ᠬᠡᠷ ᠬᠡᠵᠤ ᠳᠠᠯ᠎ᠠ ᠪᠠᠶᠢᠯ᠎ᠠ
ᠳᠠᠯ᠎ᠠ ᠢᠢᠨ ᠢᠶᠠᠨ ᠴᠡᠴᠡᠭ ᠢ ᠦᠨᠦᠰᠦᠨ
ᠳᠠᠤᠯᠠᠢ ᠰᠢᠤᠬᠠᠨ ᠬᠤᠷᠭᠤᠳᠠᠭᠰᠠᠨ ᠴᠤ
ᠳᠠᠭᠠᠳᠠᠢ ᠳᠠᠶᠢᠪᠤᠩ ᠰᠠᠨᠠᠭᠳᠠᠨ᠎ᠠ
ᠬᠡᠷ ᠬᠡᠵᠤ ᠬᠦᠳᠡᠭᠡ ᠪᠠᠶᠢᠯ᠎ᠠ
ᠬᠦᠳᠡᠭᠡ ᠢᠢᠨ ᠢᠶᠠᠨ ᠬᠦᠬᠡ ᠬᠠᠷᠭᠠᠨ᠎ᠠ ᠳᠤ
ᠬᠦᠯ ᠢᠶᠠᠨ ᠵᠢᠭᠢᠵᠤ ᠬᠡᠪᠳᠡᠭ᠍ᠰᠡᠨ ᠴᠤ
ᠬᠦᠬᠡᠯᠳᠡᠢ ᠰᠠᠶᠢᠬᠠᠨ ᠰᠠᠨᠠᠭᠳᠠᠨ᠎ᠠ
ᠬᠡᠷ ᠬᠡᠵᠤ ᠨᠠᠭᠤᠷ ᠪᠠᠶᠢᠯ᠎ᠠ
ᠨᠠᠭᠤᠷ ᠤᠨ ᠢᠶᠠᠨ ᠬᠦᠬᠡᠮᠳᠦᠭ ᠤᠰᠤᠨ ᠳᠤ
ᠨᠤᠭᠤᠭᠠᠨ ᠮᠡᠯᠡᠬᠡᠢ ᠰᠢᠭ ᠳᠤᠭᠯᠠᠭᠰᠠᠨ ᠴᠤ
ᠨᠠᠭᠤᠢ ᠴᠡᠩᠬᠡᠯᠳᠡᠢ ᠰᠠᠨᠠᠭᠳᠠᠨ᠎ᠠ
ᠬᠡᠷ ᠬᠡᠵᠤ ᠪᠦᠮᠪᠦᠷᠴᠡᠭ ᠪᠠᠶᠢᠯ᠎ᠠ
ᠪᠦᠮᠪᠦᠷᠴᠡᠭ ᠤᠨ ᠢᠶᠠᠨ ᠳᠤᠷᠭᠠᠨ ᠬᠦᠢᠰᠤᠨ ᠳᠤ
ᠪᠦᠳᠦᠨ᠎ᠡ ᠭᠤᠷᠭᠤᠤᠯ ᠰᠢᠭ ᠡᠷᠬᠡᠯᠡᠭ᠍ᠰᠡᠨ ᠴᠤ
ᠪᠦᠮᠪᠦᠷᠠᠢ ᠬᠤᠩᠭᠤᠷᠬᠠᠨ ᠰᠠᠨᠠᠭᠳᠠᠨ᠎ᠠ
ᠬᠡᠷ ᠬᠡᠵᠤ ᠳᠡᠯᠡᠬᠡᠢ ᠪᠠᠶᠢᠯ᠎ᠠ
ᠳᠡᠯᠡᠬᠡᠢ ᠢᠢᠨ ᠢᠶᠠᠨ ᠪᠤᠷᠤ ᠳᠤᠭᠤᠰᠤᠨ ᠳᠤ
ᠳᠡᠭᠡᠩ ᠳᠤᠭᠤᠩ ᠠᠯᠬᠤᠯᠠᠭᠰᠠᠨ ᠴᠤ
ᠳᠡᠬᠡᠬᠡ ᠭᠤᠬ᠎ᠠ ᠦᠬᠡᠢ ᠰᠠᠨᠠᠭᠳᠠᠨ᠎ᠠ
ᠬᠡᠷ ᠲᠠᠢ ᠵᠠᠶᠠᠭᠠᠭᠰᠠᠨ ᠳᠠᠭᠠᠨ ᠪᠢ
ᠬᠡᠳᠡᠭᠡᠷ ᠪᠠᠷᠳᠠᠮ ᠠᠮᠢᠰᠬᠤᠯᠯᠠᠨ᠎ᠠ
ᠬᠡᠷ ᠢᠶᠠᠨ ᠬᠡᠬᠡᠭ᠍ᠰᠡᠨ ᠦᠬᠡᠢ ᠪᠤᠯᠬᠤᠷ
ᠬᠡᠨ ᠠᠴᠠ ᠴᠤ ᠪᠠᠶᠠᠨ ᠵᠢᠷᠭᠠᠨ᠎ᠠ