ᠦᠷ ᠴᠠᠢᠬᠤ ᠶᠢ ᠬᠦᠯᠢᠶᠡᠵᠦ ᠨᠣᠢᠷ ᠬᠤᠯᠵᠢᠪᠠ᠃ ᠵᠥᠪᠭᠡᠨ ᠡᠨᠡ ᠰᠥᠨᠢ ᠪᠢᠰᠢ᠂ ᠬᠦᠯᠢᠶᠡᠭ᠍ᠰᠡᠨ ᠶᠠᠭᠤᠮ᠎ᠠ ᠤᠳᠠᠭᠠᠨ ᠬᠥᠭᠡᠭᠡᠭ᠍ᠰᠡᠨ ᠶᠠᠭᠤᠮ᠎ᠠ ᠬᠣᠯᠠ ᠭᠡᠳᠡᠭ᠍ᠴᠢᠯᠡᠨ 《ᠨᠣᠮᠢᠨ ᠴᠡᠴᠡᠭ᠍ᠯᠡᠯ ᠤᠨ ᠠᠯᠲᠠᠨ ᠬᠠᠭᠤᠳᠠᠰᠤ ᠮᠠᠯᠵᠢᠬᠤ ᠳ᠋ᠠᠵᠠᠢ ᠶᠢᠨ ᠰᠢᠨ᠎ᠡ ᠲᠡᠮᠡᠦᠯᠦᠯ》 ᠭᠡᠬᠦ ᠪᠦᠷᠢᠳᠦ ᠭᠠᠴᠠᠭ᠎ᠠ ᠶᠢᠨ ᠨᠠᠭᠠᠳᠤᠮ ᠤᠨ ᠬᠤᠷᠠᠯ ᠤᠨ ᠤᠷᠢᠯᠭ᠎ᠠ ᠶᠢ ᠣᠯᠣᠭᠰᠠᠨ ᠡᠴᠡ ᠬᠣᠢᠰᠢ ᠶᠡᠷᠦ ᠯᠠ ᠨᠣᠢᠷ ᠬᠤᠯᠵᠢᠬᠤ ᠪᠣᠯᠵᠤ᠂ ᠡᠳᠦᠷ ᠰᠠᠷ᠎ᠠ ᠥᠩᠭᠡᠷᠡᠬᠦ ᠨᠢ ᠤᠳᠠᠭᠠᠰᠢᠷᠠᠭᠰᠠᠨ ᠰᠢᠭ᠋ ᠪᠣᠯᠤᠭᠰᠠᠨ ᠢ ᠬᠡᠯᠡᠬᠦ ᠶᠠᠭᠤᠨ᠃
ᠨᠠᠷᠠ ᠬᠤᠷ᠎ᠠ ᠲᠡᠩᠴᠡᠵᠦ᠂ ᠨᠠᠪᠴᠢ ᠴᠡᠴᠡᠭ ᠳᠡᠯᠭᠡᠷᠡᠵᠦ᠂ ᠨᠠᠢᠢᠷ ᠨᠠᠭᠠᠳᠤᠮ ᠪᠣᠯᠤᠭᠰᠠᠨ ᠨᠠᠢ᠍ᠮᠠᠨ ᠰᠠᠷ᠎ᠠ ᠶᠢᠨ ᠨᠠᠢ᠍ᠮᠠᠨ ᠤ ᠨᠠᠮᠤᠷ ᠴᠠᠭ ᠤᠨ ᠲᠡᠷᠡ ᠥᠷᠯᠥᠭᠡ᠃ ᠦᠷ ᠤᠨ ᠬᠢᠷᠠᠭ᠎ᠠ ᠪᠠᠷ ᠡᠪᠦᠭᠡᠨ ᠡᠮᠡᠭᠡᠨ ᠪᠢᠳᠠ ᠬᠣᠶᠠᠭᠤᠯᠠ ᠶᠠᠭᠠᠷᠠᠪᠴᠢᠯᠠᠨ ᠪᠣᠰᠴᠤ᠂ ᠴᠠᠢ ᠴᠦᠢ ᠪᠠᠨ ᠬᠠᠯᠲᠤ ᠮᠥᠯᠲᠥ ᠤᠤᠭᠤᠮᠠᠭᠴᠠ ᠡᠮᠦᠰᠴᠦ ᠵᠡᠭᠦᠵᠦ ᠶᠠᠩᠵᠤᠯᠠᠴᠢᠬᠠᠭᠠᠳ ᠥᠯᠥᠭᠡᠢ ᠨᠤᠲᠤᠭ ᠪᠦᠷᠢᠳᠦ ᠶᠢᠨ ᠨᠠᠭᠠᠳᠤᠮ ᠳᠤ ᠣᠷᠤᠯᠴᠠᠬᠤ ᠪᠠᠷ ᠵᠠᠮ ᠢᠶᠠᠨ ᠡᠯᠭᠦᠵᠦ ᠪᠢᠯᠡ᠃
ᠮᠢᠨᠤ ᠭᠡᠷᠭᠡᠢ ᠪᠠ᠊·ᠴᠠᠭᠠᠨᠬᠡᠦᠬᠡᠨ ᠳᠠᠯ᠎ᠠ ᠶᠢᠨ ᠳᠠᠪᠠᠭ᠎ᠠ ᠶᠢ ᠳᠠᠪᠠᠭᠰᠠᠨ ᠪᠤᠯᠪᠠᠴᠤ ᠡ᠊ᠩ ᠤᠨ ᠦᠶ᠎ᠡ ᠳᠤ ᠵᠠᠯᠠᠭᠤ ᠬᠥᠮᠥᠨ ᠡᠴᠡ ᠰᠠᠭᠤᠭᠳᠠᠬᠤ ᠦᠭᠡᠢ ᠮᠠᠰᠢᠨ ᠪᠠᠷᠢᠵᠤ ᠳᠠᠪᠬᠢᠭᠤᠯᠳᠠᠭ ᠬᠥᠮᠥᠨ ᠪᠠᠢᠲᠠᠯ᠎ᠠ ᠥᠨᠥᠳᠥᠷ ᠬᠠᠷᠢᠨ ᠨᠠᠳᠠᠳᠤ ᠲᠤᠩ ᠤᠳᠠᠭᠠᠨ ᠰᠠᠨᠠᠭᠳᠠᠪᠠ᠃ ᠪᠢ ᠲᠡᠷᠭᠡᠨ ᠤ ᠬᠤᠷᠳᠤᠴᠠ ᠶᠢᠨ ᠢᠯᠡᠳᠬᠡᠮᠵᠢ ᠶᠢ ᠥᠨᠳᠡᠢᠨ ᠦᠵᠡᠭ᠍ᠰᠡᠨ ᠳᠤ ᠡ᠊ᠩ ᠤᠨ ᠬᠤᠷᠳᠤᠴᠠ ᠡᠴᠡ ᠴᠤ ᠬᠤᠷᠳᠤᠨ ᠭᠠᠷᠲᠠᠯ᠎ᠠ ᠳᠠᠪᠬᠢᠵᠤ ᠪᠠᠢᠪᠠ᠃ ᠭᠡᠲᠡᠯ᠎ᠡ ᠬᠥᠭ᠍ᠰᠡᠵᠦ ᠬᠥᠭᠡᠷᠦᠭ᠍ᠰᠡᠨ ᠨᠠᠳᠠᠳᠤ ᠮᠥᠨ ᠯᠠ ᠦᠬᠡᠷ ᠬᠠᠰᠠᠭ ᠰᠢᠭ᠋ ᠤᠳᠠᠭᠠᠨ ᠰᠠᠨᠠᠭᠳᠠᠬᠤ ᠠᠵᠢ᠃
ᠵᠠᠮ ᠡᠴᠡ ᠪᠠᠭᠤᠬᠤ ᠳᠤ ᠰᠢᠯ ᠪᠣᠯᠣᠷ ᠰᠢᠭ᠋ ᠭᠥᠯᠢᠭᠡᠷ ᠲᠣᠰᠣᠨ ᠵᠠᠮ ᠡᠮᠦᠨ᠎ᠡ ᠮᠢᠨᠢ ᠰᠤᠨᠤᠯᠵᠠᠨ᠎ᠠ᠃ ᠬᠡᠳᠦᠢ ᠳ᠋ᠤᠨᠢ ᠡᠢᠮᠦ ᠲᠡᠷᠳᠠᠡᠭ ᠰᠠᠷᠠᠭᠤᠯ ᠵᠠᠮ ᠵᠠᠰᠠᠴᠢᠬᠠᠭᠰᠠᠨ ᠪᠤᠢ︖ ᠲᠥᠷᠥᠭ᠍ᠰᠡᠨ ᠨᠤᠲᠤᠭ ᠲᠠᠭᠠᠨ ᠢᠷᠡᠭᠡᠳ ᠲᠥᠭᠡᠷᠢᠴᠢᠬᠡᠭ᠍ᠰᠡᠨ ᠴᠤ ᠶᠤᠮ ᠤᠤ ︖ ᠭᠡᠵᠦ ᠪᠢ ᠭᠠᠢᠬᠠᠰᠢ ᠠᠯᠳᠠᠵᠤ᠂ ᠡᠭ ᠵᠣᠭ ᠭᠡᠰᠡᠨ ᠳᠤ ᠵᠠᠮᠴᠢᠯᠠᠭᠤᠷ ᠬᠠᠷᠢᠨ《ᠳᠠᠭᠠᠷᠠᠨ᠎ᠠ! ᠤᠷᠤᠭᠰᠢᠯᠠ!》 ᠭᠡᠵᠦ ᠯᠠ ᠪᠠᠢᠪᠠ᠃ ᠲᠥᠷᠥ ᠭᠦᠷᠦᠨ ᠤ ᠬᠠᠢᠷ᠎ᠠ ᠪᠠᠷ ᠲᠦᠮᠡᠨ ᠣᠯᠠᠨ ᠤ ᠬᠦᠴᠦ ᠪᠠᠷ ᠰᠢᠨᠡᠬᠡᠨ ᠵᠠᠰᠠᠭᠰᠠᠨ ᠵᠠᠮ ᠪᠠᠢᠭᠰᠠᠨ ᠶᠤᠮ ᠠᠵᠢ᠃
ᠵᠠᠮ ᠤᠨ ᠬᠣᠶᠠᠷ ᠲᠠᠯ᠎ᠠ ᠪᠠᠷ ᠬᠥᠮᠥᠨ ᠤ ᠬᠦᠴᠦ ᠪᠠᠷ ᠳᠠᠷᠢᠭ᠌ᠰᠠᠨ ᠮᠣᠳᠣ ᠪᠤᠷᠭᠠᠰᠤ ᠮᠥᠷ ᠮᠥᠷ ᠢᠶᠠᠷ ᠵᠢᠭ᠍ᠳᠡᠷᠡᠵᠦ᠂ ᠲᠣᠭᠣᠰ ᠰᠢᠪᠠᠭᠤ ᠰᠢᠭ᠋ ᠰᠤᠨᠤᠨ ᠭᠤᠷᠭᠤᠤᠯ ᠮᠥᠴᠢᠷ ᠳᠠᠮᠵᠢᠨ ᠳᠣᠩᠭᠣᠳᠤᠨ᠎ᠠ᠃ ᠪᠥᠬᠥᠩ ᠲᠠᠤᠯᠠᠢ ᠡᠴᠡ ᠡᠬᠢᠯᠡᠨ ᠨᠡᠷ᠎ᠡ ᠮᠢᠨᠳᠠᠭ ᠢ ᠨᠢ ᠴᠤ ᠥᠯᠥ ᠮᠡᠳᠡᠬᠦ ᠠᠮᠢᠳᠠᠨ ᠵᠢᠭᠦᠷᠲᠡᠨ ᠨᠦ᠋ᠭᠦᠳ ᠵᠠᠮ ᠣᠭᠲᠣᠯᠣᠨ ᠭᠦᠶᠦᠯᠳᠦᠨ᠎ᠡ᠃ ᠲᠡᠭᠦᠨ ᠡᠴᠡ ᠴᠢᠨᠠᠭᠰᠢᠯᠠᠨ ᠲᠡᠮᠦᠷ ᠤᠲᠠᠰᠤ ᠪᠠᠷ ᠵᠠᠭᠠᠭᠯᠠᠭᠰᠠᠨ ᠪᠦᠯᠦᠭ ᠪᠦᠯᠦᠭ ᠡᠪᠡᠰᠦᠨ ᠬᠦᠷᠢᠶᠡᠨ ᠳᠤ ᠦᠬᠡᠷ ᠬᠣᠨᠢᠳ ᠠᠯᠠᠭ᠌ᠰᠢᠨ ᠪᠡᠯᠴᠢᠨ᠎ᠡ᠃
ᠪᠦᠷᠢᠳᠦ ᠭᠠᠴᠠᠭᠠᠨ ᠤ ᠲᠥᠪ ᠨᠢ 《ᠪᠦᠷᠢᠳᠦ ᠶᠢᠨ ᠣᠷᠣᠢ》 ᠭᠡᠰᠡᠨ ᠭᠠᠵᠠᠷ ᠲᠤ ᠪᠠᠢᠷᠢᠰᠢᠳᠠᠭ᠃ ᠥᠩᠭᠡᠷᠡᠭ᠍ᠰᠡᠨ ᠳᠤ ᠲᠡᠨᠳᠡ ᠬᠡᠳᠦᠨ ᠠᠷᠠᠮᠠᠭ ᠲᠠᠷᠠᠮᠠᠭ ᠰᠢᠷ᠎ᠠ ᠰᠢᠪᠠᠭ ᠲᠠᠢ ᠰᠢᠷᠭᠠᠯ ᠥᠨᠳᠥᠷ ᠮᠠᠩᠬᠠᠨ ᠣᠷᠣᠢ ᠪᠠᠢᠭᠰᠠᠨ ᠡᠴᠡ 《ᠪᠦᠷᠢᠳᠦ ᠶᠢᠨ ᠣᠷᠣᠢ》 ᠭᠡᠵᠦ ᠨᠡᠷᠡᠯᠡᠭ᠍ᠰᠡᠨ ᠭᠡᠳᠡᠭ᠃ ᠬᠠᠭᠤᠴᠢᠨ ᠳᠤ ᠲᠡᠷᠡ ᠣᠷᠣᠢ ᠶᠢᠨ ᠡ᠊ᠩᠭᠡᠷ ᠲᠤ《ᠪᠦᠷᠢᠳᠦ ᠶᠢᠨ ᠰᠦᠮ᠎ᠡ》 ᠬᠡᠮᠡᠬᠦ ᠰᠦᠮ᠎ᠡ ᠪᠠᠢᠵᠠᠢ᠃ ᠴᠢᠯᠦᠭᠡᠯᠡᠭ᠍ᠳᠡᠭ᠍ᠰᠡᠨ ᠤ ᠳᠠᠷᠠᠭ᠎ᠠ ᠲᠡᠷᠡ ᠰᠦᠮ᠎ᠡ ᠶᠢᠨ ᠰᠠᠭᠤᠷᠢᠨ ᠳᠡᠭᠡᠷ᠎ᠡ ᠪᠦᠷᠢᠳᠦ ᠭᠠᠴᠠᠭᠠᠨ ᠤ ᠲᠥᠪ ᠢ ᠪᠠᠢᠭᠤᠯᠤᠭᠰᠠᠨ ᠶᠤᠮ᠃ ᠲᠠᠪᠢᠨ ᠵᠢᠯ ᠤᠨ ᠡᠮᠦᠨ᠎ᠡ ᠪᠢ ᠪᠦᠷᠢᠳᠦ ᠶᠢᠨ ᠠᠷᠠᠳ ᠡᠴᠡ ᠡᠷᠭᠢᠯᠡᠭ᠍ᠰᠡᠨ ᠪᠠᠭ᠎ᠠ ᠰᠤᠷᠭᠠᠭᠤᠯᠢ ᠳᠤ ᠪᠠᠭᠰᠢᠯᠠᠵᠤ ᠪᠠᠢᠬᠤ ᠳᠤ ᠠᠯᠳᠠᠷᠲᠤ ᠵᠣᠬᠢᠶᠠᠯᠴᠢ ᠮᠠᠯᠴᠢᠨᠬᠦᠦ᠂ ᠴᠣᠭᠲᠤᠨᠠᠷᠠᠨ ᠨᠠᠷ ᠢᠷᠠᠵᠤ ᠲᠡᠷᠡ ᠣᠷᠣᠢ ᠳᠤ ᠭᠠᠷᠴᠤ᠂ ᠪᠦᠷᠢᠳᠦ ᠶᠢᠨ ᠣᠷᠣᠢ ᠡᠴᠡ ᠬᠣᠢᠰᠢ ᠪᠠᠷᠠᠭᠤᠨᠰᠢ ᠵᠠᠯᠭᠠᠯᠳᠤᠭᠰᠠᠨ ᠥᠨᠳᠥᠷ ᠴᠢᠯᠢᠩ ᠮᠠᠩᠬᠠᠳ ᠢ ᠳᠤᠷᠠᠨ ᠢᠶᠠᠷ ᠪᠠᠷᠠᠯᠠᠭᠠᠳ᠂ 《ᠡᠳᠦᠢᠬᠡᠨ ᠬᠥᠮᠥᠨ ᠠᠮᠠ ᠲᠠᠢ ᠪᠠᠷᠢᠭᠠᠳᠠ ᠡᠨᠡ ᠶᠡᠬᠡ ᠡᠯᠡᠰᠦ ᠮᠠᠩᠬ᠎ᠠ ᠶᠢ ᠬᠡᠵᠢᠶ᠎ᠡ ᠪᠦᠷ ᠨᠣᠭᠣᠭᠠᠷᠠᠭᠤᠯᠵᠤ ᠳᠡᠢᠯᠳᠡᠭ ᠶᠤᠮ ᠪᠣᠯ︖》 ᠭᠡᠵᠦ ᠰᠠᠨᠠᠭᠠᠰᠢᠷᠠᠨ ᠬᠡᠯᠡᠯᠴᠡᠵᠦ ᠪᠠᠢᠭᠰᠠᠨ ᠶᠤᠮ᠃
ᠲᠤᠬᠠᠢ ᠶᠢᠨ ᠦᠶ᠎ᠡ ᠳᠤ ᠪᠢ ᠡᠨᠡ ᠦᠭᠡ ᠶᠢ ᠨᠢ ᠳᠡᠮᠡᠢ ᠲᠣᠭᠣᠵᠤ ᠪᠠᠢᠭᠰᠠᠨ ᠦᠭᠡᠢ᠂ ᠮᠠᠨ ᠤ ᠪᠦᠷᠢᠳᠦ ᠶᠢᠨ ᠥᠷᠭᠡᠨ ᠣᠯᠠᠨ ᠮᠠᠯᠴᠢᠨ ᠲᠦᠮᠡᠨ ᠲᠠᠪᠢᠭᠠᠳ ᠣᠨ ᠡᠴᠡ ᠡᠬᠢᠯᠡᠵᠦ᠂ ᠲᠡᠰᠪᠦᠷᠢ ᠬᠠᠲᠠᠭᠤᠵᠢᠯᠲᠠᠢ ᠲᠡᠮᠡᠴᠡᠵᠦ ᠡᠯᠡᠰᠦ ᠮᠠᠩᠬ᠎ᠠ ᠶᠢ ᠥᠭᠡᠷᠡᠴᠢᠯᠡᠵᠦ ᠢᠷᠡᠭ᠍ᠰᠡᠨ ᠲᠡᠦᠬᠡ ᠪᠠᠨ ᠡᠷᠭᠢᠴᠡᠭᠦᠯᠦᠨ ᠪᠤᠳᠣᠵᠤ᠂ ᠯᠠᠪᠲᠠᠢ ᠨᠢᠭᠡᠨ ᠡᠳᠦᠷ ᠨᠡᠯᠦᠭᠡᠷ ᠶᠡᠬᠡ ᠡᠯᠡᠰᠦ ᠪᠠᠨ ᠥᠪᠴᠢ ᠨᠣᠭᠣᠭᠠᠨ ᠪᠤᠯᠭᠠᠵᠤ ᠴᠢᠳᠠᠨ᠎ᠠ ᠭᠡᠳᠡᠭ ᠲᠤ ᠢᠲᠡᠭᠡᠯ ᠳᠦᠭᠦᠷᠡᠩ ᠪᠠᠢᠵᠤ᠂ ᠮᠥᠨ ᠲᠡᠷᠡ ᠵᠢᠯ 《ᠨᠣᠮᠢᠨ ᠪᠦᠷᠢᠳᠦ ᠶᠢᠨ ᠳᠠᠪᠠᠯᠭᠠᠨ》ᠭᠡᠬᠦ ᠰᠢᠯᠦᠭ ᠪᠢᠴᠢᠵᠦ᠂ 《ᠦᠦᠰᠢᠨᠵᠤᠤ ᠶᠢᠨ ᠥᠩᠭᠡ ᠦᠵᠡᠮᠵᠢ》 ᠬᠡᠮᠡᠬᠦ ᠨᠣᠮ ᠳᠤ ᠨᠡᠢᠲᠡᠯᠡᠭᠦᠯᠦᠭ᠍ᠰᠡᠨ ᠶᠤᠮ᠃
ᠡᠳᠡᠭᠡᠷ ᠶᠠᠪᠤᠳᠠᠯ ᠤᠳ ᠮᠢᠨᠤ ᠲᠠᠷᠢᠬᠢᠨ ᠳᠤ ᠵᠡᠭᠦᠳᠦ ᠵᠡᠷᠭᠡᠯᠭᠡᠨ ᠰᠢᠭ ᠬᠠᠷᠪᠤᠨ ᠥᠩᠭᠡᠷᠡᠬᠦ ᠲᠠᠢ ᠵᠡᠷᠭᠡ ᠨᠢᠭᠡᠨᠲᠡ ᠪᠦᠷᠢᠳᠦ ᠶᠢᠨ ᠣᠷᠣᠢ ᠳᠤ ᠣᠢᠷᠠᠲᠤᠨ ᠢᠷᠡᠭ᠍ᠰᠡᠨ ᠪᠠᠢᠯ᠎ᠠ᠃
ᠡᠪᠦᠭᠡᠨ ᠪᠤᠭᠤᠷᠤᠯ ᠪᠦᠷᠢᠳᠦ ᠶᠢᠨ ᠣᠷᠣᠢ ᠥᠩᠭᠡ ᠵᠢᠰᠦ ᠨᠢ ᠬᠤᠪᠢᠷᠠᠭᠠᠳ᠂ ᠡᠪᠦᠯ ᠵᠤᠨ ᠦᠭᠡᠢ ᠬᠥᠬᠡᠷᠡᠳᠡᠭ ᠬᠢᠩᠭᠠᠨ ᠳᠠᠪᠠᠭ᠎ᠠ ᠰᠢᠭ᠋ ᠥᠪᠴᠢ ᠨᠣᠭᠣᠭᠠᠨ ᠢᠶᠠᠷ ᠬᠤᠪᠴᠠᠯᠠᠴᠢᠬᠠᠭᠠᠳ ᠰᠡᠬᠦᠢᠨ ᠵᠣᠭᠰᠣᠨ᠎ᠠ᠃ ᠲᠡᠭᠦᠨ ᠤ ᠡ᠊ᠩᠭᠡᠷ ᠢᠶᠠᠷ ᠳᠦᠭᠦᠷᠡᠩ ᠭᠠᠩᠭᠠᠩ ᠬᠡᠭᠡᠨᠴᠢᠷ ᠮᠠᠰᠢᠨ ᠲᠡᠷᠭᠡ᠂ ᠭᠠᠵᠠᠷ ᠳᠡᠯᠡᠬᠡᠢ ᠳᠠᠭᠠᠭ᠎ᠠ ᠠᠯᠳᠠᠮᠠᠷ ᠬᠡᠢ ᠵᠠᠢ ᠦᠭᠡᠢ ᠡ᠊ᠩᠨᠡᠷᠡᠨ ᠵᠢᠭ᠌ᠰᠠᠨᠠ᠃
ᠪᠢᠳᠠ ᠬᠣᠶᠠᠭᠤᠯᠠ ᠪᠠᠬᠠᠨ ᠤᠷᠤᠭᠰᠢᠯᠠᠨ ᠶᠠᠪᠤᠵᠤ ᠭᠠᠴᠠᠭᠠᠨ ᠤ ᠲᠥᠪ ᠣᠷᠴᠢᠮ ᠣᠢᠷᠠᠲᠤᠵᠤ ᠢᠷᠠᠨ᠂ ᠳᠥᠩᠭᠡᠵᠦ ᠨᠢᠭᠡᠨ ᠵᠠᠢ ᠵᠠᠪᠰᠠᠷ ᠣᠯᠵᠤ ᠲᠡᠷᠭᠡ ᠪᠠᠨ ᠵᠣᠭᠰᠣᠭᠠᠵᠤ᠂ ᠪᠠᠭᠤᠵᠤ ᠢᠷᠡᠭᠡᠳ ᠬᠦᠷᠢᠶᠡᠨ ᠤ ᠵᠡᠭᠦᠨ ᠲᠠᠯ᠎ᠠ ᠳᠠᠬᠢ ᠠᠭᠤᠳᠠᠮ ᠲᠠᠯᠠᠪᠠᠢ ᠳᠤ ᠬᠦᠷᠬᠦ ᠳᠤ ᠲᠠᠯ᠎ᠠ ᠨᠤᠲᠤᠭ ᠤᠨ ᠰᠣᠷᠭᠣᠭ ᠴᠡᠴᠡᠭ ᠰᠢᠭ ᠨᠢᠳᠦ ᠡᠷᠢᠶᠡᠯᠵᠡᠮ᠎ᠡ ᠥᠩᠭᠡ ᠶᠢᠨ ᠬᠤᠪᠴᠠᠰᠤ ᠲᠠᠢ ᠬᠥᠮᠥᠰ ᠠᠭᠤᠳᠠᠮ ᠲᠠᠯᠠᠪᠠᠢ ᠳᠤ ᠪᠠᠭᠲᠠ ᠠᠯᠳᠠᠮ᠎ᠠ ᠨᠠᠭᠠᠰᠢ ᠴᠠᠭᠠᠰᠢ ᠵᠥᠷᠢᠯᠳᠦᠨᠡ᠃
ᠲᠡᠭᠦᠨ ᠤ ᠳᠤᠮᠳᠠ ᠡᠴᠡ ᠠᠯᠳᠠ ᠬᠠᠳᠠᠭ ᠳᠡᠯᠭᠡᠨ᠂ ᠨᠢᠭᠤᠷ ᠢ ᠨᠢ ᠲᠠᠨᠢᠮᠠᠷ ᠬᠥᠪᠡᠭᠦᠳ ᠥᠬᠢᠳ ᠢᠷᠠᠵᠤ᠂ ᠬᠥᠬᠦᠦᠷ ᠲᠠᠮᠠᠬᠢᠯᠠᠨ ᠠᠮᠤᠷ ᠮᠡᠨᠳᠦ ᠰᠣᠯᠢᠯᠴᠠᠵᠤ᠂ ᠴᠠᠭᠠᠨᠲᠠᠢ ᠠᠮᠰᠠᠭᠤᠯᠤᠨ ᠪᠢᠳᠠᠨ ᠢ ᠤᠭᠲᠤᠨ ᠠᠪᠴᠤ ᠥᠷᠯᠥᠭᠡ ᠶᠢᠨ ᠴᠠᠢᠯᠠᠯᠭ᠎ᠠ ᠶᠢᠨ ᠭᠡᠷ ᠲᠤ ᠣᠷᠣᠭᠤᠯᠪᠠ᠃
ᠭᠠᠴᠠᠭᠠᠨ ᠤ ᠴᠠᠢᠯᠠᠯᠭ᠎ᠠ ᠶᠢᠨ ᠭᠡᠷ ᠲᠤ ᠮᠠᠯᠵᠢᠯ ᠤᠨ ᠬᠣᠷᠰᠢᠶ᠎ᠠ ᠪᠠᠷ ᠨᠢᠭᠡᠴᠡᠯᠡᠨ᠂ ᠰᠢᠷᠡᠭᠡ ᠪᠦᠷᠢ ᠳᠤ ᠲᠣᠬᠢᠷᠠᠭᠤᠯᠤᠯᠲᠠ ᠲᠠᠢ ᠪᠠᠢᠯ᠎ᠠ᠃ ᠪᠢᠳᠠ ᠬᠣᠶᠠᠭᠤᠯᠠ 《ᠪᠠᠭᠠᠴᠠᠢᠢᠳᠠᠮ》 ᠭᠡᠬᠦ ᠪᠢᠴᠢᠭᠡᠰᠦ ᠲᠠᠢ ᠰᠢᠷᠡᠭᠡᠨ ᠳ᠋ᠤᠨᠢ ᠬᠦᠷᠴᠦ ᠤᠳᠠᠭᠠᠨ ᠡᠳᠦᠷ ᠵᠤᠵᠠᠭᠠᠨ ᠬᠣᠨᠣᠭ ᠠᠭᠤᠯᠵᠠᠭᠰᠠᠨ ᠦᠭᠡᠢ ᠨᠠᠢᠢᠵᠠ ᠨᠥᠬᠥᠳ ᠲᠥᠷᠥᠯ ᠰᠠᠳᠤᠨ ᠲᠠᠢ ᠪᠠᠨ ᠠᠮᠤᠷ ᠮᠡᠨᠳᠦ ᠰᠣᠯᠢᠯᠴᠠᠨ ᠬᠠᠮᠲᠤ ᠪᠠᠷ ᠴᠠᠢᠯᠠᠪᠠ᠃
ᠴᠠᠢᠯᠠᠯᠭ᠎ᠠ ᠶᠢᠨ ᠰᠢᠷᠡᠭᠡᠨ ᠳᠤ ᠲᠤᠰ ᠨᠤᠲᠤᠭ ᠤᠨ ᠬᠣᠨᠢᠨ ᠮᠢᠬ᠎ᠠ᠂ ᠮᠠᠯᠴᠢᠳ ᠤᠨ ᠥᠪᠡᠷ ᠢᠶᠠᠨ ᠬᠢᠭ᠍ᠰᠡᠨ ᠴᠥᠷᠮ᠎ᠡ ᠲᠣᠰᠣ᠂ ᠠᠢᠷᠠᠭ ᠲᠠᠷᠠᠭ ᠵᠡᠷᠭᠡ ᠶᠢ ᠰᠢᠷᠡᠭᠡ ᠳᠦᠭᠦᠷᠡᠩ ᠦᠷᠦᠭ᠍ᠰᠡᠨ ᠪᠠᠢᠪᠠ᠃
ᠴᠠᠢᠯᠠᠯᠭ᠎ᠠ ᠪᠠᠷᠠᠮᠠᠭᠴᠠ ᠳᠠᠶᠠᠭᠠᠷ ᠢᠶᠠᠨ ᠶᠡᠬᠡ ᠬᠤᠷᠠᠯ ᠤᠨ ᠠᠭᠤᠳᠠᠮ ᠲᠠᠯᠠᠪᠠᠢ ᠵᠦᠭ ᠶᠠᠪᠤᠵᠠᠭᠠᠪᠠ᠃ ᠴᠠᠭᠠᠨ ᠰᠠᠷ᠎ᠠ ᠶᠢᠨ ᠲᠥᠷᠥᠯ ᠤᠨ ᠴᠠᠢᠯᠠᠯᠭ᠎ᠠ ᠳᠤ ᠢᠷᠠᠵᠤ ᠳᠡᠢᠯᠳᠡᠭ ᠦᠭᠡᠢ ᠶᠡᠷᠡ ᠶᠢᠨ ᠳᠠᠪᠠᠭ᠎ᠠ ᠶ᠋ᠢ ᠳᠥᠬᠥᠭ᠍ᠰᠡᠨ ᠰᠡᠴᠡᠩᠬᠤᠸᠠᠷ ᠡᠭᠡᠴᠢ ᠴᠤ ᠲᠠᠶᠠᠭ ᠲᠤᠯᠤᠨ ᠣᠯᠠᠨ ᠤ ᠳᠤᠮᠳᠠ ᠮᠠᠢᠵᠢᠭᠢ ᠠᠯᠬᠤᠯᠠᠨ᠎ᠠ᠃ ᠤᠷᠳᠤ ᠡᠳᠦᠷ ᠨᠢ ᠡᠮᠨᠡᠯᠭᠡ ᠶᠢᠨ ᠬᠣᠷᠢᠶᠠᠨ ᠡᠴᠡ ᠳᠥᠩᠭᠡᠵᠦ ᠭᠠᠷᠤᠭᠰᠠᠨ ᠨᠠᠶᠠᠨ ᠬᠡᠳᠦᠲᠡᠢ ᠪᠤᠯᠠᠭ ᠠᠬ᠎ᠠ ᠴᠤ ᠪᠢᠳᠠᠨ ᠡᠴᠡ ᠤᠷᠢᠳᠴᠢᠯᠠᠨ ᠭᠢᠶ᠎ᠠ ᠪᠠᠭ᠌ᠰᠢ ᠲᠣᠭᠣᠷᠢᠭ ᠡᠴᠡ ᠢᠷᠡᠭᠡᠳ ᠣᠯᠠᠨ ᠤ ᠳᠤᠮᠳᠠ ᠶᠠᠪᠤᠵᠤ ᠪᠠᠢᠪᠠ᠃ ᠡᠪᠡᠳᠴᠢᠨ ᠬᠡᠨᠡᠭᠡ ᠲᠠᠢ ᠬᠥᠭ᠍ᠰᠢᠨ ᠪᠤᠭᠤᠷᠤᠯᠴᠤᠳ ᠴᠤ ᠥᠩᠭᠡᠲᠦ ᠬᠤᠪᠴᠠᠰᠤ ᠪᠠᠨ ᠡᠮᠦᠰᠴᠦ ᠬᠦᠷᠳᠦᠲᠦ ᠰᠠᠨᠳᠠᠯᠢ ᠳᠡᠭᠡᠷ᠎ᠡ ᠰᠠᠭᠤᠴᠢᠬᠠᠭᠰᠠᠨ ᠪᠠᠶᠠᠷ ᠭᠦᠷ ᠲᠠᠢ ᠶᠠᠪᠤᠵᠠᠭᠠᠨ᠎ᠠ᠃ ᠡᠯ᠎ᠡ ᠭᠠᠵᠠᠷ ᠡᠴᠡ ᠢᠷᠡᠭ᠍ᠰᠡᠨ ᠦᠵᠡᠭ᠍ᠴᠢᠳ ᠪᠦᠷᠢᠳᠦ ᠶᠢᠨ ᠣᠷᠣᠢ ᠶᠢ ᠲᠡᠭ᠍ᠰᠢᠯᠡᠮᠡᠷ ᠤᠯᠠᠨ ᠴᠤᠭᠯᠠᠷᠠᠭᠰᠠᠨ ᠪᠠᠢᠯ᠎ᠠ᠃
ᠵᠠᠷᠢᠮ ᠨᠢᠭᠡ ᠨᠢ ᠭᠡᠷ ᠡᠭᠦᠳᠡᠨ ᠡᠴᠡ ᠪᠠᠨ ᠳᠡᠮᠡᠢ ᠭᠠᠷᠳᠠᠭ ᠦᠭᠡᠢ ᠪᠤᠯᠣᠯᠲᠠᠢ᠃
《ᠠᠱ! ᠴᠢ ᠪᠢᠳᠠᠨ ᠠᠢᠯ ᠰᠠᠭᠠᠬᠠᠯᠲᠠ ᠪᠠᠢᠭᠠᠳ ᠲᠣᠰ ᠲᠣᠰ ᠤᠨ ᠢᠶᠠᠨ ᠠᠵᠢᠯ ᠠᠮᠢᠳᠤᠷᠠᠯ ᠳᠠᠭᠠᠨ ᠮᠤᠩᠭᠠᠨᠢᠭᠠᠳ ᠣᠢᠷ᠎ᠠ ᠳᠤ ᠶᠡᠷᠦ ᠠᠭᠤᠯᠵᠠᠭᠰᠠᠨ ᠰᠠᠨᠠᠭᠠᠨ ᠳᠤ ᠦᠭᠡᠢ᠃ ᠡᠨᠡ ᠰᠠᠢᠬᠠᠨ ᠨᠠᠭᠠᠳᠤᠮ ᠤᠨ ᠬᠤᠷᠠᠯ ᠬᠠᠷᠢᠨ ᠪᠢᠳᠠᠨ ᠤ ᠮᠠᠷᠲᠠᠭᠰᠠᠨ ᠢ ᠰᠠᠨᠠᠭᠠᠨ ᠳᠤ ᠣᠷᠣᠭᠤᠯᠤᠯ᠎ᠠ ᠰᠢᠦ!》ᠭᠡᠵᠦ ᠰᠠᠷ᠎ᠠ ᠵᠢᠯ ᠢᠶᠠᠷ ᠠᠭᠤᠯᠵᠠᠭᠰᠠᠨ ᠦᠭᠡᠢ ᠶᠤᠮ ᠰᠢᠭ᠋ ᠬᠠᠯᠠᠭᠤᠨ ᠳᠣᠲᠣᠨᠣ ᠭᠡᠭ᠍ᠴᠢ ᠨᠢ ᠠᠷᠭ᠎ᠠ ᠦᠭᠡᠢ᠂ ᠮᠥᠷᠥ ᠳᠠᠯᠤ ᠪᠠᠨ ᠲᠠᠪᠰᠢᠯᠴᠠᠨ ᠬᠥᠭᠡᠷᠦᠯᠳᠦᠨ ᠨᠠᠷᠭᠢᠵᠠᠭᠠᠨᠠ᠃
ᠶᠡᠬᠡ ᠬᠤᠷᠠᠯ ᠡᠬᠢᠯᠡᠬᠦ ᠡᠴᠡ ᠡᠮᠦᠨᠡᠬᠡᠨ ᠠᠭᠤᠳᠠᠮ ᠲᠠᠯᠠᠪᠠᠢ ᠶᠢᠨ ᠲᠡᠭ ᠳᠤᠮᠳᠠᠭᠤᠷ ᠨᠠᠢ᠍ᠮᠠᠨ ᠰᠠᠷ᠎ᠠ ᠶᠢᠨ ᠨᠠᠪᠴᠢ ᠴᠡᠴᠡᠭ ᠰᠢᠭ ᠭᠣᠶᠣᠯᠠᠵᠤ ᠬᠤᠪᠴᠠᠰᠤᠯᠠᠭᠰᠠᠨ ᠨᠠᠰᠤᠲᠠᠨ ᠪᠤᠭᠤᠷᠤᠯᠴᠤᠳ ᠡ᠊ᠩᠨᠡᠷᠡᠨ ᠰᠠᠭᠤᠵᠠᠭᠠᠨ᠎ᠠ᠃ ᠭᠠᠴᠠᠭᠠᠨ ᠤ ᠤᠳᠤᠷᠢᠳᠤᠯᠭ᠎ᠠ ᠨᠠᠷ ᠮᠥᠷᠭᠥᠵᠦ ᠰᠥᠬᠥᠷᠡᠨ᠂ ᠬᠥᠬᠦᠦᠷ ᠲᠠᠮᠠᠬᠢᠯᠠᠨ ᠠᠮᠤᠷ ᠮᠡᠨᠳᠦ ᠰᠣᠯᠢᠵᠤ ᠪᠡᠯᠡᠭ ᠬᠦᠷᠭᠡᠪᠡ᠃
ᠬᠤᠷᠠᠯ ᠤᠨ ᠲᠠᠢᠰᠠᠨ ᠳᠤ ᠬᠦᠷᠦᠯᠴᠡᠨ ᠢᠷᠡᠭ᠍ᠰᠡᠨ ᠡᠯ᠎ᠡ ᠱᠠᠲᠤᠨ ᠤ ᠨᠠᠮ ᠵᠠᠰᠠᠭ ᠤᠨ ᠤᠳᠤᠷᠢᠳᠤᠯᠭ᠎ᠠ ᠪᠠ ᠭᠠᠳᠠᠨ᠎ᠠ ᠡᠴᠡ ᠢᠷᠡᠭ᠍ᠰᠡᠨ ᠬᠦᠨᠳᠦᠲᠦ ᠵᠣᠴᠢᠳ ᠢ ᠤᠷᠢᠵᠤ ᠰᠠᠭᠤᠯᠭᠠᠪᠠ᠃
ᠶᠢᠰᠦᠨ ᠴᠠᠭ ᠪᠤᠯᠬᠤ ᠳᠤ ᠨᠠᠯᠠᠭᠠᠷ ᠨᠠᠮᠤᠷ ᠤᠨ ᠠᠯᠲᠠᠨ ᠨᠠᠷᠠ ᠪᠦᠷᠢᠳᠦ ᠶᠢᠨ ᠣᠷᠣᠢ ᠶᠢ ᠨᠡᠢᠳᠡᠮ ᠭᠡᠢᠭᠦᠯᠵᠦ᠂ ᠶᠡᠬᠡ ᠬᠤᠷᠠᠯ ᠤᠨ ᠡᠭᠢᠯᠡᠯᠲᠡ ᠶᠢᠨ ᠪᠦᠷᠢᠶ᠎ᠡ ᠬᠠᠩᠭᠢᠨᠠᠨ᠂ ᠨᠠᠮ ᠵᠠᠰᠠᠭ ᠤᠨ ᠤᠳᠤᠷᠢᠳᠤᠯᠭ᠎ᠠ ᠡᠴᠡ ᠨᠠᠭᠠᠳᠤᠮ ᠤᠨ ᠬᠤᠷᠠᠯ ᠡᠬᠢᠯᠡᠭ᠍ᠰᠡᠨ ᠢ ᠲᠤᠩᠬᠠᠭᠯᠠᠵᠤ᠂ ᠳᠠᠶᠠᠭᠠᠷ ᠢᠶᠠᠨ ᠪᠣᠰᠴᠤ ᠵᠣᠭᠰᠣᠨ ᠤᠯᠤᠰ ᠤᠨ ᠲᠤᠭ ᠢᠶᠠᠨ ᠥᠨᠳᠥᠷ ᠮᠠᠨᠳᠤᠭᠤᠯᠪᠠ᠃
ᠨᠠᠮ ᠵᠠᠰᠠᠭ ᠤᠨ ᠰᠣᠳᠣ ᠮᠡᠷᠭᠡᠨ ᠵᠢᠭᠠᠪᠤᠷᠢ ᠪᠠᠷ ᠡᠯᠡᠰᠦ ᠮᠠᠩᠬ᠎ᠠ ᠪᠠᠨ ᠥᠭᠡᠷᠡᠴᠢᠯᠡᠵᠦ᠂ ᠠᠮᠢ ᠠᠬᠤᠢ ᠪᠠᠨ ᠬᠠᠮᠠᠭᠠᠯᠠᠨ᠂ ᠡᠪ ᠨᠢᠭᠡᠳᠦᠯ ᠢ ᠡᠷᠬᠢᠮᠯᠡᠵᠦ᠂ ᠪᠦᠯᠬᠦᠮᠳᠡᠯ ᠳᠠᠪᠰᠢᠯᠲᠠ ᠪᠠᠨ ᠠᠬᠢᠭᠤᠯᠤᠭᠰᠠᠨ ᠰᠢᠯᠢᠳᠡᠭ ᠤᠯᠠᠮᠵᠢᠯᠠᠯ ᠢᠶᠠᠨ ᠮᠥᠷᠳᠡᠨ᠂ ᠢᠷᠡᠭᠡᠳᠦᠢ ᠪᠠᠨ ᠪᠠᠷᠠᠯᠠᠨ᠂ ᠡᠬᠡ ᠨᠤᠲᠤᠭ ᠢᠶᠠᠨ ᠪᠦᠲᠦᠭᠡᠨ ᠪᠠᠢᠭᠤᠯᠵᠤ᠂ ᠪᠦᠭᠦ ᠭᠠᠴᠠᠭ᠎ᠠ ᠪᠠᠨ ᠴᠡᠴᠡᠭ᠍ᠯᠡᠨ ᠬᠥᠭ᠍ᠵᠢᠭᠦᠯᠦᠶᠡ ᠭᠡᠬᠦ ᠬᠤᠷᠠᠯ ᠪᠠᠷᠢᠮᠲᠠᠯᠠᠭ᠌ᠴᠢ ᠶᠢᠨ ᠶᠠᠷᠢᠶ᠎ᠠ ᠶᠢᠨ ᠳᠤᠮᠳᠠᠭᠤᠷ ᠨᠠᠮ ᠤᠨ ᠭᠡᠰᠢᠭᠦᠳ ᠤᠨ ᠠᠩᠭᠢ᠂ ᠵᠢᠷᠭᠤᠭᠠᠨ ᠮᠠᠯᠵᠢᠯ ᠤᠨ ᠬᠣᠷᠰᠢᠶ᠎ᠠ ᠶᠢᠨ ᠠᠩᠭᠢ᠂ ᠪᠥᠬᠡᠴᠢᠨ᠂ ᠰᠤᠷᠴᠢᠨ᠂ ᠰᠢᠲᠠᠷᠠᠴᠢᠨ ᠤ ᠠᠩᠭᠢ᠂ ᠦᠦᠰᠢᠨ ᠤᠰᠤᠨ ᠵᠢᠷᠣᠭ᠎ᠠ ᠮᠣᠷᠢᠲᠤ ᠶᠢᠨ ᠠᠩᠭᠢ ᠭᠡᠬᠦ ᠮᠡᠲᠦ ᠠᠩᠭᠢ ᠨᠤᠭᠤᠳ ᠤᠷᠲᠤ ᠬᠠᠳᠠᠭ ᠢᠶᠠᠨ ᠳᠡᠯᠭᠡᠨ ᠦᠵᠡᠭ᠍ᠴᠢᠳ ᠤᠨ ᠡᠮᠦᠨᠡᠭᠦᠷ ᠰᠦᠷ ᠵᠢᠪᠬᠤᠯᠠᠩᠲᠠᠢ ᠵᠢᠭ᠌ᠰᠠᠭᠠᠯ ᠶᠠᠪᠤᠵᠤ ᠥᠩᠭᠡᠷᠡᠪᠡ᠃
ᠳᠠᠷᠠᠭ᠎ᠠ ᠨᠢ ᠥᠷᠭᠡᠨ ᠣᠯᠠᠨ ᠲᠦᠮᠡᠨ ᠤ ᠨᠢᠵᠢᠭᠢᠨᠡᠲᠡᠯ᠎ᠡ ᠠᠯᠠᠭ᠎ᠠ ᠲᠡᠰᠢᠯᠲᠡ ᠶᠢᠨ ᠳᠤᠮᠳᠠ ᠵᠢᠱᠢᠶᠡᠴᠢ ᠮᠠᠯᠴᠢᠨ᠂ ᠦᠨᠳᠦᠰᠦᠲᠡᠨ ᠤ ᠪᠦᠯᠭᠦᠮᠳᠡᠯᠲᠤ ᠡᠷᠦᠭᠡ᠂ ᠡᠯᠡᠰᠦ ᠮᠠᠩᠬ᠎ᠠ ᠶᠢ ᠥᠭᠡᠷᠡᠴᠢᠯᠡᠭ᠍ᠰᠡᠨ ᠪᠠᠭᠠᠲᠤᠷ ᠁ ᠭᠡᠬᠦ ᠮᠡᠲᠦ ᠲᠡᠷᠢᠭᠦᠨ ᠤ ᠮᠠᠯᠴᠢᠨ ᠲᠠᠷᠢᠶᠠᠴᠢᠨ ᠢ ᠲᠠᠢᠰᠠᠨ ᠳᠤ ᠤᠷᠢᠵᠤ ᠱᠠᠩᠨᠠᠵᠤ ᠬᠥᠬᠢᠭᠦᠯᠪᠡ᠃
ᠱᠠᠩᠨᠠᠯ ᠬᠥᠬᠢᠭᠦᠯᠦᠯ ᠶᠠᠪᠤᠭᠳᠠᠵᠤ ᠪᠠᠷᠠᠮᠠᠭᠴᠠ ᠰᠢᠨᠡᠬᠡᠨ ᠲᠤᠰᠢᠶᠠᠯ ᠳᠤ ᠭᠠᠷᠤᠭᠰᠠᠨ ᠭᠠᠯ ᠵᠠᠯᠠᠭᠤ ᠨᠠᠰᠤᠨ ᠤ ᠨᠠᠮ ᠤᠨ ᠡᠭᠦᠷ ᠤᠨ ᠱᠦᠵᠢ᠂ ᠭᠠᠴᠠᠭᠠᠨ ᠳᠠᠷᠤᠭ᠎ᠠ ᠰᠤᠳᠤᠯᠲᠤ ᠨᠠᠭᠠᠳᠤᠮ ᠳᠤ ᠬᠦᠷᠦᠯᠴᠡᠨ ᠢᠷᠡᠭ᠍ᠰᠡᠨ ᠭᠡᠢᠴᠢᠳ ᠤᠨ ᠤᠭᠲᠤᠯᠭ᠎ᠠ ᠡᠴᠡ ᠠᠪᠤᠭᠠᠳ ᠨᠠᠭᠠᠳᠤᠮ ᠤᠨ ᠶᠠᠪᠤᠴᠠ᠂ ᠱᠠᠭᠠᠷᠳᠠᠯᠭ᠎ᠠ᠂ ᠵᠣᠷᠢᠯᠭ᠎ᠠ ᠵᠡᠷᠭᠡ ᠪᠦᠭᠦ ᠲᠠᠯ᠎ᠠ ᠶᠢ ᠪᠠᠭᠲᠠᠭᠠᠭᠰᠠᠨ ᠤᠷᠤᠰᠤᠮ᠎ᠠ ᠰᠠᠢᠬᠠᠨ᠂ ᠰᠡᠳᠬᠢᠯ ᠣᠭᠰᠢᠭᠤᠯᠤᠭᠰᠠᠨ ᠰᠠᠢᠬᠠᠨ ᠶᠠᠷᠢᠶ᠎ᠠ ᠲᠠᠯᠪᠢᠪᠠ᠃ ᠳᠠᠷᠠᠭᠠᠯᠠᠨ ᠬᠠᠮᠢᠶ᠎ᠠ ᠪᠦᠬᠦᠢ ᠬᠥᠮᠥᠰ ᠨᠠᠭᠠᠳᠤᠮ ᠤᠨ ᠬᠤᠷᠠᠯ ᠠᠮᠵᠢᠯᠲᠠ ᠲᠠᠢ ᠶᠠᠪᠤᠭᠳᠠᠬᠤ ᠶᠢ ᠵᠥᠩᠨᠡᠨ ᠪᠡᠯᠭᠡᠯᠡᠭ᠍ᠰᠡᠨ ᠶᠠᠷᠢᠶ᠎ᠠ ᠬᠢᠪᠡ᠃ ᠦᠳᠡ ᠶᠢᠨ ᠡᠮᠦᠨᠡᠬᠢ ᠨᠠᠭᠠᠳᠤᠮ ᠤᠨ ᠬᠤᠷᠠᠯ ᠤᠨ ᠡᠭᠢᠯᠡᠯᠲᠡ ᠶᠢᠨ ᠶᠣᠰᠣᠯᠠᠯ ᠲᠡᠭᠦᠰᠦᠮᠡᠭ᠍ᠴᠡ ᠦᠳᠡ ᠶᠢᠨ ᠬᠣᠢᠨ᠎ᠠ ᠡᠴᠡ ᠡᠬᠢᠯᠡᠨ᠂ ᠵᠢᠷᠣᠭ᠎ᠠ ᠮᠣᠷᠢᠨ ᠤ ᠤᠷᠤᠯᠳᠤᠭᠠᠨ᠂ ᠣᠷᠳᠣᠰ ᠪᠦᠭᠡ᠂ ᠰᠤᠷ ᠬᠠᠷᠪᠤᠯᠲᠠ᠂ ᠰᠢᠲᠠᠷ᠎ᠠ ᠶᠢᠨ ᠮᠥᠷᠥᠢᠴᠡᠭᠡᠨ᠂ ᠰᠠᠭᠰᠤᠨ ᠪᠥᠮᠪᠥᠭᠡ ᠶᠢᠨ ᠤᠷᠤᠯᠳᠤᠭᠠᠨ᠂ ᠠᠯᠠᠭᠠᠳᠠᠬᠤ ᠪᠥᠮᠪᠥᠭᠡ ᠶᠢᠨ ᠤᠷᠤᠯᠳᠤᠭᠠᠨ᠁ ᠤᠷᠢᠳ ᠬᠣᠵᠢᠳ ᠶᠠᠪᠤᠭᠳᠠᠨ᠎ᠠ᠃ ᠠᠯᠳᠠᠷᠲᠤ ᠲᠣᠭᠯᠠᠭ᠌ᠴᠢᠳ ᠡᠴᠡ ᠠᠪᠤᠭᠠᠳ ᠠᠵᠢᠯ ᠤᠨ ᠴᠢᠯᠦᠭᠡᠨ ᠤ ᠮᠠᠯᠴᠢᠨ ᠲᠦᠮᠡᠨ ᠤ ᠤᠷᠠᠯᠢᠭ᠌ᠴᠢᠳ ᠤᠨ ᠲᠣᠬᠯᠠᠯᠲᠠ᠂ ᠰᠢᠯᠦᠭ᠂ ᠳᠠᠭᠤᠤ ᠶᠢᠨ ᠤᠷᠤᠯᠳᠤᠭᠠᠨ᠁ ᠭᠡᠬᠦ ᠮᠡᠲᠦ ᠰᠣᠶᠣᠯ ᠤᠷᠠᠯᠢᠭ ᠤᠨ ᠦᠳᠡᠰᠢᠯᠡᠭᠡ ᠴᠤ ᠨᠠᠭᠠᠳᠤᠮ ᠤᠨ ᠬᠤᠭᠤᠴᠠᠭᠠᠨ ᠳᠤ ᠦᠳᠡᠰᠢ ᠪᠦᠷᠢ ᠵᠠᠯᠭᠠᠯᠳᠤᠭ᠎ᠠ ᠪᠠᠷ ᠶᠠᠪᠤᠭᠳᠠᠵᠤ ᠯᠠ ᠪᠠᠢᠯ᠎ᠠ᠃
ᠥᠷᠭᠡᠨ ᠣᠯᠠᠨ ᠦᠵᠡᠭ᠍ᠴᠢ ᠬᠣᠯᠠ ᠣᠢᠷ᠎ᠠ ᠶᠢ ᠬᠠᠮᠢᠶᠠᠷᠤᠯ ᠦᠭᠡᠢ᠂ ᠦᠳᠡᠰᠢᠯᠡᠭᠡ ᠪᠠᠷᠠᠮᠠᠭᠴᠠ ᠭᠡᠷ ᠭᠡᠷ ᠢᠶᠠᠷ ᠢᠶᠠᠨ ᠮᠠᠰᠢᠨ ᠲᠡᠷᠭᠡᠨ ᠳᠡᠬᠡᠨ ᠰᠠᠭᠤᠵᠤ ᠲᠣᠰᠣᠨ ᠵᠠᠮ ᠢᠶᠠᠷ ᠢᠶᠠᠨ ᠳᠠᠪᠬᠢᠭᠤᠯᠤᠨ ᠬᠠᠷᠢᠵᠤ᠂ ᠠᠷᠤ ᠭᠡᠷ ᠤᠨ ᠠᠵᠢᠯ ᠶᠠᠪᠤᠳᠠᠯ ᠢᠶᠠᠨ ᠳᠣᠭᠢᠨᠠᠭᠤᠯᠤᠨᠡ᠃ ᠳᠠᠷᠠᠭ᠎ᠠ ᠡᠳᠦᠷ ᠨᠢ ᠦᠷ ᠤᠨ ᠲᠦᠡᠭ ᠢᠶᠠᠷ ᠪᠣᠰᠴᠤ ᠮᠠᠯ ᠬᠤᠢ ᠪᠠᠨ ᠳᠣᠭᠢᠨᠠᠭᠤᠯᠤᠮᠠᠬᠴᠠ ᠨᠠᠭᠠᠳᠤᠮ ᠳᠠᠭᠠᠨ ᠣᠰᠣᠯᠳᠠᠯ ᠦᠭᠡᠢ ᠬᠦᠷᠦᠯᠴᠡᠨ ᠢᠷᠡᠵᠡᠭᠡᠨ᠎ᠡ᠃
ᠣᠯᠠᠨ ᠵᠦᠢᠯ ᠤᠨ ᠤᠷᠤᠯᠳᠤᠭᠠᠨ ᠬᠣᠢᠨ᠎ᠠ ᠬᠣᠢᠨ᠎ᠠ ᠡᠴᠡ ᠶᠠᠪᠤᠭᠳᠠᠭᠰᠠᠨ ᠳᠤ ᠦᠵᠡᠭ᠍ᠴᠢᠳ ᠢ ᠪᠠᠬᠠᠨ ᠰᠠᠨᠳᠤᠷᠭᠠᠪᠠ᠃ ᠵᠠᠷᠢᠮ ᠵᠠᠯᠠᠭᠤᠴᠤᠳ ᠪᠠᠭᠠᠴᠤᠳ ᠡᠭᠦᠨ ᠢ ᠨᠢ ᠵᠢᠭᠠᠬᠠᠨ ᠪᠠᠷᠠᠯᠠᠵᠤ᠂ ᠲᠡᠭᠦᠨ ᠢ ᠨᠢ ᠵᠢᠭᠠᠬᠠᠨ ᠱᠠᠭᠠᠢᠵᠤ ᠨᠠᠭᠠᠰᠢ ᠴᠠᠭᠠᠰᠢ ᠵᠥᠷᠢᠯᠳᠦᠵᠦ ᠴᠢᠯᠦᠭᠡ ᠵᠠᠪ ᠦᠭᠡᠢ ᠭᠦᠶᠦᠯᠳᠦᠨ᠎ᠡ᠃ ᠭᠡᠲᠡᠯ᠎ᠡ ᠨᠠᠰᠤᠲᠠᠨ ᠪᠤᠭᠤᠷᠤᠯᠴᠤᠳ ᠤᠨ ᠣᠯᠠᠩᠬᠢ ᠨᠢ ᠬᠠᠷᠢᠨ ᠵᠢᠷᠣᠭ᠎ᠠ ᠮᠣᠷᠢᠨ ᠤ ᠤᠷᠤᠯᠳᠤᠭᠠᠨ ᠤ ᠲᠠᠯᠠᠪᠠᠢ ᠵᠦᠭ ᠮᠠᠢᠵᠢᠭᠢ ᠲᠠᠢᠵᠢᠭᠢ ᠠᠯᠬᠤᠯᠠᠨ ᠢᠷᠠᠵᠤ᠂ ᠨᠣᠮᠢᠨ ᠨᠣᠭᠣᠭᠠᠨ ᠣᠢ ᠶᠢᠨ ᠰᠡᠭᠦᠳᠡᠷ ᠲᠡᠭᠢ ᠴᠡᠪᠡᠷᠬᠡᠨ ᠴᠠᠭᠠᠨ ᠮᠠᠩᠬᠠᠨ ᠳᠡᠭᠡᠷ᠎ᠡ ᠲᠣᠷᠭᠠᠨ ᠴᠠᠮᠴᠠᠨ ᠬᠣᠷᠮᠣᠢ ᠪᠠᠨ ᠳᠡᠪᠢᠰᠴᠦ᠂ ᠵᠠᠷᠢᠮ ᠨᠢ ᠵᠠᠪᠢᠯᠠᠨ᠂ ᠵᠠᠷᠢᠮ ᠨᠢ ᠬᠥᠯ ᠢᠶᠠᠨ ᠵᠢᠭᠢᠵᠦ᠂ ᠳᠤᠷ᠎ᠠ ᠳᠠᠪᠠ ᠪᠠᠷ ᠢᠶᠠᠨ ᠲᠠᠭᠠᠯᠠᠮᠵᠢᠲᠠᠢ ᠰᠠᠢᠬᠠᠨ ᠰᠠᠭᠤᠵᠠᠭᠠᠵᠤ ᠤᠷᠤᠯᠳᠤᠭᠠᠨ ᠢ ᠰᠣᠨᠢᠷᠬᠠᠵᠠᠭᠠᠨᠠ᠃
ᠲᠡᠳᠡᠭᠡᠷ ᠬᠥᠮᠥᠰ ᠤᠨ ᠳᠤᠮᠳᠠ ᠡᠴᠡ ᠪᠢ ᠪᠠᠬᠠᠨ ᠡᠷᠢᠵᠦ ᠰᠤᠷᠠᠭᠯᠠᠵᠤ ᠪᠠᠢᠭᠠᠳ ᠪᠠᠭ᠎ᠠ ᠶᠢᠨ ᠦᠶ᠎ᠡ ᠳᠤ ᠨᠠᠭᠠᠳᠴᠤ ᠲᠣᠭᠯᠠᠵᠤ᠂ ᠶᠡᠬᠡ ᠬᠠᠮᠲᠤ ᠶᠢᠨ ᠦᠶ᠎ᠡ ᠳᠤ ᠨᠡᠢᠯᠡᠵᠦ ᠠᠵᠢᠯ ᠭᠦᠳᠡᠯᠮᠦᠷᠢ ᠳᠤ ᠣᠷᠣᠯᠴᠠᠵᠤ ᠪᠠᠢᠭᠰᠠᠨ ᠬᠡᠳᠦᠨ ᠨᠠᠰᠤ ᠵᠢᠯ ᠬᠤᠷᠠᠭ ᠨᠠᠢᠢᠵᠠ ᠪᠠᠨ ᠣᠯᠵᠤ ᠬᠠᠪᠢᠷᠭᠠᠳᠠᠵᠤ ᠰᠠᠭᠤᠪᠠ᠃
ᠵᠢᠷᠤᠭ᠎ᠠ ᠮᠣᠷᠢᠨ ᠤ ᠤᠷᠤᠯᠳᠤᠭᠠᠨ ᠤ ᠲᠠᠯᠠᠪᠠᠢ ᠳᠤ ᠭᠣᠶᠤ ᠬᠡᠭᠡᠨᠴᠢᠷ ᠬᠤᠪᠴᠠᠰᠤ ᠵᠠᠰᠠᠯ ᠲᠠᠢ ᠡᠷᠡᠭ᠍ᠲᠡᠢ ᠡᠮᠡᠭ᠍ᠲᠡᠢ ᠤᠶᠠᠭᠠᠴᠢᠳ ᠪᠡᠶ᠎ᠡ ᠡᠴᠡ ᠪᠠᠨ ᠢᠯᠡᠭᠦᠦ ᠵᠠᠰᠠᠵᠤ ᠴᠢᠮᠡᠭ᠍ᠰᠡᠨ ᠲᠣᠰ ᠲᠣᠰ ᠤᠨ ᠢᠶᠠᠨ ᠮᠣᠷᠢᠳ ᠢᠶᠠᠨ ᠬᠥᠲᠥᠯᠥᠨ ᠵᠢᠭ᠌ᠰᠠᠨ ᠢᠷᠠᠵᠤ ᠤᠷᠤᠯᠳᠤᠵᠤ ᠮᠥᠷᠥᠢᠴᠡᠬᠦ ᠪᠠᠷ ᠪᠡᠯᠡᠳᠬᠡᠨ᠎ᠡ᠃ ᠬᠥᠮᠥᠰ ᠤᠨ ᠬᠡᠯᠡᠯᠴᠡᠬᠦ ᠪᠠᠷ ᠪᠦᠭᠦ ᠦᠦᠰᠢᠨ ᠬᠣᠰᠢᠭᠤᠨ ᠤ ᠬᠡᠪᠴᠢᠶᠡᠨ ᠳᠠᠬᠢ ᠵᠢᠷᠤᠭ᠎ᠠ ᠮᠣᠷᠢᠳ ᠪᠠᠷᠤᠭ ᠪᠦᠷ ᠬᠦᠷᠦᠯᠴᠡᠨ ᠢᠷᠡᠴᠢᠬᠡᠭ᠍ᠰᠡᠨ ᠪᠠᠢᠨ᠎ᠠ ᠭᠡᠨ᠎ᠡ᠃
ᠡᠭᠢᠯᠡᠯᠲᠡ ᠶᠢᠨ ᠳᠣᠬᠢᠶ᠎ᠠ ᠳᠤᠤᠭᠠᠷᠤᠮᠠᠭᠴᠠ ᠨᠣᠭᠣᠭᠠᠨ ᠵᠦᠯᠭᠡ ᠪᠠ ᠨᠣᠮᠢᠨ ᠣᠢ ᠶᠢ ᠵᠠᠭᠠᠭᠯᠠᠭᠰᠠᠨ ᠬᠣᠢᠰᠢ ᠤᠷᠤᠭ᠌ᠰᠢ ᠪᠠᠨ ᠤᠷᠲᠤᠯᠵᠢᠨ ᠭᠡᠯᠪᠡᠷᠢ ᠲᠠᠢ ᠪᠣᠷᠣᠯᠵᠢᠨ ᠲᠠᠯ᠎ᠠ ᠳᠡᠭᠡᠷ᠎ᠡ ᠪᠦᠯᠦᠭ ᠪᠦᠯᠦᠭ ᠢᠶᠠᠷ ᠵᠢᠭ᠌ᠰᠠᠨ ᠭᠠᠷᠴᠤ ᠮᠥᠷᠥᠢᠴᠡᠪᠡ᠃
ᠮᠢᠨᠤ ᠬᠠᠵᠠᠭᠤ ᠳᠤ ᠰᠠᠭᠤᠵᠤ ᠪᠠᠢᠭᠰᠠᠨ ᠳᠠᠯ᠎ᠠ ᠶᠢᠨ ᠳᠠᠪᠠᠭ᠎ᠠ ᠶᠢ ᠳᠠᠪᠠᠭᠰᠠᠨ ᠭᠡᠨᠳᠦᠨ ᠭᠤᠸᠠᠢ ᠵᠢᠷᠣᠭ᠎ᠠ ᠮᠣᠷᠢᠳ ᠤᠨ ᠤᠷᠤᠯᠳᠤᠭᠠᠨ ᠢ ᠪᠠᠬᠠᠨ ᠬᠠᠷᠠᠵᠤ ᠬᠠᠷᠠᠭᠠᠳ᠄
《ᠵᠢᠷᠣᠭ᠎ᠠ ᠮᠣᠷᠢ ᠶᠢ ᠤᠨᠤᠵᠤ ᠶᠠᠪᠤᠬᠤ ᠳᠤ ᠵᠥᠭᠡᠯᠡᠨ ᠪᠤᠯᠪᠠᠴᠤ ᠵᠠᠮ ᠬᠣᠷᠣᠭᠠᠬᠤ ᠨᠢ ᠬᠠᠰᠢ ᠯᠠ ᠬᠤᠷᠳᠤᠨ ᠮᠣᠷᠢ ᠨᠢ ᠳᠡᠭᠡᠷ᠎ᠡ ᠶᠤᠮ ᠰᠢᠦ᠃ ᠪᠢ ᠶᠡᠷᠦ ᠨᠢ ᠪᠠᠭ᠎ᠠ ᠡᠴᠡ ᠪᠠᠨ ᠬᠤᠷᠳᠤᠨ ᠮᠣᠷᠢᠨ ᠳᠤ ᠳᠤᠷᠠᠲᠠᠢ ᠬᠥᠮᠥᠨ ᠶᠤᠮ ᠳ᠋ᠠ᠃ ᠪᠢ ᠨᠠᠢ᠍ᠮᠠᠨ ᠨᠠᠰᠤᠨ ᠡᠴᠡ ᠪᠠᠨ ᠡᠬᠢᠯᠡᠨ ᠪᠠᠷᠢᠭᠠᠳᠠ ᠶᠢᠨ ᠵᠤᠯᠠᠭ ᠤᠨ ᠨᠠᠢᠢᠷ ᠳᠡᠭᠡᠷ᠎ᠡ ᠭᠤᠴᠢᠨ ᠭᠠᠵᠠᠷ ᠤᠨ ᠦᠵᠦᠭᠦᠷ ᠡᠴᠡ ᠠᠵᠢᠷᠭ᠎ᠠ ᠤᠨᠤᠵᠤ ᠤᠷᠤᠯᠳᠤᠨ ᠲᠡᠷᠢᠭᠦᠨ ᠱᠠᠠᠩ ᠬᠡᠳᠦᠨ ᠵᠢᠯ ᠳᠠᠷᠠᠭᠠᠯᠠᠨ ᠠᠪᠤᠭᠰᠠᠨ ᠶᠤᠮ ᠰᠢᠦ》 ᠭᠡᠪᠡᠯ ᠨᠠᠮᠢᠳ ᠭᠤᠸᠠᠢ ᠡᠯᠭᠦᠨ ᠠᠪᠴᠤ᠄
《ᠬᠤᠷᠳᠤᠨ ᠮᠣᠷᠢᠨ ᠤ ᠤᠷᠤᠯᠳᠤᠭᠠᠨ ᠠᠮᠠᠷᠬᠠᠨ᠃ ᠳᠥᠩᠭᠡᠭᠡᠳ ᠳᠡᠭᠡᠷ᠎ᠡ ᠨᠢ ᠭᠠᠷᠴᠤ ᠲᠠᠯ ᠢ ᠨᠢ ᠨᠣᠴᠣᠴᠢᠬᠠᠪᠠᠯ᠂ ᠬᠡᠳᠦᠢ ᠬᠤᠷᠳᠤᠨ᠂ ᠬᠡᠳᠦᠢ ᠬᠣᠯᠠ ᠴᠤ ᠨᠢᠳᠦ ᠪᠠᠨ ᠠᠨᠢᠭᠠᠳ ᠤᠷᠤᠯᠳᠤᠵᠤ ᠪᠠᠢᠪᠠᠯ ᠪᠣᠯᠴᠢᠬᠠᠭᠰᠠᠨ ᠲᠡᠷᠡ》ᠭᠡᠳ ᠬᠠᠵᠠᠭᠤ ᠬᠠᠪᠢᠷᠭ᠎ᠠ ᠶᠢᠨ ᠬᠥᠮᠥᠰ ᠢ ᠰᠢᠷᠪᠠᠨ ᠬᠠᠷᠠᠭᠠᠳ᠄
《ᠲᠠᠨᠤᠰ ᠮᠡᠳᠡᠬᠦ ᠦᠭᠡᠢ᠂ ᠡᠮᠨᠢᠭ ᠰᠤᠷᠭᠠᠪᠠ ᠭᠡᠭ᠍ᠴᠢ ᠴᠣᠬᠣᠮ ᠬᠠᠯᠠᠲᠠᠢ ᠶᠤᠮ ᠰᠢᠦ᠃ ᠬᠣᠢᠲᠤ ᠬᠣᠶᠠᠷ ᠬᠥᠯ ᠢᠶᠠᠷ ᠢᠶᠠᠨ ᠵᠣᠭᠰᠣᠭᠠᠳ ᠳᠡᠭᠡᠭ᠍ᠰᠢ ᠪᠠᠨ ᠪᠣᠰᠪᠠᠯ ᠪᠠᠰᠠ ᠭᠠᠢᠭᠤᠢ ᠬᠡᠷᠡᠭ᠃ ᠳᠡᠯ ᠡᠴᠡ ᠨᠢ ᠢᠯᠵᠢ ᠨᠣᠴᠣᠴᠢᠬᠠᠪᠠᠯ ᠶᠠᠭᠠᠬᠢᠵᠤ ᠴᠤ ᠴᠢᠳᠠᠬᠤ ᠦᠭᠡᠢ᠃ ᠬᠠᠷᠢᠨ ᠲᠣᠯᠣᠭᠠᠢ ᠪᠠᠨ ᠡᠮᠦᠨᠡᠬᠢ ᠬᠣᠶᠠᠷ ᠬᠥᠯ ᠤᠨ ᠳᠤᠮᠳᠠᠭᠤᠷ ᠢᠶᠠᠨ ᠨᠤᠭᠳᠤᠢᠯᠭᠠᠵᠤ ᠰᠢᠷᠭᠤᠭᠤᠯᠴᠢᠬᠠᠭᠠᠳ ᠲᠤᠢᠯᠠᠬᠤ ᠨᠢ ᠴᠣᠬᠣᠮ ᠰᠦᠷᠡᠬᠡᠢ ᠶᠤᠮ ᠰᠢᠦ᠃ ᠲᠡᠭᠡᠶ᠎ᠡ ᠨᠠᠭᠠᠲᠤ ᠡᠷ᠎ᠡ ᠬᠡᠴᠢᠨᠡᠭᠡᠨ ᠡᠮᠨᠢᠭ ᠰᠤᠷᠭᠠᠭᠠᠳ ᠭᠠᠵᠠᠷ ᠰᠢᠷᠣᠢᠳᠠᠬᠤ ᠶᠢ ᠮᠡᠳᠡᠬᠦ ᠦᠭᠡᠢ ᠰᠢᠦ!》 ᠭᠡᠪᠡᠯ᠂ ᠯᠤᠪᠰᠠᠩ ᠭᠤᠸᠠᠢ ᠵᠢᠷᠣᠭ᠎ᠠ ᠮᠣᠷᠢᠨ ᠡᠴᠡ ᠬᠠᠷᠠᠴᠠ ᠪᠠᠨ ᠰᠢᠯᠵᠢᠭᠦᠯᠦᠨ᠂ ᠨᠠᠮᠢᠳ ᠵᠦᠭ ᠬᠠᠷᠠᠴᠠ ᠲᠤᠯᠭᠠᠨ 《ᠬᠠ᠂ ᠬᠠ!》 ᠭᠡᠵᠦ ᠬᠠᠳᠠᠭᠠᠨᠠᠲᠠᠯ᠎ᠠ ᠢᠨᠢᠶᠡᠵᠦ᠄
《ᠸᠠᠢ ᠴᠢᠦ! ᠵᠠᠯᠠᠭᠤ ᠶᠢᠨ ᠦᠶ᠎ᠡ ᠳᠤ ᠡᠮᠨᠢᠭ ᠭᠡᠭ᠍ᠴᠢ ᠶᠢ ᠬᠡᠨ ᠥᠯᠥ ᠰᠤᠷᠭᠠᠪᠠ᠃ ᠪᠢ ᠶᠠ ᠮᠠᠭᠤ ᠡᠮᠨᠢᠭ ᠠᠳᠤᠭᠤ ᠶᠢ ᠬᠡᠴᠢᠨᠡᠭᠡᠨ ᠰᠤᠷᠭᠠᠭᠰᠠᠨ ᠮᠠᠯᠠᠢ᠃ ᠴᠢ ᠣᠳᠣ ᠬᠥᠭ᠍ᠰᠢᠷᠡᠭᠡᠳ ᠡᠮᠨᠢᠭ ᠰᠤᠷᠭᠠᠵᠤ ᠳᠡᠢᠢᠯᠦᠨᠡ ᠦᠦ︖ ᠴᠢ ᠣᠳᠣ ᠰᠠᠨᠠᠭ᠎ᠠ ᠨᠢ ᠪᠠᠢᠶ᠎ᠠ᠂ ᠤᠨᠤᠭ᠎ᠠ ᠴᠢᠨᠢ ᠬᠦᠷᠬᠦ ᠦᠭᠡᠢ ᠪᠣᠯᠤᠭᠰᠠᠨ ᠪᠠᠢᠨ᠎ᠠ ᠰᠢᠦ! ᠴᠢ ᠣᠳᠣ ᠲᠠᠶᠠᠭ ᠢᠶᠠᠨ ᠳᠠᠭᠠᠭᠠᠭᠠᠳ ᠴᠥᠮᠴᠥᠷᠢᠵᠦ ᠪᠠᠢᠪᠠᠯ ᠪᠣᠯᠤᠭᠰᠠᠨ ᠲᠡᠷᠡ᠃ ᠬᠣᠶᠠᠭᠤᠯᠠ ᠨᠠᠰᠤ ᠰᠠᠴᠠᠭᠤ ᠪᠠᠢᠭᠠᠳ᠂ ᠪᠢ ᠵᠢᠷᠠᠨ ᠬᠡᠳᠦᠲᠡᠢ ᠳᠡᠬᠡᠨ ᠮᠠᠨ ᠤ ᠤᠷᠳᠤ ᠠᠢᠯ ᠤᠨ ᠠᠵᠢᠷᠭ᠎ᠠ ᠦᠷᠢᠶ᠎ᠡ ᠶᠢ ᠰᠤᠷᠭᠠᠵᠤ ᠥᠭ᠍ᠭᠦᠭ᠍ᠰᠡᠨ᠃ ᠲᠡᠷᠡ ᠦᠷᠢᠶ᠎ᠡ ᠬᠢᠷᠢ ᠪᠠᠷ ᠢᠶᠠᠨ ᠲᠤᠢᠢᠯᠠᠪᠠ ᠭᠡᠰᠡᠨ ᠳᠤ ᠪᠢ ᠰᠠᠶ᠋ᠢᠬᠢ ᠵᠠᠯᠠᠭᠤ ᠶᠢᠨ ᠲᠤᠷᠰᠢᠯᠭ᠎ᠠ ᠪᠠᠷ ᠢᠶᠠᠨ ᠬᠥᠯ ᠢᠶᠠᠷ ᠢᠶᠠᠨ ᠣᠷᠢᠶᠠᠵᠤ ᠭᠡᠳᠡᠰᠦ ᠶᠢ ᠨᠢ ᠬᠠᠪᠴᠢᠴᠢᠬᠠᠭᠰᠠᠨ ᠴᠢᠨᠢ ᠭᠡᠳᠦ ᠤᠨᠲᠤᠭᠤᠴᠠᠭᠠᠳ᠂ ᠴᠡᠴᠡᠷᠡᠭᠡᠳ ᠵᠣᠭᠰᠣᠴᠢᠬᠠᠯ᠎ᠠ ᠰᠢᠦ!》 ᠭᠡᠪᠡᠯ ᠨᠠᠮᠢᠳ ᠲᠣᠯᠣᠭᠠᠢ ᠪᠠᠨ ᠮᠠᠭᠠᠵᠢᠵᠤ᠂ ᠦᠭᠡᠨ ᠦᠵᠦᠭᠦᠷ ᠢ ᠡᠷᠭᠢᠭᠦᠯᠵᠦ᠄ 《ᠴᠢ ᠲᠡᠷᠡ ᠡᠮᠨᠢᠭ ᠢᠶᠠᠨ ᠠᠪᠤᠭᠠᠳ ᠢᠷᠡᠬᠦᠢ (ᠢᠷ᠎ᠡ) ! ᠪᠢ ᠰᠤᠷᠭᠠᠵᠤ ᠦᠵᠡᠶ᠎ᠡ!》 ᠭᠡᠵᠦ ᠲᠡᠭᠦᠨ ᠤ ᠭᠡᠷᠭᠡᠢ ᠵᠦᠭ ᠬᠠᠷᠠᠴᠠ ᠲᠤᠯᠭᠠᠪᠠ᠃
ᠲᠡᠳᠡᠨ ᠤ ᠬᠠᠵᠠᠭᠤ ᠳᠤ ᠰᠠᠭᠤᠵᠤ ᠪᠠᠢᠭᠰᠠᠨ ᠨᠢᠭᠡᠨ ᠢᠳᠡᠷ ᠡᠷ᠎ᠡ ᠪᠣᠰᠴᠤ ᠵᠣᠭᠰᠣᠭᠠᠳ᠄
《ᠭᠦᠢ᠂ ᠭᠦᠢ! ᠲᠠᠨᠤᠰ ᠬᠠᠷᠠᠯ ᠳ᠋ᠠ! ᠲᠡᠷᠡ ᠬᠡᠭᠡᠷ ᠮᠣᠷᠢ᠂ ᠲᠡᠷᠡ ᠰᠢᠷᠭ᠎ᠠ ᠮᠣᠷᠢ ᠶᠢ ᠳᠠᠭᠠᠷᠢᠯ᠎ᠠ ᠰᠢᠦ! ᠲᠡᠷᠡ ᠬᠡᠭᠡᠷ ᠮᠣᠷᠢ ᠶᠢᠨ ᠠᠷᠤ ᠳᠤ ᠠᠷᠪᠠᠨ ᠣᠪᠣᠭ᠎ᠠ ᠪᠣᠰᠴᠤ ᠪᠠᠢᠨ᠎ᠠ!》 ᠭᠡᠵᠦ ᠥᠨᠳᠥᠷ ᠳᠠᠭᠤᠨ ᠢᠶᠠᠷ ᠬᠡᠯᠡᠭ᠍ᠰᠡᠨ ᠳᠤ ᠲᠡᠭᠦᠨ ᠤ ᠴᠠᠭᠠᠨ᠎ᠠ ᠰᠠᠭᠤᠭᠰᠠᠨ ᠨᠢᠭᠡ ᠨᠢ᠄
《ᠪᠢ ᠶᠠᠭ ᠰᠠᠢᠬᠠᠨ ᠲᠣᠭᠠᠯᠠᠵᠤ ᠦᠵᠡᠭ᠍ᠰᠡᠨ ᠰᠢᠤ᠂ ᠠᠷᠪᠠᠨ ᠭᠤᠷᠪᠠᠨ ᠣᠪᠣᠭ᠎ᠠ ᠪᠣᠰᠣᠯ᠎ᠠ ᠰᠢᠤ》 ᠭᠡᠵᠦ ᠠᠮᠠ ᠪᠤᠯᠢᠶᠠᠯᠳᠤᠵᠠᠭᠠᠨᠠ᠃
ᠵᠢᠷᠣᠭ᠎ᠠ ᠮᠣᠷᠢᠨ ᠤ ᠤᠷᠤᠯᠳᠤᠭᠠᠨ ᠢ ᠬᠠᠭᠠᠰ ᠦᠵᠡᠭᠡᠳ ᠪᠢ ᠪᠦᠭᠡ ᠶᠢᠨ ᠤᠷᠤᠯᠳᠤᠭᠠᠨ ᠢ ᠦᠵᠡᠬᠦ ᠰᠠᠨᠠᠭᠠᠲᠠᠢ ᠲᠡᠷᠡ ᠬᠡᠳᠦᠨ ᠨᠠᠢᠢᠵᠠ ᠳᠠᠭᠠᠨ ᠬᠡᠯᠡᠪᠡᠯ ᠲᠡᠳᠡ ᠶᠠᠭ ᠦᠵᠡᠭ᠍ᠴᠢᠳ ᠪᠢᠰᠢ ᠬᠠᠷᠢᠨ ᠥᠪᠡᠷ ᠢᠶᠠᠨ ᠤᠷᠤᠯᠳᠤᠭᠠᠨ ᠳᠤ ᠣᠷᠣᠯᠴᠠᠵᠤ ᠪᠠᠢᠬᠤ ᠰᠢᠭ᠋ ᠬᠥᠭ᠍ᠰᠡᠵᠦ᠂ ᠵᠢᠷᠣᠭ᠎ᠠ ᠮᠣᠷᠢᠨ ᠤ ᠤᠷᠤᠯᠳᠤᠭᠠᠨ ᠢ ᠦᠵᠡᠵᠦ ᠭᠠᠯ ᠴᠣᠭ ᠳᠡᠭᠡᠷ᠎ᠡ ᠨᠢ ᠪᠠᠢᠭᠰᠠᠨ ᠪᠣᠯᠬᠣᠷ ᠨᠠᠮ᠎ᠠ ᠶᠢ ᠳᠠᠭᠠᠬᠰᠠᠨ ᠬᠥᠮᠥᠨ ᠠᠯᠠᠭ᠎ᠠ᠃
ᠪᠢ ᠲᠡᠷᠡ ᠤᠷᠤᠯᠳᠤᠭᠠᠨ ᠤ ᠲᠠᠯᠠᠪᠠᠢ ᠡᠴᠡ ᠨᠥᠭᠦᠭᠡ ᠤᠷᠤᠯᠳᠤᠭᠠᠨ ᠤ ᠲᠠᠯᠠᠪᠠᠢ ᠭᠦᠷᠲᠡᠯ᠎ᠡ ᠵᠡᠭᠡᠯᠢ ᠭᠤᠳᠤᠮᠵᠢ ᠰᠢᠭ᠋ ᠵᠠᠯᠭᠠᠯᠳᠤᠭᠤᠯᠤᠨ ᠪᠣᠰᠬᠠᠭᠰᠠᠨ ᠮᠠᠢᠬᠠᠨ᠂ ᠰᠠᠭᠠᠯᠢ ᠰᠦ ᠶᠢᠨ ᠬᠠᠩᠬᠤᠯᠤᠭᠤᠨ ᠦᠨᠦᠷ ᠲᠤ ᠰᠣᠭᠲᠣᠭᠤᠷᠠᠨ᠂ ᠮᠠᠯᠴᠢᠳ ᠤᠨ ᠥᠪᠡᠷ ᠤᠨ ᠭᠠᠷ ᠢᠶᠠᠷ ᠢᠶᠠᠨ ᠬᠢᠵᠦ ᠪᠣᠯᠪᠠᠰᠤᠷᠠᠭᠤᠯᠤᠭᠰᠠᠨ ᠠᠢᠷᠠᠭ ᠲᠠᠷᠠᠭ᠂ ᠥᠷᠥᠮ᠎ᠡ ᠴᠥᠷᠮ᠎ᠡ᠂ ᠮᠢᠬ᠎ᠠ ᠲᠣᠰᠣ ᠁ ᠵᠡᠷᠭᠡ ᠶᠢᠨ ᠨᠤᠲᠤᠭ ᠤᠨ ᠭᠠᠷᠤᠯᠲᠠ ᠶᠢᠨ ᠠᠷᠠᠯᠵᠢᠶ᠎ᠠ ᠮᠠᠢᠮᠠᠢ ᠶᠢ ᠭᠠᠢᠬᠠᠨ ᠰᠣᠨᠢᠷᠬᠠᠵᠤ᠂ ᠨᠢᠳᠦ ᠬᠤᠵᠢᠷᠯᠠᠨ ᠶᠠᠪᠤᠪᠠ᠃
ᠭᠡᠨᠡᠳᠲᠡ《ᠠᠪᠤ ᠰᠠᠢᠨ ᠢᠷᠡᠪᠡ ᠦᠦ︖》 ᠭᠡᠬᠦ ᠳᠠᠭᠤᠨ ᠢᠶᠠᠷ ᠲᠡᠷᠨ ᠵᠦᠭ ᠨᠢᠳᠦ ᠣᠷᠭᠢᠪᠠᠯ᠂ ᠮᠢᠨᠤ ᠵᠢᠭᠡᠨᠴᠢᠷ ᠬᠥᠪᠡᠭᠦᠨ ᠮᠥᠷᠭᠥᠵᠦ ᠰᠥᠬᠥᠷᠡᠨ ᠮᠡᠨᠳᠦᠴᠢᠯᠡᠨ᠎ᠡ᠃ ᠲᠡᠭᠦᠨ ᠢ ᠤᠶᠠᠷᠠ ᠭᠡᠳᠡᠭ᠃ ᠲᠡᠷᠡ ᠠᠵᠢᠯ ᠤᠨ ᠴᠢᠯᠦᠭᠡ ᠪᠠᠷ ᠢᠶᠠᠨ ᠭᠠᠷᠠᠭ ᠤᠨ ᠡᠳᠦᠷ ᠢ ᠲᠣᠬᠢᠶᠠᠯᠳᠤᠭᠤᠯᠤᠨ ᠡᠨᠡ ᠨᠠᠭᠠᠳᠤᠮ ᠤᠨ ᠬᠤᠷᠠᠯ ᠳᠡᠭᠡᠷ᠎ᠡ ᠳᠥᠭᠦᠮ ᠰᠡᠭᠦᠳᠡᠷ ᠣᠷᠣᠮᠵᠢ ᠪᠠᠷᠢᠵᠤ ᠬᠣᠨᠢᠨ ᠮᠢᠬᠠᠨ ᠤ ᠱᠣᠷᠯᠣᠭ ᠬᠤᠳᠠᠯᠳᠤᠵᠤ ᠪᠠᠢᠪᠠ᠃ ᠪᠢ ᠲᠡᠭᠡᠭᠡᠳ᠄
《ᠴᠢ ᠴᠥᠬᠥᠨ ᠱᠣᠷᠯᠣᠭ ᠬᠤᠳᠠᠯᠳᠤᠭᠠᠳ ᠵᠢᠭ᠎ᠠ ᠵᠤᠭ᠎ᠠ ᠶᠠᠭᠤᠮ᠎ᠠ ᠣᠯᠵᠤ ᠪᠠᠢᠨ᠎ᠠ ᠦᠦ ᠳ᠋ᠠ!》 ᠭᠡᠵᠦ ᠲᠣᠭᠣᠮᠰᠠᠷ ᠦᠭᠡᠢ ᠠᠰᠠᠭᠤᠪᠠᠯ᠄
《ᠬᠠᠢ᠂ ᠬᠠᠢ! ᠠᠪᠤ ᠮᠡᠳᠡᠬᠦ ᠦᠭᠡᠢ᠃ ᠪᠢᠳᠠ ᠬᠣᠨᠢ ᠪᠠᠨ ᠠᠮᠢᠳᠤ ᠪᠠᠷ ᠨᠢ ᠬᠤᠳᠠᠯᠳᠤᠭᠠᠳ ᠮᠢᠩᠭᠠᠨ ᠲᠠᠪᠤᠨ ᠵᠠᠭᠤᠨ ᠲᠥᠭᠥᠷᠢᠭ ᠣᠯᠬᠤ ᠶᠤᠮ ᠦᠦ ᠦᠭᠡᠢ ᠶᠤᠮ ᠦᠦ︖ ᠬᠣᠨᠢᠨ ᠮᠢᠬ᠎ᠠ ᠶᠢ ᠢᠩᠭᠢᠵᠦ ᠥᠪᠡᠷ ᠢᠶᠠᠨ ᠰᠢᠷᠠᠵᠤ ᠬᠤᠳᠠᠯᠳᠤᠭᠠᠳ ᠪᠠᠷᠤᠭ ᠭᠤᠷᠪᠠᠨ ᠮᠢᠩᠭᠠᠨ ᠲᠥᠭᠥᠷᠢᠭ ᠬᠦᠷᠭᠡᠵᠦ ᠪᠠᠢᠨ᠎ᠠ ᠰᠢᠦ! ᠬᠠᠰᠢ ᠯᠠ ᠨᠤᠲᠤᠭ ᠤᠨ ᠭᠠᠷᠤᠯᠲᠠ ᠪᠠᠨ ᠥᠪᠡᠰᠦᠪᠡᠨ ᠪᠣᠯᠪᠠᠰᠤᠷᠠᠭᠤᠯᠤᠨ ᠪᠣᠷᠣᠯᠠᠭᠤᠯᠪᠠᠯ ᠠᠰᠢᠭ᠌ᠲᠠᠢ ᠶᠤᠮ ᠪᠠᠢᠨ᠎ᠠ ᠰᠢᠦ!》 ᠭᠡᠵᠦ ᠪᠠᠶᠠᠷ ᠭᠦᠷ ᠲᠠᠢ ᠬᠡᠯᠡᠪᠡ᠃
ᠪᠢ ᠴᠠᠭᠠᠰᠢ ᠶᠠᠪᠤᠵᠤ ᠪᠦᠭᠡ ᠶᠢᠨ ᠤᠷᠤᠯᠳᠤᠭᠠᠨ ᠤ ᠲᠠᠯᠠᠪᠠᠢ ᠳᠤ ᠢᠷᠠᠪᠠ᠃
ᠪᠦᠭᠡ ᠶᠢᠨ ᠤᠷᠤᠯᠳᠤᠭᠠᠨ ᠪᠣᠯᠣᠨ ᠰᠤᠷ ᠬᠠᠷᠪᠤᠯᠲᠠ ᠶᠢᠨ ᠮᠥᠷᠥᠢᠴᠡᠭᠡᠨ ᠨᠢ ᠪᠦᠷᠢᠳᠦ ᠶᠢᠨ ᠬᠣᠢᠲᠤ ᠣᠷᠣᠢ ᠶᠢᠨ ᠡ᠊ᠩᠭᠡᠷ ᠲᠤ ᠪᠠᠢᠷᠢᠯᠠᠵᠤ ᠪᠠᠢᠪᠠ᠃ ᠡ᠊ᠠᠳᠡᠭᠢ ᠶᠢᠨ ᠦᠵᠡᠭ᠍ᠴᠢᠳ ᠤᠨ ᠣᠯᠠᠩᠬᠢ ᠨᠢ ᠢᠳᠡᠷ ᠨᠠᠰᠤᠨ ᠤ ᠬᠥᠮᠥᠰ ᠪᠠ ᠵᠠᠯᠠᠭᠤᠴᠤᠳ ᠪᠠᠭᠠᠴᠤᠳ ᠬᠠᠷᠠᠭᠳᠠᠵᠤ ᠪᠠᠢᠯ᠎ᠠ᠃ ᠲᠡᠳᠡ ᠨᠠᠷ ᠣᠷᠣᠢ ᠶᠢᠨ ᠡ᠊ᠩᠭᠡᠷ ᠢ ᠳᠠᠭᠠᠭᠤᠯᠵᠤ ᠵᠠᠰᠠᠭᠰᠠᠨ ᠱᠠᠲᠤᠯᠵᠢᠨ ᠭᠡᠯᠪᠡᠷᠢ ᠲᠠᠢ ᠱᠦᠢᠨᠢ ᠲᠠᠢᠰᠠ ᠶᠢ ᠳᠦᠭᠦᠷᠲᠡᠯ᠎ᠡ ᠰᠠᠭᠤᠨ᠎ᠠ᠃ ᠪᠢ ᠲᠡᠳᠡᠨ ᠤ ᠳᠤᠮᠳᠠᠭᠤᠷ ᠪᠠᠬᠠᠨ ᠵᠠᠢ ᠣᠯᠵᠤ ᠰᠠᠭᠤᠪᠠ᠃ ᠪᠥᠬᠡᠴᠢᠳ ᠣᠨᠣᠭ᠎ᠠ ᠪᠠᠨ ᠰᠤᠭᠤᠯᠤᠨ ᠠᠪᠤᠮᠠᠭᠴᠠ ᠵᠣᠳᠣᠭ ᠢᠶᠠᠨ ᠡᠮᠦᠰᠴᠦ᠂ ᠨᠠᠰᠤᠨ ᠳᠤ ᠭᠦᠷᠦᠭ᠍ᠰᠡᠳ ᠪᠠ ᠬᠡᠦᠬᠡᠳ ᠪᠠᠭᠠᠴᠤᠳ ᠤᠨ ᠳᠤᠭᠤᠢᠯᠠᠩ ᠭᠡᠵᠦ ᠡᠭᠡᠯᠵᠢᠭᠡ ᠪᠠᠷ ᠳᠡᠷᠪᠡᠨ ᠴᠠᠮᠨᠠᠨ ᠭᠠᠷᠴᠤ᠂ ᠴᠡᠪᠡᠷᠬᠡᠨ ᠵᠥᠭᠡᠯᠡᠨ ᠴᠠᠭᠠᠨ ᠮᠠᠩᠬᠠᠨ ᠳᠡᠭᠡᠷ᠎ᠡ ᠬᠣᠣᠰ ᠬᠣᠣᠰ ᠢᠶᠠᠷ ᠤᠯᠠᠭᠠᠨ ᠨᠣᠭᠣᠭᠠᠨ ᠥᠩᠭᠡ ᠶᠢᠨ ᠪᠦᠰᠡ ᠡᠭᠡᠯᠳᠦᠷᠭᠡᠯᠡᠵᠦ᠂ ᠣᠷᠳᠣᠰ ᠪᠦᠭᠡ ᠪᠠᠷᠢᠯᠳᠤᠵᠠᠭᠠᠨᠠ᠃ ᠣᠷᠳᠣᠰ ᠪᠦᠭᠡ ᠪᠠᠷᠢᠯᠳᠤᠵᠤ ᠪᠠᠢᠬᠤ ᠪᠠᠷ ᠦᠵᠡᠪᠡᠯ ᠵᠥᠪᠭᠡᠨ ᠣᠷᠳᠣᠰ ᠤᠨ ᠬᠡᠪᠴᠢᠶᠡᠨ ᠳᠠᠬᠢ ᠪᠥᠬᠡᠴᠢᠳ ᠪᠠᠢᠬᠤ ᠮᠠᠶ᠋ᠢᠭ᠌ᠲᠠᠢ᠃ ᠴᠣᠬᠣᠮ ᠬᠡᠳᠦᠢ ᠬᠣᠣᠰ ᠪᠦᠭᠡ ᠭᠡᠰᠡᠨ ᠢ ᠪᠢ ᠰᠣᠨᠣᠰᠴᠤ ᠠᠮᠵᠢᠭ᠌ᠰᠠᠨ ᠦᠭᠡᠢ᠃ ᠣᠢᠷ᠎ᠠ ᠵᠡᠷᠭᠡᠯᠡᠳᠡᠭᠡ ᠬᠥᠮᠥᠰ ᠡᠴᠡ ᠠᠰᠠᠭᠤᠶ᠎ᠠ ᠭᠡᠬᠦ ᠳᠤ ᠮᠢᠨᠤ ᠬᠠᠵᠠᠭᠤ ᠬᠠᠪᠢᠷᠭ᠎ᠠ ᠪᠠᠷ ᠴᠥᠮ ᠣᠲᠣᠭ᠂ ᠬᠠᠩᠭᠢᠨ᠂ ᠡᠵᠡᠨ ᠬᠣᠷᠣᠭ᠎ᠠ ᠪᠠ ᠦᠦᠰᠢᠨ ᠬᠣᠰᠢᠭᠤᠨ ᠤ ᠡᠯ᠎ᠡ ᠭᠠᠵᠠᠷ ᠡᠴᠡ ᠢᠷᠡᠭ᠍ᠰᠡᠨ ᠥᠯᠥ ᠲᠠᠨᠢᠬᠤ ᠬᠥᠮᠥᠰ ᠫᠢᠭ᠋ ᠱᠠᠭ ᠰᠠᠭᠤᠵᠠᠭᠠᠨ᠎ᠠ᠃ ᠲᠡᠳᠡ ᠴᠤ ᠨᠠᠳᠠ ᠲᠠᠢ ᠠᠳᠠᠯᠢ ᠤᠬᠠᠭ᠎ᠠ ᠲᠥᠭᠦᠭᠡ ᠶᠢ ᠨᠢ ᠣᠯᠵᠤ ᠶᠠᠳᠠᠨ᠎ᠠ᠃ ᠲᠦᠮᠡᠨ ᠬᠥᠮᠥᠰ ᠤᠨ ᠳᠤᠮᠳᠠ ᠡᠴᠡ ᠨᠤᠲᠤᠭ ᠤᠨ ᠲᠠᠨᠢᠯ ᠲᠠᠰᠤᠯ ᠬᠥᠮᠥᠨ ᠢ ᠣᠯᠣᠨ᠎ᠠ ᠭᠡᠳᠡᠭ ᠨᠢ ᠠᠮᠠᠷ ᠦᠭᠡᠢ᠃
ᠮᠢᠨᠤ ᠬᠠᠵᠠᠭᠤ ᠳᠠᠬᠢ ᠬᠥᠮᠥᠰ《ᠭᠦᠢ᠂ ᠭᠦᠢ! ᠲᠡᠷᠡ ᠨᠢᠭᠡ ᠨᠢ ᠡᠭᠦᠷᠦᠭ᠍ᠰᠡᠨ ᠪᠣᠯ ᠰᠢᠷᠣᠢᠢᠳᠠᠭᠤᠯᠴᠢᠬᠠᠬᠰᠠᠨ᠃ ᠡᠨᠡ ᠨᠢᠭᠡ ᠨᠢ ᠬᠤᠷᠳᠤᠨ ᠲᠠᠰᠢᠭ᠌ᠰᠠᠨ ᠪᠣᠯ ᠠᠮᠵᠢᠭᠤᠯᠴᠢᠬᠠᠭᠰᠠᠨ》 ᠭᠡᠬᠦ ᠮᠡᠲᠦ ᠪᠠᠷ ᠵᠣᠭᠣᠭ ᠳᠡᠯᠭᠡᠭ᠍ᠳᠡᠨ᠎ᠡ᠃
ᠲᠡᠨᠳᠡ ᠡᠴᠡ ᠪᠠᠰᠠ ᠴᠠᠭᠠᠰᠢᠯᠠᠨ ᠰᠤᠷ ᠬᠠᠷᠪᠤᠯᠲᠠ᠂ ᠠᠯᠠᠭᠠᠳᠠᠬᠤ ᠪᠥᠮᠪᠥᠭᠡ᠂ ᠰᠠᠭᠰᠤᠨ ᠪᠥᠮᠪᠥᠭᠡ ᠶᠢᠨ ᠤᠷᠤᠯᠳᠤᠭᠠᠨ᠁ ᠭᠡᠬᠦ ᠮᠡᠲᠦ ᠤᠷᠤᠯᠳᠤᠭᠠᠨ ᠤ ᠲᠠᠯᠠᠪᠠᠢ ᠨᠤᠭᠤᠳ ᠦᠷᠭᠦᠯᠵᠢᠯᠡᠵᠦ ᠲᠠᠨᠢᠬᠤ᠂ ᠲᠠᠨᠢᠬᠤ ᠦᠭᠡᠢ ᠬᠥᠮᠥᠰ ᠤᠰᠤ ᠨᠡᠪᠲᠡᠷᠡᠬᠦ ᠵᠠᠢ ᠦᠭᠡᠢ ᠰᠢᠬᠠᠯᠴᠠᠨᠠ᠃ ᠪᠢ ᠬᠥᠮᠥᠰ ᠤᠨ ᠳᠤᠮᠳᠠᠭᠤᠷ ᠡᠭᠦᠨ ᠢ ᠦᠵᠡᠵᠦ᠂ ᠲᠡᠭᠦᠨ ᠢ ᠰᠣᠨᠢᠷᠬᠠᠭᠰᠠᠭᠠᠷ ᠪᠠᠢᠲᠠᠯ᠎ᠠ᠂ ᠨᠢᠭᠡ ᠮᠡᠳᠡᠬᠦ ᠳᠤ ᠣᠷᠣᠢ ᠶᠢᠨ ᠬᠣᠭᠣᠯᠠᠨ ᠴᠠᠭ ᠪᠣᠯᠤᠭᠰᠠᠨ ᠪᠠᠢᠯ᠎ᠠ᠃
ᠪᠢ ᠪᠤᠴᠠᠬᠤ ᠵᠠᠮ ᠢᠶᠠᠨ ᠡᠯᠭᠦᠵᠦ᠂ ᠭᠠᠴᠠᠭᠠᠨ ᠤ ᠡᠭᠦᠳᠡᠨ ᠡᠮᠨᠡᠯᠭᠡ ᠶᠢᠨ ᠤᠷᠳᠤᠭᠤᠷ ᠥᠩᠭᠡᠷᠡᠬᠦ ᠭᠡᠬᠦ ᠳᠤ ᠲᠡᠨᠳᠡ ᠪᠥᠭᠡᠮ ᠬᠥᠮᠥᠰ ᠣᠪᠤᠭᠠᠷᠠᠯᠳᠤᠨᠠ᠃ ᠪᠢ ᠳᠥᠬᠥᠵᠦ ᠣᠴᠢᠭ᠌ᠰᠠᠨ ᠴᠢᠨᠢ ᠬᠣᠲᠠ ᠡᠴᠡ ᠢᠷᠡᠭ᠍ᠰᠡᠨ ᠡᠮᠨᠡᠯᠭᠡ ᠶᠢᠨ ᠬᠣᠷᠢᠶ᠎ᠠ ᠶᠢᠨ ᠨᠡᠷ᠎ᠡ ᠶᠢ ᠨᠢ ᠥᠯᠥ ᠮᠡᠳᠡᠬᠦ᠂ ᠨᠢᠭᠤᠷ ᠢ ᠨᠢ ᠲᠠᠨᠢᠮᠠᠷ ᠠᠵᠢᠯ ᠤᠨ ᠴᠠᠭᠠᠨ ᠬᠤᠪᠴᠠᠰᠤ ᠲᠠᠢ ᠡᠮᠴᠢ ᠨᠠᠷ ᠨᠠᠰᠤᠲᠠᠨ ᠪᠤᠭᠤᠷᠤᠯᠴᠤᠳ ᠲᠤ ᠡᠮᠴᠢᠯᠡᠭᠡ ᠬᠢᠵᠦ ᠪᠠᠢᠯ᠎ᠠ᠃ ᠲᠡᠭᠦᠨ ᠤ ᠳᠣᠲᠣᠷ᠎ᠠ ᠡᠴᠡ ᠪᠦᠷᠢᠳᠦ ᠭᠠᠴᠠᠭᠠᠨ ᠳᠤ ᠨᠤᠲᠤᠭ ᠳᠠᠢ ᠲᠠᠨᠢᠯ ᠡᠮᠴᠢ ᠡᠴᠡ᠄
《ᠬᠡᠵᠢᠶ᠎ᠡ ᠢᠷᠠᠪᠠ ᠦᠦ︖ ᠲᠤᠰᠬᠠᠢᠯᠠᠨ ᠨᠠᠭᠠᠳᠤᠮ ᠳᠤ ᠢᠷᠡᠭ᠍ᠰᠡᠨ ᠦᠦ︖》 ᠭᠡᠪᠡᠯ᠄
《ᠲᠡᠢᠢᠮᠦ! ᠨᠠᠭᠠᠳᠤᠮ ᠡᠬᠢᠯᠡᠬᠦ ᠳᠤ ᠢᠷᠡᠭ᠍ᠰᠡᠨ᠃ ᠭᠠᠴᠠᠭᠠᠨ ᠡᠴᠡ ᠲᠤᠰᠬᠠᠢᠯᠠᠨ ᠮᠠᠨᠤᠰ ᠢ ᠨᠠᠭᠠᠳᠤᠮ ᠤᠨ ᠲᠠᠰᠢᠷᠠᠮ ᠢᠶᠠᠷ ᠮᠠᠯᠴᠢᠳ ᠲᠤ ᠦᠨ᠎ᠡ ᠲᠥᠯᠥᠪᠦᠷᠢ ᠦᠭᠡᠢ ᠡᠮᠴᠢᠯᠡᠭᠡ ᠬᠢᠯᠭᠡᠬᠦ ᠪᠠᠷ ᠤᠷᠢᠵᠤ ᠠᠪᠴᠢᠷᠠᠭᠰᠠᠨ ᠶᠤᠮ》 ᠭᠡᠪᠡ᠃
ᠣᠷᠣᠢ ᠶᠢᠨ ᠬᠣᠭᠣᠯᠠᠨ ᠤ ᠳᠠᠷᠠᠭ᠎ᠠ ᠪᠢ ᠪᠠᠢᠷᠢᠨ ᠳᠠᠭᠠᠨ ᠬᠦᠷᠴᠦ ᠪᠠᠭ᠎ᠠ ᠬᠠᠵᠠᠭᠤᠯᠠᠪᠠ ᠭᠡᠰᠡᠨ ᠴᠢᠨᠢ ᠯᠦᠭ ᠰᠦᠭ ᠦᠭᠡᠢ ᠤᠨᠲᠠᠴᠢᠬᠠᠭᠰᠠᠨ ᠪᠠᠢᠯ᠎ᠠ᠃ ᠭᠡᠨᠡᠳᠲᠡ ᠰᠡᠷᠡᠭ᠍ᠰᠡᠨ ᠳᠤ ᠭᠠᠳᠠᠨ᠎ᠠ ᠠᠶᠠᠯᠭᠤ ᠬᠥᠭ᠍ᠵᠢᠮ ᠬᠠᠩᠭᠢᠨᠠᠵᠤ᠂ ᠬᠥᠮᠥᠨ ᠬᠠᠷ᠎ᠠ ᠱᠤᠤᠭᠢᠯᠳᠤᠨ᠎ᠠ᠃
ᠪᠤᠰᠢᠭᠤᠬᠠᠨ ᠪᠣᠰᠣᠭᠠᠳ ᠭᠠᠷᠤᠭᠰᠠᠨ ᠳᠤ ᠦᠵᠡᠭ᠍ᠴᠢᠳ ᠠᠭᠤᠳᠠᠮ ᠲᠠᠯᠠᠪᠠᠢ ᠳᠤ ᠪᠠᠭᠲᠠ ᠶᠠᠳᠠᠮ᠎ᠠ ᠳᠦᠭᠦᠷᠴᠦ ᠦᠳᠡᠰᠢᠯᠡᠭᠡ ᠡᠬᠢᠯᠡᠴᠢᠬᠡᠭ᠍ᠰᠡᠨ ᠪᠠᠢᠯ᠎ᠠ᠃
ᠲᠣᠬᠯᠠᠯᠲᠠ ᠶᠢᠨ ᠲᠠᠢᠰᠠᠨ᠎ᠠ ᠥᠩᠭᠡᠲᠦ ᠳ᠋ᠧᠩ ᠰᠣᠯᠣᠩᠭᠠᠷᠠᠨ ᠡᠷᠭᠢᠯᠳᠦᠵᠦ᠂ ᠣᠶᠤᠨᠪᠢᠯᠢᠭ᠌᠂ ᠮᠥᠩᠭᠦᠨᠴᠡᠴᠡᠭ᠂ ᠮᠡᠷᠭᠡᠨᠪᠠᠭᠠᠲᠤᠷ ᠁ ᠭᠡᠬᠦ ᠨᠡᠷᠡᠲᠦ ᠳᠠᠭᠤᠴᠢᠨ ᠡᠴᠡ ᠠᠪᠤᠭᠠᠳ ᠤᠨᠠᠭᠠᠨ ᠪᠦᠷᠢᠳᠦ ᠤᠷᠠᠯᠢᠭ ᠤᠨ ᠪᠦᠯᠭᠦᠮ᠂ ᠠᠯᠲᠠᠨ ᠠᠶᠠᠰ ᠤᠷᠠᠯᠢᠭ ᠤᠨ ᠪᠦᠯᠭᠦᠮ ᠁ ᠭᠡᠬᠦ ᠮᠡᠲᠦ ᠨᠤᠲᠤᠭ ᠣᠷᠣᠨ ᠤ ᠣᠯᠠᠨ ᠲᠦᠮᠡᠨᠴᠢ ᠠᠵᠢᠯ ᠤᠨ ᠴᠢᠯᠦᠭᠡᠨ ᠤ ᠤᠷᠠᠯᠢᠭ ᠤᠨ ᠪᠦᠯᠭᠦᠮ ᠤᠳ ᠡᠭᠡᠯᠵᠢᠭᠡ ᠪᠠᠷ ᠲᠣᠭᠯᠠᠵᠤ ᠦᠵᠡᠭ᠍ᠴᠢᠳ ᠤᠨ ᠪᠠᠬᠠᠷᠬᠠᠯ ᠢ ᠥᠪᠡᠷ ᠤᠨ ᠡᠷᠬᠡ ᠦᠭᠡᠢ ᠲᠠᠲᠠᠨ᠎ᠠ᠃
ᠳᠠᠷᠠᠭ᠎ᠠ ᠣᠷᠣᠢ ᠨᠢ ᠰᠢᠯᠦᠭ ᠪᠣᠯᠣᠨ ᠳᠠᠭᠤᠤ ᠶᠢᠨ ᠤᠷᠤᠯᠳᠤᠭᠠᠨ ᠶᠠᠪᠤᠭᠳᠠᠪᠠ᠃ ᠪᠦᠭᠦ ᠬᠣᠲᠠ ᠶᠢᠨ ᠡᠯ᠎ᠡ ᠭᠠᠵᠠᠷ ᠡᠴᠡ ᠢᠷᠡᠭ᠍ᠰᠡᠨ ᠬᠥᠭ᠍ᠰᠢᠨ ᠵᠠᠯᠠᠭᠤ ᠡᠷᠡᠭ᠍ᠲᠡᠢ ᠡᠮᠡᠭ᠍ᠲᠡᠢ ᠳᠠᠭᠤᠴᠢᠨ᠂ ᠰᠢᠯᠦᠭ᠍ᠴᠢᠨ ᠳᠠᠭᠤᠯᠠᠵᠤ ᠤᠶᠠᠩᠭᠠᠯᠠᠨ ᠪᠦᠷᠢᠳᠦ ᠨᠤᠲᠤᠭ ᠲᠤ ᠥᠩᠭᠡ ᠪᠤᠳᠤᠭ ᠨᠡᠮᠡᠷᠢᠯᠡᠨ᠎ᠡ᠃
ᠨᠠᠭᠠᠳᠤᠮ ᠰᠢᠪᠲᠤᠷᠠᠭᠠᠨ ᠳᠠᠭᠠᠨ ᠣᠷᠣᠵᠤ᠂ ᠬᠠᠮᠤᠭ ᠰᠡᠭᠦᠯᠴᠢ ᠶᠢᠨ ᠡᠳᠦᠷ ᠪᠤᠯᠬᠤ ᠳᠤ ᠳᠣᠯᠣᠭᠠᠨ ᠮᠠᠯᠵᠢᠯ ᠤᠨ ᠬᠣᠷᠰᠢᠶ᠎ᠠ᠂ ᠨᠢᠭᠡ ᠲᠣᠭᠣᠷᠢᠭ ᠤᠨ ᠳᠠᠯ᠎ᠠ ᠨᠠᠶᠠ ᠭᠦᠷᠦᠭ᠍ᠰᠡᠨ ᠨᠠᠰᠤᠲᠠᠢᠴᠤᠳ ᠡᠴᠡ ᠠᠪᠤᠭᠠᠳ ᠢᠳᠡᠷ ᠵᠠᠯᠠᠭᠤᠴᠤᠳ ᠢᠶᠠᠷ ᠪᠦᠷᠢᠯᠳᠦᠭ᠍ᠰᠡᠨ ᠮᠠᠯᠴᠢᠨ ᠲᠠᠷᠢᠶᠠᠴᠢᠨ ᠤ ᠬᠠᠮᠲᠤ ᠶᠢᠨ ᠳᠠᠭᠤᠤ ᠶᠢᠨ ᠮᠥᠷᠥᠢᠴᠡᠭᠡᠨ ᠪᠣᠯᠣᠨ ᠡᠵᠡᠨ ᠬᠣᠷᠣᠭ᠎ᠠ ᠬᠣᠰᠢᠭᠤᠨ ᠤ ᠤᠷᠠᠯᠢᠭ ᠤᠨ ᠪᠦᠯᠭᠦᠮ ᠤᠨ ᠲᠣᠬᠯᠠᠯᠲᠠ ᠵᠢᠴᠢ ᠡᠯ᠎ᠡ ᠵᠦᠢᠯ ᠤᠨ ᠤᠷᠤᠯᠳᠤᠭᠠᠨ ᠤ ᠱᠠᠩᠨᠠᠯ ᠬᠥᠬᠢᠭᠦᠯᠦᠯ ᠥᠷᠭᠡᠨ ᠣᠯᠠᠨ ᠦᠵᠡᠭ᠍ᠴᠢ ᠶᠢᠨ ᠨᠢᠵᠢᠭᠢᠨᠡᠲᠡᠯ᠎ᠡ ᠠᠯᠠᠭ᠎ᠠ ᠲᠡᠰᠢᠯᠲᠡ ᠶᠢᠨ ᠳᠤᠮᠳᠠ ᠪᠦᠬᠦᠯᠢ ᠭᠤᠷᠪᠠᠨ ᠡᠳᠦᠷ ᠤᠨ ᠨᠠᠭᠠᠳᠤᠮ ᠭᠦᠷ ᠬᠥᠭ᠍ᠵᠢᠭᠡᠨ ᠲᠠᠢ ᠥᠨᠳᠥᠷᠯᠡᠪᠡ᠃
ᠡᠨᠡ ᠨᠠᠭᠠᠳᠤᠮ ᠡ᠊ᠩ ᠤᠨ ᠨᠢᠭᠡᠨ ᠲᠣᠭᠯᠠᠭᠠᠮ ᠨᠠᠭᠠᠳᠤᠮ ᠪᠢᠰᠢ᠂ ᠪᠦᠷᠢᠳᠦ ᠭᠠᠴᠠᠭᠠᠨ ᠤ ᠰᠢᠨ᠎ᠡ ᠨᠢᠭᠡᠨ ᠡᠭᠡᠯᠵᠢ ᠶᠢᠨ ᠨᠠᠮ ᠤᠨ ᠡᠭᠦᠷ ᠠᠷᠠᠳ ᠤᠨ ᠵᠥᠪᠯᠡᠯ ᠤᠨ ᠠᠵᠢᠯ ᠤᠨ ᠡᠭᠢᠯᠡᠯᠲᠡ᠃ ᠡᠨᠡ ᠨᠠᠭᠠᠳᠤᠮ ᠵᠥᠪᠭᠡᠨ ᠨᠢᠭᠡᠨ ᠭᠠᠴᠠᠭᠠᠨ ᠤ ᠬᠥᠭ᠍ᠵᠢᠯ ᠬᠤᠪᠢᠷᠠᠯ ᠢ ᠭᠠᠢᠬᠠᠭᠤᠯᠤᠭᠰᠠᠨ ᠨᠠᠭᠠᠳᠤᠮ ᠪᠢᠰᠢ᠂ ᠬᠠᠷᠢᠨ ᠪᠦᠭᠦ ᠤᠯᠤᠰ᠂ ᠪᠦᠭᠦ ᠣᠷᠣᠨ ᠤ ᠬᠥᠳᠡᠭᠡ ᠲᠣᠰᠬᠤᠨ᠂ ᠮᠠᠯᠵᠢᠬᠤ ᠣᠷᠣᠨ ᠤ ᠬᠥᠭ᠍ᠵᠢᠯ ᠪᠠᠳᠠᠷᠠᠯ ᠢ ᠲᠤᠰᠬᠠᠭᠰᠠᠨ ᠨᠠᠭᠠᠳᠤᠮ ᠪᠣᠯᠣᠯ᠎ᠠ᠃
(ᠬᠤ· ᠠᠮᠤᠷᠪᠤᠶᠠᠨ)
