᠭᠤᠯᠵᠤ᠂ ᠲᠡᠷᠢᠭᠦᠨ ᠦ ᠵᠢᠭᠠᠨ ᠰᠤᠷᠭᠠᠯᠲᠠ ᠢᠢᠨ ᠲᠥᠬᠥᠭᠡᠷᠦᠮᠵᠢ ᠲᠡᠶ ᠪᠥᠭᠡᠳ ᠲᠠᠰᠤᠭ᠂ ᠠᠮᠢᠳᠤ ᠪᠣᠳᠠᠰ ᠤᠨ ᠬᠡᠪ ᠵᠠᠭᠪᠤᠷ ᠤᠨ ᠲᠠᠰᠤᠭ᠂ ᠰᠡᠷᠡᠬᠦᠢ ᠵᠢᠨ ᠨᠢᠬᠡᠳᠦᠮᠡᠯ ᠡᠷᠡᠬᠦᠯᠵᠢᠯ ᠤᠨ ᠪᠣᠯᠪᠠᠰᠤᠷᠠᠯ ᠤᠨ ᠲᠠᠰᠤᠭ᠂ ᠲᠣᠭᠯᠠᠭᠠᠮ ᠤᠨ ᠡᠮᠴᠢᠯᠡᠭᠡᠨ ᠦ ᠲᠠᠰᠤᠭ ᠵᠡᠷᠭᠡ ᠴᠢᠳᠠᠪᠬᠢ ᠢᠢᠨ ᠬᠢᠴᠢᠶᠡᠯ ᠦᠨ ᠭᠡᠷ ᠲᠡᠶ ᠪᠠᠶᠢᠳᠠᠭ᠃
ᠤᠷᠳᠤᠰ ᠬᠤᠳᠠ ᠢᠢᠨ ᠣᠨᠴᠠᠭᠠᠢ ᠰᠤᠷᠭᠠᠨ ᠬᠥᠮᠦᠵᠢᠯ ᠦᠨ ᠰᠤᠷᠭᠠᠭᠤᠯᠢ ᠨᠢ ᠶ᠋ᠢᠰᠦᠨ ᠵᠢᠯ ᠦᠨ ᠠᠯᠪᠠᠨ ᠵᠢᠷᠤᠮ ᠤᠨ ᠰᠤᠷᠭᠠᠨ ᠬᠥᠮᠦᠵᠢᠯ ᠢ ᠰᠠᠶᠢᠲᠤᠷ ᠡᠷᠬᠢᠯᠡᠭ᠍ᠰᠡᠡ ᠰᠠᠭᠤᠷᠢᠨ ᠳᠡᠭᠡᠷ᠎ᠡ ᠪᠡᠨ ᠬᠣᠶᠠᠷ ᠲᠡᠰᠢ ᠤᠷᠲᠤᠳᠬᠠᠵᠤ᠂ ᠤᠷᠢᠳ ᠬᠣᠵᠢᠳ ᠠᠵᠢᠯ ᠮᠡᠷᠭᠡᠵᠢᠯ ᠦᠨ ᠥᠨᠳᠥᠷ ᠵᠡᠷᠭᠡ ᠢᠢᠨ ᠳᠤᠮᠳᠠᠳᠤ ᠰᠤᠷᠭᠠᠭᠤᠯᠢ ᠪᠣᠯᠤᠨ ᠰᠤᠷᠭᠠᠭᠤᠯᠢ ᠵᠢᠨ ᠨᠠᠰᠤᠨ ᠠᠴᠠ ᠡᠮᠦᠨᠡᠬᠢ ᠬᠡᠦᠬᠡᠳ ᠦᠨ ᠠᠩᠬᠢ ᠢᠢ ᠡᠷᠬᠢᠯᠡᠵᠦ ᠦᠡᠭᠭᠡᠷᠡᠭᠰᠡᠨ ᠶᠤᠮ᠃ ᠲᠤᠰ ᠰᠤᠷᠭᠠᠭᠤᠯᠢ ᠨᠢ ᠰᠣᠨᠣᠷ ᠤᠨ ᠰᠠᠭᠠᠳ ᠲᠠᠶ᠂ ᠣᠶᠤᠨ ᠤ ᠰᠠᠭᠠᠳ ᠲᠠᠶ᠂ ᠥᠨᠥᠴᠢᠷᠡᠮᠡᠯ ᠬᠡᠮ᠂ ᠲᠠᠷᠢᠬᠢᠨ ᠤ ᠲᠠᠮᠪᠠᠷᠠᠯ ᠪᠠ ᠣᠯᠠᠨ ᠳᠠᠪᠬᠤᠷ ᠵᠡᠮᠳᠡᠭ ᠵᠡᠷᠭᠡ ᠲᠠᠪᠤᠨ ᠲᠥᠷᠥᠯ ᠦᠨ ᠰᠣᠷᠣᠭᠴᠢ ᠵᠢ ᠡᠯᠰᠡᠵᠦ᠂ ᠰᠤᠷᠭᠠᠭᠤᠯᠢ ᠵᠢᠨ ᠨᠠᠰᠤᠨ ᠠᠴᠠ ᠡᠮᠦᠨᠡᠬᠢ᠂ ᠪᠠᠭ᠎ᠠ ᠰᠤᠷᠭᠠᠭᠤᠯᠢ᠂ ᠠᠩᠬ᠎ᠠ ᠵᠡᠷᠭᠡ ᠢᠢᠨ ᠳᠤᠮᠳᠠᠳᠤ ᠰᠤᠷᠭᠠᠭᠤᠯᠢ᠂ ᠥᠨᠳᠥᠷ ᠵᠡᠷᠭᠡ ᠢᠢᠨ ᠳᠤᠮᠳᠠᠳᠤ ᠰᠤᠷᠭᠠᠭᠤᠯᠢ ᠵᠡᠷᠭᠡ ᠳᠥᠷᠪᠡᠨ ᠰᠤᠷᠭᠠᠨ ᠬᠥᠮᠦᠵᠢᠯ ᠦᠨ ᠱᠠᠲᠤ ᠦᠶ᠎ᠡ ᠢᠢ ᠬᠠᠮᠤᠷᠬᠤ ᠢᠢᠨ ᠬᠠᠮᠲᠤ ᠪᠥᠬᠥ ᠬᠣᠲᠠ ᠢᠢᠨ ᠣᠨᠴᠠᠭᠠᠶ ᠰᠤᠷᠭᠠᠨ ᠬᠥᠮᠦᠵᠢᠯ ᠦᠨ ᠰᠤᠳᠤᠯᠭᠠᠨ ᠤ ᠵᠢᠯᠣᠭᠣᠳᠬᠤ ᠲᠥᠪ ᠦᠨ ᠡᠭᠦᠷᠭᠡ ᠢᠢ ᠡᠭᠦᠷᠭᠡᠯᠡᠵᠦ ᠪᠣᠶ᠃ ᠲᠤᠰ ᠰᠤᠷᠭᠠᠭᠤᠯᠢ ᠳᠤ ᠣᠲᠣ 25 ᠵᠢᠭᠠᠨ ᠰᠤᠷᠭᠠᠯᠲᠠ ᠢᠢᠨ ᠠᠩᠭᠢ ᠲᠠᠢ᠂ 200 ᠭᠠᠷᠤᠶ ᠰᠤᠷᠤᠭᠴᠢ ᠲᠠᠢ᠂ 98 ᠪᠠᠭᠰᠢ ᠠᠵᠢᠯᠳᠠᠨ ᠲᠠᠢ ᠪᠠᠶᠢᠵᠤ᠂ ᠡᠭᠦᠨ ᠤ ᠲᠤᠲᠤᠷ᠎ᠠ 1 ᠪᠠᠭᠰᠢ ᠨᠢ ᠥᠪᠡᠷᠲᠡᠭᠡᠨ ᠵᠠᠰᠠᠬᠤ ᠣᠷᠣᠨ ᠤ ᠰᠢᠯᠢᠳᠡᠭ ᠠᠩᠭᠢ ᠢᠢᠨ ᠡᠷᠬᠢᠯᠡᠭ᠍ᠴᠢ᠂ 5 ᠪᠠᠭᠰᠢ ᠨᠢ ᠥᠪᠡᠷᠲᠡᠭᠡᠨ ᠵᠠᠰᠠᠬᠤ ᠣᠷᠣᠨ ᠤ ᠣᠨᠴᠠᠭᠠᠶ ᠰᠤᠷᠭᠠᠨ ᠬᠥᠮᠦᠵᠢᠯ ᠦᠨ ᠲᠡᠷᠢᠭᠦᠨ ᠦ ᠠᠵᠢᠯᠲᠠᠨ᠂ 20 ᠭᠠᠷᠤᠶ ᠪᠠᠭᠰᠢ ᠨᠢ ᠬᠣᠲᠠ ᠢᠢᠨ ᠲᠠᠰ ᠤᠨ ᠰᠢᠯᠢᠳᠡᠭ ᠰᠤᠷᠭᠠᠨ ᠬᠥᠮᠦᠵᠢᠯ ᠦᠨ ᠠᠵᠢᠯᠲᠠᠨ᠂ ᠬᠣᠲᠠ ᠢᠢᠨ ᠲᠠᠰ ᠤᠨ ᠰᠢᠯᠢᠳᠡᠭ ᠪᠠᠭᠰᠢ᠂ ᠬᠣᠲᠠ ᠢᠢᠨ ᠲᠠᠰ ᠤᠨ ᠰᠢᠯᠢᠳᠡᠭ ᠠᠩᠭᠢ ᠢᠢᠨ ᠡᠷᠬᠢᠯᠡᠭ᠍ᠴᠢ᠂ ᠬᠣᠲᠠ ᠢᠢᠨ ᠲᠠᠰ ᠤᠨ ᠵᠢᠭᠠᠨ ᠰᠤᠷᠭᠠᠯᠲᠠ ᠢᠢᠨ ᠴᠢᠳᠠᠪᠤᠷᠢᠲᠠᠨ ᠢᠶᠠᠷ ᠦᠨᠡᠯᠡᠭ᠍ᠳᠡᠵᠡᠢ᠃ ᠣᠷᠳᠣᠰ ᠬᠣᠲᠠ ᠢᠢᠨ ᠣᠨᠴᠠᠭᠠᠶ ᠰᠤᠷᠭᠠᠨ ᠬᠥᠮᠦᠵᠢᠯ ᠦᠨ ᠰᠤᠷᠭᠠᠭᠤᠯᠢ ᠨᠢ ᠤᠷᠢᠳ ᠬᠣᠵᠢᠳ︽ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠦᠨ ᠰᠢᠰᠲ᠋ᠧᠮ ᠦᠨ ᠲᠡᠷᠢᠭᠦᠨ ᠦ ᠬᠠᠮᠲᠤ ᠨᠢᠬᠡᠴᠡ︾᠂︽ᠥᠪᠡᠷᠲᠡᠭᠡᠨ ᠵᠠᠰᠠᠬᠤ ᠣᠷᠣᠨ ᠤ ᠣᠨᠴᠠᠭᠠᠶ ᠰᠤᠷᠭᠠᠨ ᠬᠥᠮᠦᠵᠢᠯ ᠦᠨ ᠠᠵᠢᠯ ᠤᠨ ᠲᠡᠷᠢᠭᠦᠨ ᠦ ᠬᠠᠮᠲᠤ ᠨᠢᠬᠡᠴᠡ︾᠂︽ᠪᠥᠬᠥ ᠬᠣᠲᠠ ᠢᠢᠨ ᠰᠤᠷᠭᠠᠨ ᠬᠥᠮᠦᠵᠢᠯ ᠦᠨ ᠰᠢᠰᠲ᠋ᠧᠮ ᠦᠨ ᠲᠡᠷᠢᠭᠦᠨ ᠦ ᠬᠠᠮᠲᠤ ᠨᠢᠬᠡᠴᠡ︾᠂︽ᠪᠥᠬᠥ ᠬᠣᠲᠠ ᠢᠢᠨ ᠶᠣᠰᠣ ᠰᠤᠷᠲᠠᠬᠤᠨ ᠤ ᠬᠥᠮᠦᠵᠢᠯ ᠦᠨ ᠠᠵᠢᠯ ᠤᠨ ᠲᠡᠷᠢᠭᠦᠨ ᠦ ᠬᠠᠮᠲᠤ ᠨᠢᠬᠡᠴᠡ︾᠂︽ᠬᠣᠲᠠ ᠢᠢᠨ ᠲᠠᠰ ᠤᠨ︿3·8﹀ᠤᠯᠠᠭᠠᠨ ᠲᠣᠭᠴᠢ ᠬᠠᠮᠳᠤ ᠨᠢᠬᠡᠴᠡ︾ᠵᠢᠨ ᠴᠣᠯᠠ ᠢᠢ ᠭᠥᠷᠳᠡᠵᠦ᠂︽ᠬᠣᠲᠠ ᠢᠢᠨ ᠰᠢᠭᠤᠳ ᠰᠤᠷᠭᠠᠨ ᠬᠥᠮᠦᠵᠢᠯ ᠦᠨ ᠰᠢᠰᠲ᠋ᠧᠮ ᠦᠨ ᠰᠢᠯᠭᠠᠨ ᠬᠢᠨᠠᠯᠲᠠ ᠢᠢᠨ ᠰᠢᠯᠢᠳᠡᠭ ᠱᠠᠩᠨᠠᠯ︾ᠢ ᠣᠯᠠᠨᠲᠠ ᠭᠥᠷᠳᠡᠪᠡ᠃
ᠣᠷᠳᠣᠰ ᠬᠣᠲᠠ ᠢᠢᠨ ᠣᠨᠴᠠᠭᠠᠶ ᠰᠤᠷᠭᠠᠨ ᠬᠥᠮᠦᠵᠢᠯ ᠦᠨ ᠰᠤᠷᠭᠠᠭᠤᠯᠢ ᠨᠢ ᠰᠤᠷᠭᠠᠭᠤᠯᠢ ᠵᠢᠨ ᠨᠠᠰᠤᠨ ᠠᠴᠠ ᠡᠮᠦᠨᠡᠬᠢ ᠡᠴᠡ ᠥᠨᠳᠥᠷ ᠵᠡᠷᠭᠡ ᠢᠢᠨ ᠳᠤᠮᠳᠠᠳᠤ ᠰᠤᠷᠭᠠᠭᠤᠯᠢ ᠬᠦᠷᠲᠡᠯᠡᠬᠢ ᠠᠷᠪᠠᠨ ᠲᠠᠪᠤᠨ ᠵᠢᠯ ᠦᠨ ᠳᠦᠷᠢᠮᠲᠦ ᠪᠦᠷᠢᠨ ᠰᠦᠢᠳᠭᠡᠯ ᠬᠤᠷᠢᠶᠠᠬᠤ ᠥᠬᠡᠶ ᠰᠤᠷᠭᠠᠨ ᠬᠥᠮᠦᠵᠢᠯ ᠢ ᠬᠡᠷᠡᠭ᠍ᠵᠢᠭᠦᠯᠵᠦ᠂︽ᠠᠮᠢ ᠨᠠᠰᠤᠨ ᠤ ᠰᠤᠷᠭᠠᠨ ᠬᠥᠮᠦᠵᠢᠯ ᠢᠶᠡᠷ ᠰᠠᠭᠤᠷᠢ ᠪᠣᠯᠭᠠᠵᠤ᠂ ᠠᠮᠢᠳᠤᠷᠠᠯ ᠤᠨ ᠰᠤᠷᠭᠠᠨ ᠬᠥᠮᠦᠵᠢᠯ ᠢᠶᠡᠷ ᠭᠣᠸᠯ ᠪᠣᠯᠭᠠᠬᠤ︾ᠰᠤᠷᠭᠠᠭᠤᠯᠢ ᠡᠷᠭᠢᠯᠡᠬᠦ ᠣᠨᠣᠯᠵᠢᠬᠤᠨ ᠢ ᠪᠠᠷᠢᠮᠲᠠᠯᠠᠨ᠂ ᠡᠷᠡᠭᠦᠯᠵᠢᠭᠦᠯᠬᠦ ᠪᠡᠷ ᠰᠠᠭᠤᠷᠢ ᠪᠣᠯᠭᠠᠭᠰᠠᠨ ᠰᠤᠷᠭᠠᠭᠤᠯᠢ ᠵᠢᠨ ᠨᠠᠰᠤᠨ ᠠᠴᠠ ᠡᠮᠦᠨᠡᠬᠢ ᠬᠢᠴᠢᠶᠡᠯ᠂ ᠠᠮᠢᠳᠤᠷᠠᠯ ᠳᠤ ᠵᠣᠬᠢᠴᠠᠬᠤ ᠪᠠᠷ ᠭᠣᠸᠯ ᠪᠣᠯᠭᠠᠭᠰᠠᠨ ᠠᠯᠪᠠᠨ ᠵᠢᠷᠤᠮ ᠤᠨ ᠰᠤᠷᠭᠠᠨ ᠬᠥᠮᠦᠵᠢᠯ ᠦᠨ ᠬᠢᠴᠢᠶᠡᠯ᠂ ᠰᠠᠶᠢᠨ ᠰᠠᠶᠢᠬᠠᠨ ᠠᠮᠢᠳᠤᠷᠠᠯ ᠢᠶᠠᠷ ᠤᠳᠤᠷᠢᠳᠤᠮᠵᠢ ᠪᠣᠯᠭᠠᠭᠰᠠᠨ ᠠᠵᠢᠯ ᠮᠡᠷᠭᠡᠵᠢᠯ ᠦᠨ ᠰᠤᠷᠭᠠᠨ ᠬᠥᠮᠦᠵᠢᠯ ᠦᠨ ᠬᠢᠴᠢᠶᠡᠯ ᠦᠨ ᠰᠤᠷᠭᠠᠨ ᠬᠥᠮᠦᠵᠢᠯ ᠦᠨ ᠲᠤᠭᠳᠠᠯᠴᠠᠭ᠎ᠠ ᠢᠢ ᠪᠠᠶᠢᠭᠤᠯᠵᠠᠢ᠃ ᠰᠤᠷᠤᠭᠴᠢᠳ ᠤᠨ ᠠᠮᠢᠳᠤᠷᠠᠯ ᠤᠨ ᠬᠡᠷᠡᠭ᠍ᠴᠡᠭᠡ ᠱᠠᠭᠠᠷᠳᠠᠯᠭ᠎ᠠ ᠠᠴᠠ ᠡᠭᠦᠰᠴᠦ᠂ ᠲᠡᠷᠢᠭᠦᠨ ᠦ ᠣᠨᠴᠠᠭᠠᠶ ᠰᠤᠷᠭᠠᠨ ᠬᠥᠮᠦᠵᠢᠯ ᠦᠨ ᠣᠨᠣᠯᠵᠢᠬᠤᠨ ᠢᠶᠠᠷ ᠵᠢᠯᠣᠭᠣᠳᠣᠯᠭ᠎ᠠ ᠪᠣᠯᠭᠠᠨ᠂ ᠣᠨᠴᠠᠭᠠᠶ ᠰᠤᠷᠤᠭᠴᠢᠳ ᠤᠨ ᠰᠤᠷᠭᠠᠨ ᠬᠥᠮᠦᠵᠢᠯ ᠵᠢᠭᠠᠨ ᠰᠤᠷᠭᠠᠯᠲᠠ ᠬᠢᠭᠡᠳ ᠡᠷᠡᠭᠦᠯᠵᠢᠯ ᠦᠨ ᠪᠣᠯᠪᠠᠰᠤᠷᠠᠯ ᠳᠤ ᠬᠦᠴᠦ ᠲᠠᠯᠪᠢᠵᠤ᠂ ᠣᠨᠴᠠᠭᠠᠶ ᠰᠤᠷᠤᠭᠴᠢᠳ ᠲᠤ ᠠᠮᠢᠳᠤᠷᠠᠯ ᠳᠤ ᠵᠣᠬᠢᠴᠠᠬᠤ᠂ ᠨᠡᠶᠢᠭᠡᠮ ᠳᠦ ᠵᠣᠬᠢᠴᠠᠬᠤ ᠮᠡᠳᠡᠯᠭᠡ ᠪᠠ ᠮᠡᠷᠭᠡᠵᠢᠯ ᠴᠢᠳᠠᠪᠤᠷᠢ ᠣᠯᠭᠣᠵᠤ᠂ ᠬᠦᠨᠳᠦᠳᠭᠡᠬᠦ᠂ ᠡᠷᠬᠡ ᠲᠡᠭ᠍ᠰᠢ᠂ ᠨᠡᠶᠢᠬᠡᠮ ᠲᠠᠢ ᠠᠭᠤᠰᠤᠯᠴᠠᠬᠤ᠂ ᠪᠡᠶ᠎ᠡ ᠪᠡᠨ ᠳᠠᠭᠠᠭᠠᠬᠤ ᠵᠢᠴᠢ ᠥᠪᠡᠷ ᠦᠨ ᠥᠷᠲᠡᠭ ᠢᠶᠡᠨ ᠪᠡᠶᠡᠯᠡᠭᠦᠯᠬᠦ ᠡᠷᠬᠡ ᠢᠢ ᠡᠳ᠋ᠯᠡᠭᠦᠯᠦᠭᠰᠡᠨ ᠪᠠᠶᠢᠨ᠎ᠠ᠃ 2012 ᠣᠨ ᠳᠤ ᠣᠷᠳᠣᠰ ᠬᠣᠲᠠ ᠢᠢᠨ ᠣᠨᠴᠠᠭᠠᠶ ᠰᠤᠷᠭᠠᠨ ᠬᠥᠮᠦᠵᠢᠯ ᠦᠨ ᠰᠤᠷᠭᠠᠭᠤᠯᠢ ᠨᠢ ᠳᠦᠯᠡᠶ ᠬᠡᠸᠬᠡᠳ ᠦᠨ ᠬᠡᠯᠡᠨ ᠦ ᠪᠣᠯᠪᠠᠰᠤᠷᠠᠭᠤᠯᠤᠯ ᠠᠴᠠ ᠡᠬᠢᠯᠡᠨ᠂ ᠲᠠᠷᠢᠬᠢᠨ ᠤ ᠰᠠ ᠡᠪᠡᠳᠴᠢᠨ ᠦ ᠡᠷᠡᠭᠦᠯᠵᠢᠯ᠂ ᠥᠨᠥᠴᠢᠷᠡᠮᠡᠯ ᠡᠪᠡᠳᠴᠢᠨ ᠦ ᠡᠷᠡᠭᠦᠯᠵᠢᠯ᠂ ᠰᠡᠳᠭᠢᠴᠡ ᠢᠢᠨ ᠡᠷᠡᠭᠦᠯᠵᠢᠯ ᠪᠠ ᠤᠷᠠᠯᠢᠭ ᠤᠨ ᠡᠮᠴᠢᠯᠡᠭᠡ ᠵᠡᠷᠭᠡ ᠡᠷᠡᠭᠦᠯᠵᠢᠯ ᠦᠨ ᠬᠢᠴᠢᠶᠡᠯ ᠢ ᠠᠯᠬᠤᠮ ᠠᠯᠬᠤᠮ ᠢᠶᠠᠷ ᠨᠡᠭᠡᠭᠡᠵᠡᠶ᠃ 2018 ᠣᠨ ᠠᠴᠠ ᠣᠲᠣ ᠪᠣᠯᠲᠠᠯ᠎ᠠ ᠭᠤᠷᠪᠠᠨ ᠬᠤᠭᠤᠴᠠᠭᠠᠨ ᠤ ᠰᠣᠨᠣᠷ ᠤᠨ ᠰᠠᠭᠠᠳ ᠲᠠᠶ ᠨᠡᠶᠢᠲᠡ 15 ᠰᠣᠷᠣᠭᠴᠢ ᠳᠦᠯᠡᠶ ᠬᠥᠮᠦᠨ ᠦ ᠶᠡᠬᠡ ᠳᠡᠭᠡᠳᠦ ᠰᠤᠷᠭᠠᠭᠤᠯᠢ ᠵᠢᠨ ᠰᠣᠷᠣᠭᠴᠢ ᠡᠯᠰᠡᠬᠦ ᠨᠢᠬᠡᠳᠦᠯᠳᠡᠢ ᠰᠢᠯᠭᠠᠯᠲᠠ ᠳᠤ ᠣᠷᠣᠯᠴᠠᠵᠤ᠂ ᠤᠷᠢᠳ ᠬᠣᠵᠢᠳ ᠴᠠᠩᠴᠦ᠋ᠨ ᠶᠡᠬᠡ ᠰᠤᠷᠭᠠᠭᠤᠯᠢ᠂ ᠵᠧᠩᠵᠸᠥ ᠪᠠᠷᠢᠯᠭ᠎ᠠ ᠵᠢᠨ ᠮᠡᠷᠭᠡᠵᠢᠯ ᠦᠨ ᠳᠡᠭᠡᠳᠦ ᠰᠤᠷᠭᠠᠭᠤᠯᠢ᠂ ᠵᠧᠵᠢᠶᠠᠩ ᠮᠤᠵᠢ ᠢᠢᠨ ᠣᠨᠴᠠᠭᠠᠶ ᠰᠤᠷᠭᠠᠨ ᠬᠥᠮᠦᠵᠢᠯ ᠦᠨ ᠠᠵᠢᠯ ᠮᠡᠷᠭᠡᠵᠢᠯ ᠦᠨ ᠳᠡᠭᠡᠳᠦ ᠰᠤᠷᠭᠠᠭᠤᠯᠢ᠂ ᠴᠠᠩᠱᠠ ᠠᠵᠢᠯ ᠮᠡᠷᠭᠡᠵᠢᠯ ᠦᠨ ᠳᠡᠭᠡᠳᠦ ᠰᠤᠷᠭᠠᠭᠤᠯᠢ ᠵᠡᠷᠭᠡ ᠰᠤᠷᠭᠠᠭᠤᠯᠢ ᠳᠤ ᠡᠯᠰᠡᠭ᠍ᠳᠡᠵᠦ᠂ ᠶᠡᠬᠡ ᠳᠡᠭᠡᠳᠦ ᠰᠤᠷᠭᠠᠭᠤᠯᠢ ᠳᠤ ᠲᠡᠪᠰᠢᠬᠦ ᠨᠣᠷᠮ᠎ᠠ ᠨᠢ 93% ᠳ᠋ᠤ ᠬᠦᠷᠴᠡᠶ᠃ 2022 ᠣᠨ ᠳᠤ ᠰᠣᠨᠣᠷ ᠤᠨ ᠰᠠᠭᠠᠳ ᠲᠠᠶ ᠰᠤᠷᠤᠭᠴᠢᠳ ᠤᠨ ᠪᠦᠵᠢᠭᠯᠡᠭᠰᠡᠨ︽ᠨᠠᠢᠮᠠᠨ ᠡᠮᠡᠭ᠍ᠲᠡᠶ ᠮᠥᠷᠡᠨ ᠳᠦ ᠬᠠᠷᠠᠶᠢᠭᠰᠠᠨ ᠨᠢ︾ᠬᠡᠬᠦ ᠪᠥᠵᠢᠭ ᠨᠢ ᠠᠷᠪᠠᠳᠤᠭᠠᠷ ᠬᠤᠭᠤᠴᠠᠭᠠᠨ ᠤ ᠪᠥᠬᠥ ᠤᠯᠤᠰ ᠤᠨ ᠵᠡᠮᠳᠡᠭ᠍ᠴᠦᠳ ᠦᠨ ᠤᠷᠠᠨ ᠰᠠᠶᠢᠬᠠᠨ ᠤ ᠬᠠᠮᠲᠤᠷᠠᠭᠰᠠᠨ ᠲᠣᠭᠯᠠᠯᠲᠠ ᠢᠢᠨ ᠨᠢᠭᠡᠳᠦᠭᠡᠷ ᠳᠡᠰ ᠤᠨ ᠱᠠᠩᠨᠠᠯ ᠢ ᠭᠥᠷᠳᠡᠭᠰᠡᠨ ᠪᠠᠶᠢᠨ᠎ᠠ᠃ 2023 ᠣᠨ ᠳᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠵᠢᠷᠭᠤᠳᠤᠭᠠᠷ ᠬᠤᠭᠤᠴᠠᠭᠠᠨ ᠤ ᠵᠡᠮᠳᠡᠭ᠍ᠴᠦᠳ ᠦᠨ ᠪᠡᠶ᠎ᠡ ᠢᠢᠨ ᠲᠠᠮᠢᠷ ᠤᠨ ᠴᠤᠭᠯᠠᠭᠠᠨ ᠵᠢᠴᠢ ᠣᠨᠴᠠᠭᠠᠶ ᠣᠯᠢᠮᠫᠢᠺ ᠤᠨ ᠪᠡᠶ᠎ᠡ ᠢᠢᠨ ᠲᠠᠮᠢᠷ ᠤᠨ ᠴᠤᠭᠯᠠᠭᠠᠨ ᠣᠷᠳᠣᠰ ᠬᠣᠲᠠ ᠢᠢᠨ ᠪᠡᠶ᠎ᠡ ᠢᠢᠨ ᠲᠠᠮᠢᠷ ᠤᠨ ᠦᠢᠯᠡᠰ ᠦᠨ ᠬᠥᠭ᠍ᠵᠢᠯᠲᠡ ᠢᠢᠨ ᠲᠥᠪ ᠲᠦ ᠶᠠᠪᠤᠭᠳᠠᠬᠤ ᠳᠤ ᠲᠤᠰ ᠰᠤᠷᠭᠠᠭᠤᠯᠢ ᠢᠢᠨ ᠰᠤᠷᠤᠭᠴᠢᠳ 8 ᠠᠯᠲᠠᠨ ᠮᠧᠳᠠᠯ᠂ 11 ᠮᠥᠩᠭᠥᠨ ᠮᠧᠳᠠᠯ᠂ 5 ᠬᠦᠷᠡᠯ ᠮᠧᠳᠠᠯ ᠢ ᠬᠦᠷᠳᠡᠵᠠᠢ᠃ 2024 ᠣᠨ ᠳᠤ ᠣᠷᠳᠣᠰ ᠬᠣᠲᠠ ᠢᠢᠨ ᠣᠨᠴᠠᠭᠠᠶ ᠰᠤᠷᠭᠠᠨ ᠬᠥᠮᠦᠵᠢᠯ ᠦᠨ ᠰᠤᠷᠭᠠᠭᠤᠯᠢ ᠪᠣᠯᠤᠨ ᠨᠠᠨᠵᠢᠩ ᠤᠨ ᠣᠨᠴᠠᠭᠠᠶ ᠰᠤᠷᠭᠠᠨ ᠬᠥᠮᠦᠵᠢᠯ ᠦᠨ ᠪᠠᠭᠰᠢ ᠢᠢᠨ ᠳᠡᠭᠡᠳᠦ ᠰᠤᠷᠭᠠᠭᠤᠯᠢ ᠢᠢᠨ ᠬᠠᠮᠲᠤᠷᠠᠨ ᠪᠠᠶᠢᠭᠤᠯᠤᠭᠰᠠᠨ ᠥᠨᠥᠴᠢᠷᠡᠮᠡᠯ ᠡᠪᠡᠳᠴᠢᠨ ᠦ ᠰᠤᠷᠭᠠᠨ ᠬᠥᠮᠦᠵᠢᠯ ᠦᠨ ᠰᠤᠳᠤᠯᠭᠠᠨ ᠤ ᠵᠢᠯᠣᠭᠣᠳᠣᠭᠴᠢ ᠪᠠᠭᠰᠢ ᠢᠢᠨ ᠠᠵᠢᠯᠯᠠᠬᠤ ᠲᠠᠰᠤᠭ ᠪᠠᠶᠢᠭᠤᠯᠤᠭᠳᠠᠪᠠ᠃ ᠡᠨᠡ ᠪᠣᠯ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠠᠭᠴᠢ ᠥᠨᠥᠴᠢᠷᠡᠮᠡᠯ ᠡᠪᠡᠳᠴᠢᠨ ᠦ ᠰᠤᠷᠭᠠᠨ ᠬᠥᠮᠦᠵᠢᠯ ᠦᠨ ᠰᠤᠳᠤᠯᠭᠠᠨ ᠤ ᠵᠢᠯᠣᠭᠣᠳᠣᠭᠴᠢ ᠪᠠᠭᠰᠢ ᠢᠢᠨ ᠠᠵᠢᠯ ᠤᠨ ᠲᠠᠰᠤᠭ ᠪᠣᠯᠬᠤ ᠪᠥᠭᠡᠳ ᠨᠠᠨᠵᠢᠩ ᠤᠨ ᠣᠨᠴᠠᠭᠠᠶ ᠰᠤᠷᠭᠠᠨ ᠬᠥᠮᠦᠵᠢᠯ ᠦᠨ ᠪᠠᠭᠰᠢ ᠢᠢᠨ ᠳᠡᠭᠡᠳᠦ ᠰᠤᠷᠭᠠᠭᠤᠯᠢ ᠢᠢᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠠᠬᠢ ᠠᠩᠬᠠᠳᠠᠭᠴᠢ ᠰᠤᠷᠭᠠᠨ ᠬᠥᠮᠦᠵᠢᠯ ᠦᠨ ᠳᠠᠳᠤᠯᠭ᠎ᠠ ᠢᠢᠨ ᠰᠠᠭᠤᠷᠢᠨ ᠭᠠᠵᠠᠷ ᠪᠤᠯᠬᠤ ᠶᠤᠮ᠃
ᠣᠷᠳᠣᠰ ᠬᠣᠲᠠ ᠢᠢᠨ ᠣᠨᠴᠠᠭᠠᠶ ᠰᠤᠷᠭᠠᠨ ᠬᠥᠮᠦᠵᠢᠯ ᠦᠨ ᠰᠤᠷᠭᠠᠭᠤᠯᠢ ᠨᠢ ᠬᠤᠶᠢᠰᠢᠳᠠ ᠣᠨᠴᠠᠭᠠᠶ ᠰᠤᠷᠭᠠᠨ ᠬᠥᠮᠦᠵᠢᠯ ᠦᠨ ᠪᠠᠲᠤᠯᠠᠭ᠎ᠠ ᠢᠢᠨ ᠲᠣᠭᠲᠠᠴᠠ ᠢᠢ ᠲᠠᠰᠤᠷᠠᠯᠲᠠ ᠥᠬᠡᠶ ᠠᠬᠢᠭᠤᠯᠤᠨ ᠲᠡᠭᠦᠯᠳᠡᠷᠵᠢᠭᠦᠯᠵᠦ᠂ ᠣᠨᠴᠠᠭᠠᠶ ᠰᠤᠷᠭᠠᠨ ᠬᠥᠮᠦᠵᠢᠯ ᠦᠨ ᠶᠠᠰᠤ ᠴᠢᠨᠠᠷ ᠢ ᠪᠥᠬᠥ ᠲᠠᠯ᠎ᠠ ᠪᠠᠷ ᠳᠡᠭᠡᠭ᠍ᠰᠢᠯᠡᠭᠦᠯᠦᠨ᠂ ᠣᠨᠴᠠᠭᠠᠶ ᠬᠡᠸᠬᠡᠳ ᠪᠠᠭᠠᠴᠤᠳ ᠤᠨ ᠥᠪᠡᠷ ᠢ ᠪᠡᠨ ᠬᠦᠨᠳᠦᠳᠭᠡᠬᠦ᠂ ᠥᠪᠡᠷ ᠢ ᠪᠡᠨ ᠢᠲᠡᠭᠡᠬᠦ᠂ ᠥᠪᠡᠷ ᠢ ᠪᠡᠨ ᠬᠦᠴᠦᠷᠬᠡᠭ᠍ᠵᠢᠭᠦᠯᠬᠦ᠂ ᠪᠡᠶ᠎ᠡ ᠪᠡᠨ ᠳᠠᠭᠠᠭᠠᠬᠤ ᠢᠢ ᠠᠬᠢᠭᠤᠯᠵᠤ᠂ ᠬᠠᠮᠤᠭ ᠤᠨ ᠶᠡᠬᠡ ᠬᠡᠮᠵᠢᠶ᠎ᠡ ᠪᠡᠷ ᠬᠥᠭ᠍ᠵᠢᠭᠦᠯᠬᠦ ᠢᠢ ᠪᠡᠶᠡᠯᠡᠭᠦᠯᠦᠨ᠂ ᠣᠨᠴᠠᠭᠠᠶ ᠬᠡᠸᠬᠡᠳ ᠪᠠᠭᠠᠴᠤᠳ ᠢ ᠤᠯᠤᠰ ᠤᠷᠤᠨ ᠳᠠᠭᠠᠨ ᠬᠡᠷᠡᠭ᠍ᠴᠡᠭᠡ ᠲᠡᠶ ᠴᠢᠳᠠᠪᠤᠷᠢᠲᠠᠨ ᠪᠣᠯᠭᠠᠨ ᠬᠦᠮᠦᠵᠢᠬᠦᠯᠬᠦ ᠪᠠᠷ ᠤᠯᠠᠮ ᠨᠢᠬᠡ ᠠᠯᠬᠤᠮ ᠴᠢᠷᠮᠠᠶᠢᠨ᠎ᠠ᠃
