2024 ᠤᠨ ᠤ 8 ᠰᠠᠷ᠎ᠠ ᠵᠢᠨ 6 ᠤ ᠡᠳᠦᠷ ᠤᠨ ᠰᠦᠨᠢ ᠵᠢᠨ 9 ᠴᠠᠭ ᠲᠤ ᠤᠷᠳᠤᠰ ᠬᠤᠲᠠ ᠵᠢᠨ ᠤᠲᠤᠭ ᠬᠤᠰᠢᠭᠤᠨ ᠤ ᠤᠯᠠᠭᠠᠨ ᠪᠠᠯᠭᠠᠰᠤᠨ ᠤ ᠤᠯᠠᠭᠠᠠᠲᠤᠭ ᠭᠠᠴᠠᠭᠠᠨ ᠤ ᠮᠠᠯᠴᠢᠨ ᠵᠢᠷᠠᠨᠨᠠᠶᠢᠮᠠ ᠵᠢᠨ ᠳ᠋ᠤ ᠤᠯᠠᠨ ᠴᠤ ᠬᠦᠮᠦᠨ ᠤ ᠰᠡᠳᠬᠢᠯ ᠢ ᠲᠤᠭᠳᠤᠯᠤᠭᠤᠯᠤᠭᠰᠠᠨ ᠪᠠᠶᠠᠷᠲᠤ ᠠᠭᠤᠯᠵᠠᠯᠲᠠ ᠪᠤᠯᠵᠤ᠂ ᠬᠤᠷᠠᠨ ᠴᠤᠭᠯᠠᠷᠠᠭᠰᠠᠨ ᠪᠦᠬᠦᠳᠡ ᠵᠢᠨ ᠨᠢᠳᠤᠨ ᠳ᠋ᠤ ᠵᠠᠶᠢᠷ ᠬᠦᠶᠦᠵᠤ ᠪᠠᠶᠢᠯ᠎ᠠ᠃ ᠶᠠᠭᠤ ᠬᠢᠭᠰᠡᠨ ᠶᠠᠮᠠᠷ ᠬᠦᠮᠦᠰ ᠠᠭᠤᠯᠵᠠᠭᠠᠳ ᠢᠨᠭᠭᠢᠵᠤ ᠶᠡᠬᠡ ᠪᠡᠷ ᠤᠶᠠᠷᠠᠨ ᠤᠬᠢᠯᠠᠬᠤ ᠵᠢᠨ ᠲᠤᠬᠠᠢ ᠨᠠᠷᠢᠪᠴᠢᠯᠠᠪᠠᠰᠤ᠂ ᠠᠯᠤᠰ ᠲᠡᠷᠲᠡᠬᠡᠬᠢ 44 ᠵᠢᠯ ᠤᠨ ᠡᠮᠦᠨᠡᠬᠢ ᠰᠠᠨᠠᠮᠰᠠᠷ ᠦᠭᠡᠢ ᠨᠢᠬᠡᠨ ᠲᠤᠬᠢᠶᠠᠯᠳᠤᠯ ᠳ᠋ᠤ ᠦᠯᠥ ᠲᠠᠨᠢᠯᠴᠠᠬᠤ ᠬᠤᠶᠠᠷ ᠬᠦᠮᠦᠨ ᠨᠢᠬᠡ ᠨᠢᠬᠡᠨ ᠵᠢᠡᠨ ᠠᠪᠤᠷᠠᠨ ᠲᠤᠰᠠᠯᠠᠵᠤ ᠦᠨᠭᠬᠡᠷᠡᠭᠡᠳ᠂ ᠲᠠᠬᠢᠵᠤ ᠤᠭᠲᠤ ᠤᠴᠠᠷᠠᠵᠤ ᠠᠭᠤᠯᠵᠠᠯ ᠦᠭᠡᠢ ᠶᠠᠪᠤᠭᠠᠳ ᠦᠨᠦᠳᠦᠷ ᠠᠶᠢᠮᠠᠭ ᠳᠠᠮᠵᠢᠨ ᠬᠤᠰᠢᠭᠤ ᠳᠠᠮᠨᠠᠵᠤ 1600 ᠭᠠᠷᠤᠢ ᠭᠠᠵᠠᠷ ᠤᠨ ᠵᠠᠮ ᠢ ᠵᠠᠮᠨᠠᠨ ᠪᠠᠶᠢᠵᠤ ᠨᠢᠬᠡ ᠨᠢ ᠨᠦᠬᠦᠭᠡ ᠪᠡᠨ ᠦᠵᠡᠬᠦ ᠪᠡᠷ ᠢᠷᠡᠵᠤ ᠪᠠᠶᠢᠭ᠎ᠠ ᠨᠢ ᠡᠨᠡ ᠠᠵᠢ᠃ ᠲᠡᠭᠡᠪᠡᠯ 44 ᠵᠢᠯ ᠤᠨ ᠡᠮᠦᠨ᠎ᠡ ᠶᠠᠮᠠᠷ ᠤᠴᠢᠷ ᠲᠤᠬᠢᠶᠠᠯᠳᠤᠪᠠ︖
1980 ᠤᠨ ᠤ ᠨᠠᠮᠤᠷ᠂ ᠰᠢᠯᠢ ᠵᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤᠨ ᠤ ᠪᠠᠶᠠᠠᠨᠠᠭᠤᠷ ᠪᠠᠯᠭᠠᠰᠤᠨ ᠤ ᠪᠠᠶᠠᠨᠳᠡᠯᠬᠡᠷ ᠭᠠᠴᠠᠭ᠎ᠠ ᠪᠡᠷ ᠨᠤᠲᠤᠭ ᠲᠠᠢ ᠦᠯᠵᠡᠢ ᠬᠡᠭᠴᠢ ᠬᠦᠮᠦᠨ ᠪᠠᠮᠪᠠᠢ ᠪᠤᠯᠴᠢᠷᠬᠠᠢ ᠵᠢᠨ ᠦᠷᠪᠢᠰᠦᠯ ᠳ᠋ᠤ ᠨᠡᠷᠪᠡᠭᠳᠡᠨ᠂ ᠡᠨᠡ ᠨᠢ ᠤᠯᠠᠮ ᠬᠦᠴᠦ ᠠᠪᠤᠨ ᠲᠡᠯᠡᠭᠰᠡᠭᠡᠷ ᠪᠠᠶᠢᠵᠤ ᠮᠡᠰᠡ ᠵᠠᠰᠠᠯ ᠬᠢᠬᠦ ᠬᠡᠮᠵᠢᠶᠡᠨ ᠳ᠋ᠤ ᠬᠦᠷᠦᠭᠡᠳ ᠠᠷᠭ᠎ᠠ ᠪᠤᠰᠤ ᠬᠦᠬᠡᠬᠤᠳᠠ ᠤᠷᠤᠵᠤ᠂ ᠦᠪᠦᠷ ᠮᠤᠨᠭᠭᠤᠯ ᠤᠨ ᠡᠮᠨᠡᠯᠬᠡ ᠵᠢᠨ ᠶᠡᠭᠡ ᠰᠤᠷᠭᠠᠭᠤᠯᠢ ᠵᠢᠨ ᠬᠠᠷᠢᠶᠠᠲᠤ ᠡᠮᠨᠡᠯᠬᠡ ᠵᠢᠨ ᠬᠤᠷᠢᠶ᠎ᠠ ᠶ᠋ᠢ ᠵᠤᠷᠢᠵᠠᠢ᠃ ᠲᠡᠬᠡᠬᠦ ᠳ᠋ᠤ ᠦᠯᠵᠡᠢ ᠶᠠᠭ ᠰᠠᠶᠢᠬᠠᠨ 20 ᠨᠠᠰᠤᠲᠠᠢ ᠪᠠᠶᠢᠯ᠎ᠠ᠃ ᠶᠠᠭ ᠡᠨᠡ ᠴᠠᠭ ᠵᠢᠡᠷ ᠤᠤᠯ ᠤᠨ ᠶᠡᠭᠡ ᠵᠤᠤ ᠠᠶᠢᠮᠠᠭ ᠤᠨ ᠤᠲᠤᠭ ᠬᠤᠰᠢᠭᠤᠨ ᠤ ᠰᠦᠮᠡᠲᠤ ᠰᠤᠮᠤ ᠪᠡᠷ ᠨᠤᠲᠤᠭ ᠲᠠᠢ ᠵᠢᠷᠠᠨᠨᠠᠶᠢᠮᠠ ᠬᠡᠭᠴᠢ ᠬᠦᠮᠦᠨ ᠬᠦᠯ ᠤᠨ ᠶᠠᠰᠤ ᠨᠢ ᠪᠡᠷᠲᠡᠭᠡᠳ ᠪᠠᠰᠠ ᠡᠨᠡ ᠡᠮᠨᠡᠯᠬᠡ ᠵᠢᠨ ᠬᠤᠷᠢᠶ᠎ᠠ ᠶ᠋ᠢ ᠵᠤᠷᠢᠵᠤ ᠢᠷᠡᠭᠰᠡᠨ ᠪᠠᠶᠢᠨ᠎ᠠ᠃ ᠵᠢᠷᠠᠨᠨᠠᠶᠢᠮᠠ ᠲᠡᠷᠡ ᠵᠢᠯ 18 ᠬᠦᠷᠦᠭᠰᠡᠨ ᠵᠠᠯᠠᠭᠤ ᠪᠠᠶᠢᠪᠠ᠃ ᠤᠷᠤᠨ ᠤ ᠲᠦᠪ ᠤᠷᠤᠵᠤ ᠶᠡᠭᠡ ᠬᠤᠲᠠ ᠵᠢᠨ ᠱᠤᠤᠬᠢᠶᠠᠨ ᠢ ᠦᠵᠡᠬᠦ ᠶ᠋ᠢ ᠪᠤᠤ ᠬᠡᠯᠡ ᠬᠤᠰᠢᠭᠤᠨ ᠲᠦᠪ ᠵᠢᠡᠷ ᠴᠤ ᠳᠡᠮᠡᠢ ᠶᠠᠪᠤᠵᠤ ᠦᠵᠡᠬᠡ ᠦᠭᠡᠢ ᠪᠠᠶᠢᠭᠰᠠᠨ ᠬᠤᠶᠠᠷ ᠬᠦᠮᠦᠨ ᠡᠮᠨᠡᠯᠬᠡ ᠵᠢᠨ ᠬᠤᠷᠢᠶᠠᠨ ᠤ ᠭᠤᠳᠤᠮᠵᠢ ᠪᠡᠷ ᠮᠡᠰᠡ ᠵᠠᠰᠠᠯ ᠬᠢᠬᠦ ᠡᠳᠦᠷ ᠵᠢᠡᠨ ᠬᠦᠯᠢᠶᠡᠬᠦ ᠵᠠᠭᠤᠷ᠎ᠠ ᠦᠬᠡ ᠬᠡᠯᠡ ᠤᠯᠤᠯᠴᠠᠬᠤ ᠦᠭᠡᠢ ᠵᠢᠨ ᠭᠠᠢ ᠶ᠋ᠢ ᠬᠠᠰᠢᠷᠠᠲᠠᠯ᠎ᠠ ᠠᠮᠰᠠᠵᠠᠢ᠂ ᠬᠠᠷᠢᠨ ᠰᠠᠨᠠᠭᠠᠨ ᠳ᠋ᠤ ᠲᠤᠬᠢᠶᠠᠯᠳᠤᠯ ᠵᠢᠡᠷ ᠡᠨᠡ ᠬᠤᠶᠠᠭᠤᠯᠠ ᠨᠢᠬᠡ ᠨᠢᠬᠡ ᠪᠡᠨ ᠮᠤᠨᠭᠭᠤᠯ ᠬᠦᠮᠦᠨ ᠮᠦᠨ ᠬᠡᠮᠡᠨ ᠮᠡᠳᠡᠯᠴᠡᠵᠤ᠂ ᠶᠠᠭᠤ ᠴᠤ ᠬᠡᠰᠡᠨ ᠠᠮᠠ ᠬᠠᠮᠠᠷ ᠵᠢᠡᠨ ᠤᠯᠤᠯᠴᠠᠵᠤ᠂ ᠠᠮᠤᠷ ᠮᠡᠨᠳᠦ ᠪᠡᠨ ᠠᠰᠠᠭᠤᠯᠴᠠᠨ᠂ ᠨᠤᠲᠤᠭ ᠤᠰᠤ ᠪᠡᠨ ᠮᠡᠳᠡᠯᠴᠡᠵᠤ ᠨᠠᠶᠢᠵᠠᠯᠠᠵᠠᠢ᠃
ᠡᠡᠭ ᠤᠨ ᠴᠠᠭ ᠲᠤ ᠪᠠᠶᠢᠭᠰᠠᠨ ᠪᠤᠯ ᠡᠨᠡ ᠬᠤᠶᠠᠷ ᠤᠨ ᠨᠠᠶᠢᠵᠠᠯᠠᠯᠴᠠᠯ ᠢᠨᠭᠭᠢᠭᠡᠳ ᠦᠨᠭᠬᠡᠷᠡᠵᠦ ᠮᠡᠳᠡᠬᠦ ᠪᠠᠶᠢᠭᠰᠠᠨ ᠪᠤᠯᠪᠠᠴᠤ ᠡᠮᠨᠡᠯᠬᠡ ᠵᠢᠨ ᠬᠤᠷᠢᠶᠠᠨ ᠳ᠋ᠤ ᠡᠮᠬᠡᠭ ᠲᠤ ᠪᠠᠷᠢᠭᠳᠠᠨ ᠰᠠᠭᠤᠭ᠎ᠠ ᠵᠢᠨ ᠵᠤᠪᠠᠯᠠᠡᠭ ᠵᠢᠡᠷ ᠨᠢᠬᠡ ᠨᠢᠬᠡᠨ ᠤ ᠪᠡᠨ ᠵᠤᠯ ᠪᠤᠰᠤ ᠶᠠᠪᠤᠳᠠᠯ ᠳ᠋ᠤ ᠤᠯᠠᠮ ᠴᠤ ᠡᠨᠡᠷᠢᠬᠦ ᠬᠠᠶᠢᠷᠠᠯᠠᠬᠤ ᠵᠢᠨ ᠰᠡᠳᠬᠢᠯ ᠲᠦᠷᠦᠵᠡᠢ᠃ ᠬᠡᠪᠡᠴᠤ ᠦᠯᠵᠡᠢ ᠮᠡᠰᠡ ᠵᠠᠰᠠᠯ ᠬᠢᠬᠦ ᠡᠴᠡ ᠡᠮᠦᠨ᠎ᠡ ᠡᠳᠦᠷ ᠨᠢ ᠪᠦᠬᠦ ᠪᠡᠶ᠎ᠡ ᠵᠢᠨ ᠪᠠᠶᠢᠴᠠᠭᠠᠯᠲᠠ ᠬᠢᠭᠡᠳ ᠴᠢᠰᠤᠨ ᠲᠠᠷᠤᠯᠲᠠ ᠭᠡᠲᠤ ᠦᠨᠳᠦᠷ ᠡᠴᠡ ᠪᠤᠯᠵᠤ ᠡᠨᠡ ᠵᠢᠯ ᠮᠡᠰᠡ ᠵᠠᠰᠠᠯ ᠬᠢᠬᠦ ᠪᠤᠯᠤᠮᠵᠢ ᠦᠭᠡᠢ ᠪᠤᠯᠵᠠᠢ᠃ ᠲᠡᠭᠡᠭᠡᠳ ᠦᠯᠵᠡᠢ ᠨᠢᠬᠡ ᠵᠢᠯ ᠤᠨ ᠬᠤᠭᠤᠴᠠᠭᠠᠨ ᠳ᠋ᠤ ᠪᠡᠶ᠎ᠡ ᠪᠡᠨ ᠰᠠᠶᠢᠨ ᠰᠤᠪᠢᠯᠠᠵᠤ ᠪᠠᠶᠢᠭᠠᠳ ᠲᠠᠷᠠᠭ᠎ᠠ ᠵᠢᠯ ᠨᠢ ᠳᠠᠬᠢᠨ ᠢᠷᠡᠬᠦ ᠪᠡᠷ ᠪᠤᠯᠵᠠᠢ᠃ ᠬᠠᠷᠢᠨ ᠵᠢᠷᠠᠨᠨᠠᠶᠢᠮᠠ ᠮᠡᠰᠡ ᠵᠠᠰᠠᠯ ᠬᠢᠬᠦ ᠪᠡᠷ ᠪᠤᠯᠤᠭᠰᠠᠨ ᠴᠤ ᠠᠷᠤ ᠭᠡᠷ ᠡᠴᠡ ᠨᠢ ᠡᠮᠨᠡᠯᠬᠡ ᠵᠢᠨ ᠵᠠᠷᠤᠳᠠᠯ ᠮᠦᠨᠭᠭᠦ ᠶ᠋ᠢ ᠨᠢ ᠢᠷᠡᠬᠦᠯᠵᠤ ᠴᠢᠳᠠᠭ᠎ᠠ ᠦᠭᠡᠢ ᠪᠠᠶᠢᠪᠠ᠃ ︽ᠵᠤᠭᠤᠰ ᠦᠭᠡᠢ ᠪᠤᠯ ᠵᠤᠭᠰᠤᠭ᠎ᠠ ᠶ᠋ᠢᠷᠲᠢᠨᠴᠤ︾ᠬᠡᠭᠴᠢ ᠪᠡᠷ ᠮᠡᠰᠡ ᠵᠠᠰᠠᠯ ᠬᠢᠬᠦ ᠵᠠᠷᠤᠳᠠᠯ ᠵᠢᠡᠨ ᠲᠦᠯᠥᠵᠤ ᠴᠢᠳᠠᠬᠤ ᠦᠭᠡᠢ ᠪᠤᠯ ᠪᠠᠰᠠ ᠯᠠ ᠠᠷᠭ᠎ᠠ ᠪᠤᠰᠤ ᠪᠤᠴᠠᠬᠤ ᠬᠡᠷᠡᠭ᠃ ᠦᠯᠵᠡᠢ ᠶ᠋ᠢ ᠡᠨᠡ ᠵᠢᠯ ᠮᠡᠰᠡ ᠵᠠᠰᠠᠯ ᠬᠢᠬᠦ ᠪᠤᠯᠤᠮᠵᠢ ᠦᠭᠡᠢ ᠪᠤᠯᠤᠭᠰᠠᠨ ᠢ ᠮᠡᠳᠡᠭᠰᠡᠨ ᠵᠢᠷᠠᠨᠨᠠᠶᠢᠮᠠ ᠦᠴᠦᠬᠡᠳᠦᠷᠬᠡᠨ ᠲᠠᠨᠢᠯᠴᠠᠭᠰᠠᠨ ᠡᠨᠡ ᠬᠦᠮᠦᠨ ᠳ᠋ᠤ ᠠᠷᠭ᠎ᠠ ᠪᠤᠰᠤ ᠠᠮᠠ ᠨᠡᠬᠡᠬᠡᠵᠤ ᠵᠤᠭᠤᠰ ᠵᠢᠡᠨ ᠵᠢᠬᠡᠯᠡᠬᠦᠯᠵᠤ ᠦᠭᠴᠤ ᠴᠢᠳᠠᠨ᠎ᠠ ᠤᠤ ᠬᠡᠮᠡᠨ ᠠᠰᠠᠭᠤᠵᠠᠢ᠃ ᠲᠠᠯ᠎ᠠ ᠰᠢᠭ ᠵᠢᠡᠨ ᠠᠭᠤᠵᠢᠮ ᠰᠡᠳᠬᠢᠯ ᠲᠠᠢ ᠦᠯᠵᠡᠢ ᠡᠨᠡ ᠦᠶ᠎ᠡ ᠳ᠋ᠤ᠄︽ᠪᠢ ᠨᠢᠬᠡᠨᠲᠡ ᠡᠨᠡ ᠵᠢᠯ ᠮᠡᠰᠡ ᠵᠠᠰᠠᠯ ᠬᠢᠯᠬᠡᠵᠤ ᠴᠢᠳᠠᠬᠤ ᠦᠭᠡᠢ ᠪᠤᠯᠤᠭᠰᠠᠨ ᠶᠤᠮ ᠴᠢᠨᠢ ᠡᠨᠡ ᠵᠤᠭᠤᠰ ᠵᠢᠡᠨ ᠵᠢᠷᠠᠨᠨᠠᠶᠢᠮᠠ ᠳ᠋ᠤ ᠵᠢᠬᠡᠯᠡᠬᠦᠯᠥᠶᠡ᠂ ᠲᠡᠷᠡ ᠬᠦᠮᠦᠨ ᠬᠦᠭᠡᠷᠦᠬᠦᠢ᠂ ᠵᠤᠭᠤᠰ ᠦᠭᠡᠢ ᠵᠢᠡᠨ ᠭᠠᠢ ᠪᠡᠷ ᠪᠤᠤ ᠯᠠ ᠬᠠᠷᠠᠮᠰᠠᠯ ᠦᠯᠡᠳᠡᠭᠡᠴᠢᠬᠡ︾ᠬᠡᠮᠡᠨ ᠪᠤᠳᠤᠵᠤ᠂ ᠠᠬ᠎ᠠ ᠪᠡᠷᠬᠡᠨ ᠲᠠᠢ ᠪᠡᠨ ᠵᠦᠪᠳᠡᠭᠡᠳ 300 ᠲᠦᠬᠦᠷᠢᠭ ᠵᠢᠡᠨ ᠵᠢᠷᠠᠨᠨᠠᠶᠢᠮᠠ ᠳ᠋ᠤ ᠦᠭᠴᠡᠢ᠃ ᠵᠢᠷᠠᠨᠨᠠᠶᠢᠮᠠ ᠵᠢᠨ ᠮᠡᠰᠡ ᠵᠠᠰᠠᠯ ᠠᠮᠵᠢᠯᠲᠠ ᠲᠠᠢ ᠶᠠᠪᠤᠭᠳᠠᠪᠠ᠂ ᠦᠯᠵᠡᠢ ᠨᠢ ᠲᠠᠷᠠᠭ᠎ᠠ ᠵᠢᠯ ᠳᠠᠬᠢᠨ ᠢᠷᠡᠬᠦ ᠪᠡᠷ ᠪᠤᠯᠵᠤ᠂ ᠡᠨᠡ ᠬᠤᠶᠠᠭᠤᠯᠠ ᠪᠡᠨ ᠲᠤᠷᠠᠰᠬᠠᠯ ᠪᠤᠯᠭᠠᠵᠤ ᠬᠠᠮᠲᠤ ᠪᠡᠷ ᠨᠢᠬᠡ ᠰᠡᠬᠦᠳᠡᠷ ᠲᠠᠲᠠᠭᠤᠯᠤᠭᠠᠳ ᠬᠡᠷ ᠬᠡᠷ ᠦᠬᠡᠳᠡ ᠪᠡᠨ ᠪᠤᠴᠠᠪᠠ᠃ ᠵᠢᠷᠠᠨᠨᠠᠶᠢᠮᠠ ᠵᠢᠨ ᠰᠡᠳᠬᠢᠯ ᠳ᠋ᠤ ᠦᠯᠵᠡᠢ ᠠᠬ᠎ᠠ ᠨᠢ ᠲᠡᠭᠦᠨ ᠢ ᠬᠠᠮᠤᠭ ᠤᠨ ᠬᠦᠨᠳᠦ ᠦᠶ᠎ᠡ ᠳ᠋ᠤ ᠲᠤᠰᠠᠯᠠᠭᠰᠠᠨ ᠶᠡᠭᠡ ᠠᠴᠢᠳᠠᠨ ᠪᠤᠯᠵᠤ᠂ ᠬᠠᠷᠢᠵᠤ ᠢᠷᠡᠭᠰᠡᠨ ᠤ ᠰᠡᠬᠦᠯᠡᠷ ᠠᠶᠢᠯ ᠠᠶᠢᠮᠠᠭ᠂ ᠲᠦᠷᠦᠯ ᠰᠠᠳᠤᠨ᠂ ᠨᠠᠶᠢᠵᠠ ᠨᠦᠬᠦᠳ ᠳ᠋ᠡᠬᠡᠨ ᠡᠨᠡᠬᠦ ᠤᠴᠠᠷᠠᠯ ᠲᠤᠬᠢᠶᠠᠯᠳᠤᠯ ᠵᠢᠡᠨ ᠬᠡᠯᠡᠵᠤ ᠶᠠᠪᠤᠵᠠᠢ᠂ ᠬᠡᠪᠡᠴᠤ ᠲᠤᠬᠠᠢ ᠵᠢᠨ ᠦᠶ᠎ᠡ ᠳ᠋ᠤ ᠴᠢᠮᠡᠬᠡ ᠬᠤᠯᠪᠤᠭ᠎ᠠ ᠠᠪᠬᠤ ᠭᠡᠭᠴᠢ ᠶᠡᠭᠡ ᠬᠦᠴᠢᠷ ᠪᠠᠶᠢᠵᠤ᠂ ᠭᠠᠷ ᠤᠲᠠᠰᠤ᠂ ᠬᠠᠷᠢᠯᠴᠠᠭᠤᠷ ᠡᠨᠡ ᠲᠠᠷᠡ ᠪᠠᠶᠢᠬᠤ ᠦᠭᠡᠢ ᠪᠤᠯᠬᠤᠷ ᠵᠦᠪᠬᠡᠨ ᠬᠠᠶᠠ ᠨᠢᠬᠡ ᠬᠤᠶᠠᠷ ᠤᠳᠠᠭ᠎ᠠ ᠵᠠᠬᠢᠳᠠᠯ ᠵᠢᠡᠷ ᠬᠤᠭᠤᠷᠤᠨᠳᠤ ᠪᠡᠨ ᠬᠠᠷᠢᠯᠴᠠᠵᠤ ᠪᠠᠶᠢᠵᠠᠢ᠂ ᠰᠡᠬᠦᠯ ᠳ᠋ᠤ ᠨᠢ ᠵᠢᠷᠠᠨᠨᠠᠶᠢᠮᠠ ᠨᠤᠲᠤᠭ ᠰᠢᠯᠵᠢᠭᠰᠡᠨ ᠪᠤᠯᠬᠤᠷ ᠡᠨᠡᠬᠦ ᠬᠤᠯᠪᠤᠭ᠎ᠠ ᠨᠢ ᠴᠤ ᠲᠠᠰᠤᠷᠠᠵᠠᠢ᠃
ᠡᠳᠦᠷ ᠬᠤᠨᠤᠭ ᠡᠬᠡᠯᠵᠢᠯᠡᠨ᠂ ᠤᠨ ᠰᠠᠷ᠎ᠠ ᠤᠯᠠᠷᠢᠭᠰᠠᠭᠠᠷ ᠁
ᠰᠢᠨ᠎ᠡ ᠵᠠᠭᠤᠨ ᠳ᠋ᠤ ᠤᠷᠤᠭᠰᠠᠨ ᠤ ᠲᠠᠷᠠᠭ᠎ᠠ ᠪᠤᠶᠤ 29 ᠵᠢᠯ ᠤᠨ ᠲᠠᠷᠠᠭ᠎ᠠ᠂ ᠲᠠᠷᠤᠢ 2009 ᠤᠨ ᠳ᠋ᠤ᠂ ᠵᠢᠷᠠᠨᠨᠠᠶᠢᠮᠠ ᠵᠢᠨ ᠲᠦᠷᠦᠯ ᠤᠨ ᠲᠡᠬᠦᠦ ᠪᠦᠷᠬᠦᠳ᠂ ᠠᠬ᠎ᠠ ᠵᠢᠨ ᠵᠢᠡᠨ ᠦᠢᠯᠡ ᠤᠴᠠᠷᠠᠯ ᠢ ᠤᠯᠠᠨ ᠰᠤᠨᠤᠰᠤᠭᠰᠠᠨ ᠪᠤᠯᠬᠤᠷ ᠦᠯᠵᠡᠢ ᠬᠡᠬᠦ ᠠᠴᠢᠲᠠᠨ ᠢ ᠤᠯᠵᠤ ᠠᠪᠬᠤ ᠵᠢᠨ ᠲᠦᠯᠥᠬᠡ ᠦᠪᠦᠷ ᠮᠤᠨᠭᠭᠤᠯ ᠤᠨ ᠷᠠᠳᠢᠤ᠋ ᠬᠤᠷᠢᠶᠠᠨ ᠤ︽ᠰᠡᠳᠬᠢᠯ ᠤᠨ ᠲᠤᠯᠠᠭᠠᠨ ᠪᠠᠭᠤᠴᠠ︾ᠰᠢᠭᠤᠳ ᠨᠡᠪᠲᠡᠷᠡᠬᠦᠯᠭᠡ ᠳ᠋ᠤ ᠤᠲᠠᠰᠤᠳᠠᠨ᠂ ᠲᠡᠳᠡ ᠬᠤᠶᠠᠭᠤᠯᠠ ᠵᠢᠨ ᠪᠠᠶᠢᠳᠠᠯ ᠢ ᠶᠠᠷᠢᠵᠤ᠂ ᠷᠠᠳᠢᠣ᠋ ᠵᠢᠨ ᠴᠡᠨᠭᠬᠡᠷ ᠲᠤᠯᠬᠢᠶᠠᠨ ᠵᠢᠡᠷ ᠳᠠᠮᠵᠢᠭᠤᠯᠤᠨ ᠵᠠᠷ ᠲᠠᠯᠪᠢᠵᠤ᠂ ᠦᠪᠡᠷ ᠤᠨ ᠤᠲᠠᠰᠤᠨ ᠳ᠋ᠤᠭᠠᠷ ᠵᠢᠡᠨ ᠦᠯᠡᠳᠡᠭᠡᠵᠤ ᠲᠠᠯᠪᠢᠵᠠᠢ᠃ ᠶᠠᠭ ᠡᠨᠡᠬᠦ ᠵᠠᠷ ᠢ ᠨᠢ ᠦᠯᠵᠡᠢ ᠵᠢᠨ ᠨᠢᠬᠡ ᠰᠠᠳᠤᠨ ᠲᠦᠷᠦᠯ ᠨᠢ ᠤᠯᠵᠤ ᠰᠤᠨᠤᠰᠤᠭᠠᠳ ᠪᠦᠷᠬᠦᠳ ᠤᠨ ᠭᠠᠷ ᠤᠲᠠᠰᠤᠨ ᠳ᠋ᠤᠭᠠᠷ ᠢ ᠲᠡᠮᠲᠡᠭᠯᠡᠨ ᠦᠯᠵᠡᠢ ᠳ᠋ᠤ ᠳᠠᠮᠵᠢᠭᠤᠯᠵᠤ᠂ ᠡᠶᠢᠮᠤ ᠨᠢᠬᠡ ᠬᠦᠮᠦᠨ ᠬᠤᠷᠢ ᠭᠤᠴᠢᠨ ᠵᠢᠯ ᠤᠨ ᠡᠮᠦᠨᠡᠬᠢ ᠴᠢᠨᠤ ᠶᠠᠪᠤᠳᠠᠯ ᠢ ᠬᠡᠯᠡᠵᠤ ᠪᠠᠶᠢᠨ᠎ᠠ ᠬᠡᠮᠡᠨ ᠳᠠᠮᠵᠢᠭᠤᠯᠵᠠᠢ᠃ ᠬᠡᠪᠡᠴᠤ ᠦᠯᠵᠡᠢ ᠡᠬᠦᠨ ᠢ ᠰᠤᠨᠤᠰᠤᠭᠠᠳ ᠭᠠᠶᠢᠬᠠᠰᠢᠷᠠᠵᠤ ᠠᠪᠤᠯ᠎ᠠ᠂ ᠠᠯᠢ ᠶᠠᠰᠢᠨ ᠭᠠᠯᠪᠠ ᠳ᠋ᠤ ᠪᠠᠰᠠ ᠲᠡᠶᠢᠮᠤ ᠤᠴᠢᠷ ᠪᠤᠯᠵᠤ ᠦᠨᠭᠬᠡᠷᠡᠳᠡᠭ ᠪᠢᠯᠢᠤ︖ᠲᠠᠷᠠ ᠡᠨᠡ ᠶᠠᠪᠤᠳᠠᠯ ᠢ ᠮᠠᠷᠲᠠᠵᠤ ᠤᠷᠬᠢᠵᠠᠢ᠂ ᠬᠡᠪᠡᠴᠤ ᠠᠭᠠᠵᠢᠮ ᠵᠢᠡᠷ ᠪᠤᠳᠤᠵᠤ ᠦᠵᠡᠪᠡᠯ ᠪᠠᠰᠠ ᠰᠡᠳᠬᠢᠯ ᠳ᠋ᠤ ᠨᠢ ᠲᠤᠳᠤᠷᠬᠠᠢ᠂ ᠢᠨᠭᠭᠢᠭᠡᠳ ᠦᠯᠵᠡᠢ ᠬᠡᠷ ᠳ᠋ᠡᠬᠢ ᠬᠠᠭᠤᠴᠢᠨ ᠰᠡᠬᠦᠳᠡᠷ ᠵᠢᠡᠨ ᠤᠷᠪᠠᠭᠤᠯᠵᠤ ᠪᠠᠶᠢᠭᠠᠳ ᠵᠢᠷᠠᠨᠨᠠᠶᠢᠮᠠ ᠲᠠᠢ ᠬᠠᠮᠲᠤ ᠲᠠᠲᠠᠭᠤᠯᠤᠭᠰᠠᠨ ᠰᠡᠬᠦᠳᠡᠷ ᠵᠢᠡᠨ ᠡᠷᠢᠵᠤ ᠤᠯᠤᠭᠠᠳ ᠪᠦᠷᠬᠦᠳ ᠲᠤ ᠤᠲᠠᠰᠤᠳᠠᠨ ᠠᠮᠤᠷ ᠮᠡᠨᠳᠦ ᠪᠡᠨ ᠮᠡᠳᠡᠯᠴᠡᠵᠡᠢ᠃
ᠡᠨᠡ ᠪᠦᠷᠬᠦᠳ ᠬᠡᠵᠤ ᠬᠦᠯ ᠭᠠᠷ ᠬᠦᠨᠭᠬᠡᠨ ᠬᠦᠮᠦᠨ ᠪᠠᠶᠢᠯ᠎ᠠ᠃ ᠮᠦᠨᠴᠤ ᠡᠨᠡ ᠲᠡᠷᠡ ᠤᠴᠢᠷ ᠵᠢᠡᠷ ᠭᠠᠳᠠᠭᠰᠢ ᠲᠤᠳᠤᠭᠰᠢ ᠤᠯᠠᠨ ᠶᠠᠪᠤᠭᠠᠳ ᠲᠡᠷᠢᠬᠢ ᠲᠤᠯᠤᠭᠠᠢ ᠨᠢ ᠶᠡᠭᠡᠳᠡ ᠰᠡᠷᠬᠡᠭ ᠪᠤᠯᠵᠠᠢ᠃ ᠲᠡᠷᠡ 2009 ᠤᠨ ᠳ᠋ᠤ ᠦᠯᠵᠡᠢ ᠲᠠᠢ ᠤᠲᠠᠰᠤ ᠪᠡᠷ ᠨᠡᠪᠲᠡᠷᠡᠯᠴᠡᠭᠰᠡᠨ ᠤ ᠲᠠᠷᠠᠭ᠎ᠠ ᠦᠷᠬᠦᠯᠵᠢ ᠬᠠᠷᠢᠯᠴᠠᠵᠤ ᠪᠠᠶᠢᠭᠠᠳ 2013 ᠤᠨ ᠳ᠋ᠤ ᠸᠢᠴᠠᠲ ᠪᠠᠨ ᠵᠠᠯᠭᠠᠵᠤ ᠨᠡᠡᠭ ᠲᠤᠳᠤᠨᠤ ᠶᠠᠪᠤᠯᠴᠠᠬᠤ ᠪᠤᠯᠤᠭᠰᠠᠨ ᠪᠠᠶᠢᠨ᠎ᠠ᠃ ᠬᠡᠪᠡᠴᠤ ᠲᠡᠭᠦᠨ ᠤ ᠰᠡᠳᠬᠢᠯ ᠳ᠋ᠤ ᠪᠠᠰᠠ ᠨᠢᠬᠡ ᠵᠦᠢᠯ ᠡᠬᠡᠳᠡᠷᠬᠡᠨ ᠲᠠᠢ᠂ ᠤᠲᠠᠰᠤᠨ ᠤ ᠴᠠᠭᠠᠨ᠎ᠠ ᠡᠴᠡ ᠬᠠᠷᠢᠯᠴᠠᠭᠠᠳ ᠪᠠᠶᠢᠳᠠᠭ ᠡᠨᠡ ᠦᠯᠵᠡᠢ ᠬᠡᠬᠦ ᠬᠦᠮᠦᠨ ᠴᠤᠬᠤᠮ ᠶᠠᠭ ᠠᠬ᠎ᠠ ᠶ᠋ᠢ ᠨᠢ ᠠᠪᠤᠷᠠᠭᠰᠠᠨ ᠠᠴᠢᠳᠠᠨ ᠮᠦᠨ ᠤᠤ︖ ᠠᠳᠠᠯᠢᠬᠠᠨ ᠨᠡᠷ᠎ᠡ ᠲᠠᠢ ᠬᠦᠮᠦᠨ ᠬᠠᠭᠤᠷᠮᠠᠭᠯᠠᠵᠤ ᠪᠠᠶᠢᠪᠠᠯ ᠶᠠᠭᠠᠬᠢᠬᠤ ᠪᠤᠢ ︖ ᠢᠨᠭᠭᠢᠵᠤ ᠡᠬᠡᠳᠡᠷᠡᠵᠤ ᠶᠠᠪᠤᠭᠰᠠᠭᠠᠷ 2015 ᠤᠨ ᠳ᠋ᠤ ᠪᠦᠷᠬᠦᠳ ᠵᠠᠪᠰᠢᠶᠠᠨ ᠵᠢᠡᠷ ᠰᠢᠯᠢᠨᠬᠤᠲᠠ ᠤᠷᠤᠬᠤ ᠳ᠋ᠤ ᠦᠯᠵᠡᠢ ᠪᠠᠰᠠ ᠠᠶᠢᠮᠠᠭ ᠤᠨ ᠨᠠᠭᠠᠳᠤᠮ ᠳ᠋ᠤ ᠱᠠᠭ᠎ᠠ ᠲᠤᠭᠯᠠᠭᠠᠮ ᠤᠨ ᠤᠷᠤᠯᠳᠤᠭᠠᠨ ᠳ᠋ᠤ ᠤᠷᠤᠯᠴᠠᠬᠤ ᠪᠡᠷ ᠲᠡᠨᠳᠡ ᠬᠦᠷᠦᠭᠰᠡᠨ ᠪᠠᠶᠢᠪᠠ᠂ ᠡᠨᠡ ᠬᠤᠶᠠᠷ ᠲᠡᠨᠳᠡ ᠤᠴᠠᠷᠠᠯᠳᠤᠬᠤ ᠳ᠋ᠤ ᠦᠯᠵᠡᠢ 1980 ᠤᠨ ᠳ᠋ᠤ ᠪᠤᠯᠤᠭᠰᠠᠨ ᠵᠢᠷᠠᠨᠨᠠᠶᠢᠮᠠ ᠵᠢᠨ ᠪᠠᠶᠢᠳᠠᠯ ᠢ ᠲᠤᠪ ᠲᠤᠳᠤ ᠬᠡᠯᠡᠭᠰᠡᠨ ᠪᠦᠭᠡᠳ ᠲᠤᠬᠠᠢ ᠵᠢᠨ ᠦᠶ᠎ᠡ ᠵᠢᠨ ᠰᠡᠬᠦᠳᠡᠷ ᠵᠢᠡᠨ ᠭᠠᠷᠭᠠᠵᠤ ᠦᠵᠡᠬᠦᠯᠪᠡ᠂ ᠪᠦᠷᠬᠦᠳ ᠲᠡᠷᠡ ᠰᠡᠬᠦᠳᠡᠷ ᠢ ᠦᠵᠡᠬᠡᠳ ᠶᠠᠭ ᠮᠦᠨ ᠬᠦᠮᠦᠨ ᠵᠢᠡᠨ ᠤᠯᠵᠠᠢ ᠬᠡᠮᠡᠨ ᠪᠠᠶᠠᠷᠯᠠᠵᠤ ᠲᠡᠨᠳᠡ ᠡᠴᠡ ᠬᠠᠷᠢᠵᠤ ᠢᠷᠡᠨᠭᠭᠦᠳᠡ ᠪᠡᠨ ᠲᠦᠷᠦᠯ ᠤᠨ ᠠᠬ᠎ᠠ ᠡᠨᠡ ᠬᠤᠶᠠᠭᠤᠯᠠ ᠶ᠋ᠢ ᠠᠭᠤᠯᠵᠠᠭᠤᠯᠬᠤ ᠤᠬᠠᠭᠠᠨ ᠬᠢᠵᠤ ᠡᠬᠢᠯᠡᠵᠡᠢ᠃ ᠬᠡᠪᠡᠴᠤ︽ᠰᠠᠶᠢᠨ ᠤᠴᠢᠷ ᠲᠤ ᠰᠠᠭᠠᠳ ᠤᠯᠠᠨ︾᠁ ᠵᠢᠷᠠᠨᠨᠠᠶᠢᠮᠠ ᠵᠢᠨ ᠦᠨᠭᠬᠡᠷᠡᠬᠦᠯᠥᠭᠰᠡᠨ ᠠᠮᠢᠳᠤᠷᠠᠯ ᠢ ᠲᠤᠭᠠᠴᠢᠪᠠᠯ᠂ ᠶ᠋ᠢᠰᠦᠨ ᠨᠠᠰᠤᠲᠠᠢ ᠪᠠᠶᠢᠬᠤ ᠡᠴᠡ ᠡᠬᠢᠯᠡᠨ ᠬᠦᠯ ᠤᠨ ᠶᠠᠰᠤᠨ ᠤ ᠬᠡᠮᠲᠤᠯ ᠳ᠋ᠤ ᠤᠷᠤᠵᠤ᠂ ᠲᠡᠷᠡ ᠨᠢ ᠢᠳᠡᠭᠡᠰᠢᠵᠤ ᠪᠤᠭᠯᠠᠨ᠂ ᠠᠭᠠᠵᠢᠮ ᠳ᠋ᠠᠭᠠᠨ ᠶᠠᠰᠤ ᠨᠢ ᠵᠦᠬᠡᠯᠡᠷᠡᠵᠤ ᠭᠤᠤᠵᠢᠬᠤ ᠬᠡᠮᠵᠢᠶᠡᠨ ᠳ᠋ᠤ ᠬᠦᠷᠦᠬᠡᠳ 18 ᠨᠠᠰᠤᠲᠠᠢ ᠳ᠋ᠠᠭᠠᠨ ᠠᠷᠭ᠎ᠠ ᠪᠤᠰᠤ ᠬᠦᠭᠡᠬᠤᠳᠠ ᠤᠷᠤᠨ ᠮᠡᠰᠡ ᠵᠠᠰᠠᠯ ᠬᠢᠭᠡᠳ ᠠᠮᠵᠢᠯᠲᠠ ᠤᠯᠤᠭᠰᠠᠨ ᠴᠤ ᠠᠷᠤ ᠬᠡᠷ ᠲᠡᠭᠡᠨ ᠪᠤᠴᠠᠵᠤ ᠢᠷᠡᠭᠡᠳ ᠠᠮᠢᠳᠤᠷᠠᠯ ᠦᠢᠯᠡᠳᠪᠦᠷᠢᠯᠡᠯ ᠳ᠋ᠤ ᠶᠠᠭᠠᠷᠠᠨ᠂ ᠨᠠᠰᠤ ᠠᠭᠰᠢᠷᠠᠭᠠᠳ ᠢᠷᠡᠬᠦ ᠪᠡᠷ ᠬᠠᠭᠤᠴᠢᠨ ᠡᠮᠬᠡᠭ ᠨᠢ ᠳᠠᠬᠢᠨ ᠬᠦᠳᠡᠯᠵᠤ᠂ ᠤᠳᠤ ᠪᠤᠯᠬᠤ ᠳ᠋ᠤ ᠲᠠᠶ᠋ᠢᠭ ᠪᠤᠶᠤ ᠬᠦᠷᠳᠤᠳᠤ ᠰᠠᠨᠳᠠᠯᠢ ᠪᠡᠷ ᠶᠠᠪᠤᠵᠤ ᠰᠠᠭᠤᠬᠤ ᠪᠤᠯᠵᠤ᠂ ᠬᠤᠯᠠ ᠭᠠᠵᠠᠷ ᠢ ᠪᠤᠤ ᠬᠡᠯᠡ ᠬᠤᠰᠢᠭᠤ ᠤᠷᠤᠬᠤ ᠳ᠋ᠤ ᠴᠤ ᠬᠦᠴᠢᠷ ᠪᠤᠯᠵᠠᠢ᠃
ᠬᠠᠷᠢᠨ ᠦᠯᠵᠡᠢ ᠵᠢᠨ ᠬᠤᠪᠢ ᠳ᠋ᠤ ᠠᠪᠴᠤ ᠬᠡᠯᠡᠪᠡᠯ ᠲᠡᠷᠡ ᠪᠠᠰᠠ ᠪᠠᠭ᠎ᠠ ᠨᠠᠰᠤᠨ ᠳ᠋ᠠᠭᠠᠨ ᠤᠯᠠᠨ ᠵᠦᠢᠯ ᠤᠨ ᠡᠪᠡᠳᠴᠢᠨ ᠳ᠋ᠤ ᠪᠠᠷᠢᠭᠳᠠᠨ᠂ ᠡᠮᠨᠡᠬᠦᠯᠵᠤ ᠵᠠᠰᠠᠭᠤᠯᠵᠤ ᠪᠠᠶᠢᠭᠠᠳ ᠬᠤᠷᠢᠨ ᠨᠠᠰᠤᠨ ᠳ᠋ᠠᠭᠠᠨ ᠪᠠᠮᠪᠠᠢ ᠪᠤᠯᠴᠢᠷᠬᠠᠢ ᠵᠢᠨ ᠦᠷᠪᠢᠰᠦᠯ ᠳ᠋ᠤ ᠨᠡᠷᠪᠡᠭᠳᠡᠨ᠂ ᠬᠤᠶᠠᠷ ᠭᠤᠷᠪᠡᠨ ᠵᠢᠯ ᠤᠨ ᠲᠤᠷᠰᠢ ᠬᠤᠲᠠ ᠤᠷᠤᠵᠤ ᠵᠠᠰᠠᠯ ᠳ᠋ᠤ ᠶᠠᠪᠤᠭᠰᠠᠨ ᠪᠤᠯᠬᠤᠷ ᠠᠷᠠᠳ ᠤᠨ ᠪᠠᠭᠰᠢ ᠵᠢᠨ ᠠᠵᠢᠯ ᠵᠢᠡᠨ ᠴᠤ ᠤᠷᠬᠢᠵᠠᠢ᠃ ᠢᠨᠭᠭᠢᠭᠡᠳ ᠠᠵᠢᠯ ᠠᠯᠳᠠᠭᠰᠠᠨ ᠲᠡᠷᠡ ᠭᠤᠴᠢᠨ ᠬᠡᠳᠦᠨ ᠨᠠᠰᠤᠨ ᠳ᠋ᠠᠭᠠᠨ ᠨᠢᠷᠤᠭᠤ ᠰᠡᠬᠦᠵᠢᠨ ᠶᠠᠰᠤᠨ ᠤ ᠮᠡᠰᠡ ᠵᠠᠰᠠᠯ ᠢ ᠪᠠᠰᠠ ᠬᠢᠵᠤ ᠪᠡᠶ᠎ᠡ ᠨᠢ ᠪᠤᠭᠤᠨᠢᠰᠴᠠᠢ᠃ ᠡᠬᠦᠨ ᠤ ᠤᠯᠠᠮ ᠵᠢᠡᠷ ᠪᠦᠰᠡᠬᠦᠢ ᠬᠡᠤᠬᠡᠳ ᠴᠤ ᠪᠠᠭᠤᠯᠭᠠᠯ ᠦᠭᠡᠢ ᠭᠠᠭᠴᠠ ᠪᠡᠶ᠎ᠡ ᠪᠡᠷ ᠬᠦᠳᠡᠭᠡ ᠵᠢᠨ ᠠᠵᠢᠯ ᠳ᠋ᠤ ᠭᠠᠪᠱᠠᠭᠠᠶᠢᠯᠠᠨ ᠦᠨᠦ ᠬᠦᠷᠭᠡᠪᠠ᠃ ᠡᠶᠢᠮᠤ ᠬᠤᠶᠠᠷ ᠬᠦᠮᠦᠨ ᠠᠭᠤᠯᠵᠠᠬᠤ ᠵᠠᠪᠰᠢᠶᠠᠨ ᠲᠤᠬᠢᠶᠠᠯ ᠶᠡᠭᠡ ᠬᠤᠪᠤᠷ ᠪᠠᠶᠢᠳᠠᠯ ᠳ᠋ᠤ ᠪᠦᠷᠬᠦᠳ ᠴᠠᠭ ᠦᠷᠬᠦᠯᠵᠢ ᠲᠡᠳᠡᠨ ᠲᠠᠢ ᠸᠢᠴᠠᠲ ᠪᠡᠷ ᠬᠠᠷᠢᠯᠴᠠᠨ ᠠᠯᠢ ᠨᠢᠬᠡ ᠰᠡᠯᠡᠬᠦᠦ ᠴᠠᠭ ᠲᠤ ᠨᠢ ᠡᠨᠡ ᠬᠤᠶᠠᠷ ᠢ ᠵᠠᠪᠠᠯ ᠵᠤᠯᠭᠠᠭᠤᠯᠬᠤ ᠪᠡᠷ ᠴᠢᠷᠮᠠᠶᠢᠪᠠ᠃
ᠢᠨᠭᠭᠢᠭᠡᠳ ᠡᠨᠡ ᠵᠢᠯ ᠤᠨ ᠵᠤᠨ ᠦᠯᠵᠡᠢ ᠨᠢ ᠴᠢᠯᠥᠬᠡ ᠲᠠᠢ ᠬᠡᠬᠦ ᠶ᠋ᠢ ᠮᠡᠳᠡᠬᠡᠳ︽ᠰᠠᠷ᠎ᠠ ᠵᠢᠨ ᠰᠠᠶᠢᠨ ᠢ ᠰᠠᠭᠠᠲᠠᠨ ᠬᠦᠯᠢᠶᠡᠵᠤ᠂ ᠡᠳᠦᠷ ᠤᠨ ᠰᠠᠶᠢᠨ ᠢ ᠦᠨᠵᠢᠨ ᠬᠦᠯᠢᠶᠡᠵᠤ︾ ᠪᠠᠶᠢᠭᠠᠳ 8 ᠰᠠᠷ᠎ᠠ 5 ᠤ ᠦᠷᠯᠥᠬᠡ ᠡᠷᠲᠡ ᠲᠡᠷᠭᠡ ᠪᠡᠨ ᠪᠠᠷᠢᠨ ᠤᠷᠳᠤᠰ ᠡᠴᠡ ᠬᠦᠳᠡᠯᠪᠡ᠃ ᠡᠨᠡ ᠵᠢᠯ ᠦᠯᠵᠡᠢ 65 ᠨᠠᠰᠤᠲᠠᠢ᠂ ᠵᠢᠷᠠᠨᠨᠠᠶᠢᠮᠠ 63 ᠨᠠᠰᠤᠲᠠᠢ᠃ ᠪᠦᠷᠬᠦᠳ ᠤᠨ ᠲᠦᠯᠥᠪᠯᠡᠬᠡ ᠪᠡᠷ ᠪᠤᠯ ᠨᠢᠬᠡ ᠡᠳᠦᠷ ᠤᠨ ᠵᠠᠢ ᠳ᠋ᠤ ᠰᠢᠯᠢ ᠵᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤᠨ ᠳ᠋ᠤ ᠬᠦᠷᠦᠬᠡᠳ ᠦᠯᠵᠡᠢ ᠲᠠᠢ ᠠᠭᠤᠯᠵᠠᠨ ᠲᠡᠨᠳᠡ ᠬᠤᠨᠤᠭᠯᠠᠭᠠᠳ᠂ ᠲᠠᠷᠠᠭ᠎ᠠ ᠡᠳᠦᠷ ᠨᠢ ᠦᠯᠵᠡᠢ ᠶ᠋ᠢ ᠠᠪᠴᠤ ᠤᠷᠳᠤᠰ ᠬᠤᠲᠠ ᠵᠢᠨ ᠤᠲᠤᠭ ᠬᠤᠰᠢᠭᠤᠨ ᠳ᠋ᠤ ᠪᠤᠴᠠᠨ ᠢᠷᠡᠨ᠎ᠡ᠂ ᠦᠨᠡᠬᠡᠷ ᠴᠤ ᠲᠡᠷᠡ ᠶᠤᠰᠤᠭᠠᠷ ᠨᠢ ᠪᠤᠯᠪᠠ᠃ 1980 ᠤᠨ ᠡᠴᠡ 2024 ᠤᠨ ᠬᠦᠷᠲᠠᠯ᠎ᠠ ᠶᠠᠭ 44 ᠵᠢᠯ ᠠᠭᠤᠯᠵᠠᠭ᠎ᠠ ᠦᠭᠡᠢ ᠡᠨᠡ ᠬᠤᠶᠠᠷ ᠬᠦᠮᠦᠨ ᠤᠴᠠᠷᠠᠯᠳᠤᠯᠠ᠃ ᠤᠯᠠᠨ ᠵᠢᠯ ᠤᠨ ᠲᠤᠷᠰᠢ ᠰᠡᠳᠬᠢᠯ ᠳ᠋ᠡᠬᠡᠨ ᠪᠦᠳᠤᠵᠤ ᠲᠡᠭᠡᠬᠡᠵᠤ ᠶᠠᠪᠤᠭᠰᠠᠨ ᠦᠬᠡ ᠰᠢᠯᠥᠭ ᠪᠦᠬᠦᠳᠡ ᠨᠢᠬᠡᠨ ᠴᠠᠭ ᠲᠤ ᠤᠷᠤᠰᠤᠨ ᠭᠠᠷᠬᠤ ᠨᠢ ᠡ︕
ᠰᠤᠷᠪᠤᠯᠵᠢᠯᠠᠭᠰᠠᠨ ᠤ ᠲᠠᠷᠠᠭ᠎ᠠ᠄ 2024 ᠤᠨ ᠤ 7 ᠰᠠᠷ᠎ᠠ ᠵᠢᠨ 4 ᠤ ᠡᠳᠦᠷ ᠦᠯᠥ ᠲᠠᠨᠢᠬᠤ ᠨᠢᠬᠡ ᠬᠦᠮᠦᠨ ᠮᠢᠨᠤ ᠸᠢᠴᠠᠲ ᠶ᠋ᠢ ᠵᠠᠯᠭᠠᠪᠠ᠃ ᠨᠡᠮᠡᠵᠤ ᠠᠪᠤᠭᠠᠳ ᠨᠤᠲᠤᠭ ᠤᠰᠤ ᠪᠡᠨ ᠮᠡᠳᠡᠯᠴᠡᠬᠦ ᠳ᠋ᠤ ᠪᠢᠳᠠ ᠬᠤᠶᠠᠭᠤᠯᠠ ᠪᠡᠨ ᠨᠤᠲᠤᠭ ᠨᠢᠬᠡᠲᠡᠢ ᠦᠤᠰᠢᠨᠵᠤᠤ ᠵᠢᠨ ᠬᠦᠮᠦᠨ ᠪᠠᠶᠢᠨ᠎ᠠ᠂ ᠲᠡᠭᠦᠨ ᠤ ᠨᠡᠷ᠎ᠡ ᠶ᠋ᠢ ᠪᠦᠷᠬᠦᠳ ᠬᠡᠨ᠎ᠡ᠃ ᠢᠨᠭᠭᠢᠭᠡᠳ ᠲᠡᠷᠡ ᠬᠦᠮᠦᠨ ᠨᠠᠮ᠎ᠠ ᠳ᠋ᠤ ᠠᠯᠤᠰ ᠲᠡᠷᠲᠡᠬᠡᠬᠢ 44 ᠵᠢᠯ ᠤᠨ ᠡᠮᠦᠨᠡᠬᠢ ᠲᠦᠷᠦᠯ ᠤᠨ ᠠᠬ᠎ᠠ ᠵᠢᠨ ᠵᠢᠡᠨ ᠦᠯᠢᠬᠡᠷ ᠤᠴᠠᠷᠠᠯ ᠢ ᠶᠠᠷᠢᠵᠤ᠂ ᠡᠨᠡ ᠵᠢᠯ ᠤᠨ ᠵᠤᠨ ᠤ ᠰᠡᠬᠦᠯᠴᠢ ᠪᠤᠶᠤ ᠨᠠᠮᠤᠷ ᠤᠨ ᠡᠬᠢ ᠪᠡᠷ ᠠᠯᠢ ᠨᠢᠬᠡ ᠡᠳᠦᠷ ᠢ ᠲᠤᠬᠢᠶᠠᠯᠳᠠᠭᠤᠯᠤᠨ ᠡᠨᠡ ᠬᠤᠶᠠᠷ ᠬᠦᠮᠦᠨ ᠢ ᠠᠭᠤᠯᠵᠠᠭᠤᠯᠬᠤ ᠰᠠᠨᠠᠭᠠᠲᠠᠢ᠂ ᠲᠠ ᠴᠢᠯᠥᠬᠡ ᠪᠠᠶᠢᠨ᠎ᠠ ᠤᠤ︖ ᠴᠢᠯᠥᠬᠡ ᠲᠠᠢ ᠪᠤᠯ ᠡᠨᠡᠬᠦ ᠠᠭᠤᠯᠵᠠᠯᠲᠠ ᠶ᠋ᠢ ᠰᠡᠬᠦᠳᠡᠷᠯᠡᠵᠤ ᠵᠢᠷᠤᠭᠯᠠᠨ ᠰᠤᠷᠪᠤᠯᠵᠢᠯᠠᠭᠠᠳ ᠦᠭᠭᠦᠨ᠎ᠡ ᠤᠤ ᠬᠡᠵᠤ ᠠᠰᠠᠭᠤᠭᠰᠠᠨ ᠶᠤᠮ᠃ ᠰᠤᠷᠪᠤᠯᠵᠢᠯᠠᠭᠴᠢ ᠬᠦᠮᠦᠨ ᠳ᠋ᠤ ᠢᠨᠭᠭᠢᠵᠤ ᠰᠠᠶᠢᠬᠠᠨ ᠰᠡᠲᠦᠪ ᠲᠠᠭᠠᠷᠠᠬᠤ ᠬᠤᠪᠤᠷ ᠪᠢᠯᠡ᠂ ᠬᠡᠯᠡᠯᠬᠡᠨ ᠦᠭᠡᠢ ᠰᠢᠭᠤᠳ ᠠᠮᠠᠯᠳᠠᠵᠤ᠂ ᠤᠲᠠᠰᠤ ᠪᠡᠷ ᠶᠠᠷᠢᠯᠴᠠᠵᠤ ᠪᠠᠶᠢᠭᠠᠳ ᠪᠦᠷᠬᠦᠳ ᠲᠠᠢ ᠬᠠᠮᠲᠤ 8 ᠰᠠᠷ᠎ᠠ ᠵᠢᠨ 5 ᠤ ᠦᠷᠯᠥᠬᠡ ᠡᠷᠲᠡ ᠰᠦᠨᠢᠳ ᠵᠡᠬᠦᠨ ᠬᠤᠰᠢᠭᠤ ᠶ᠋ᠢ ᠵᠤᠷᠢᠭᠰᠠᠨ ᠪᠢᠯᠡ︕ᠬᠠᠲᠤᠨ ᠭᠤᠤᠯ ᠢ ᠲᠠᠪᠠᠵᠤ᠂ ᠮᠤᠨᠢ ᠵᠢᠨ ᠠᠭᠤᠯᠠ ᠶ᠋ᠢ ᠴᠤᠭᠤᠯᠤᠨ᠂ ᠲᠠᠮᠤᠴᠢ ᠵᠢᠨ ᠲᠠᠯ᠎ᠠ ᠶ᠋ᠢ ᠲᠤᠭᠤᠯᠵᠤ ᠨᠡᠶᠢᠲᠡ 1600 ᠭᠠᠵᠠᠷ ᠢ ᠡᠪᠬᠡᠨ ᠪᠠᠶᠢᠵᠤ ᠰᠦᠨᠢᠳ ᠵᠡᠬᠦᠨ ᠬᠤᠰᠢᠭᠤᠨ ᠤ ᠲᠦᠪ ᠮᠠᠨᠳᠠᠯᠲᠤ ᠪᠠᠯᠭᠠᠰᠤᠨ ᠳ᠋ᠤ ᠤᠷᠤᠢ ᠵᠢᠨ 7 ᠴᠠᠭ ᠲᠤ ᠬᠦᠷᠴᠤ ᠤᠴᠢᠯ᠎ᠠ᠃ ᠦᠯᠵᠡᠢ ᠬᠡᠬᠦ ᠬᠦᠮᠦᠨ ᠤ ᠠᠮᠢᠳᠤᠷᠠᠯ ᠤᠨ ᠪᠠᠶᠢᠳᠠᠯ ᠪᠢᠳᠠᠨ ᠤ ᠰᠠᠨᠠᠭᠰᠠᠨ ᠡᠴᠡ ᠦᠬᠡᠷ᠎ᠡ ᠪᠠᠶᠢᠪᠠ᠂ ᠨᠠᠰᠤ ᠪᠡᠷ ᠵᠢᠡᠨ ᠡᠨᠡ ᠲᠡᠷᠡ ᠡᠪᠡᠳᠴᠢᠨ ᠵᠤᠪᠠᠯᠠᠡᠭ ᠳ᠋ᠤ ᠪᠠᠷᠢᠭᠳᠠᠨ᠂ ᠪᠠᠭᠰᠢ ᠵᠢᠨ ᠠᠵᠢᠯ ᠵᠢᠡᠨ ᠴᠤ ᠬᠢᠵᠤ ᠴᠢᠳᠠᠯ ᠦᠭᠡᠢ᠂ ᠵᠠᠶᠠᠭᠠᠨ ᠤ ᠬᠠᠨᠢ ᠪᠡᠨ ᠴᠤ ᠤᠯᠤᠯ ᠦᠭᠡᠢ ᠪᠡᠷ 65 ᠨᠠᠰᠤ ᠬᠦᠷᠦᠭᠰᠡᠨ ᠲᠡᠷᠡ᠂ ᠡᠨᠡ ᠵᠢᠯ ᠤᠨ ᠴᠠᠭᠠᠨ ᠰᠠᠷ᠎ᠠ ᠵᠢᠨ ᠲᠠᠷᠠᠭᠠᠬᠠᠨ ᠬᠤᠰᠢᠭᠤᠨ ᠤ ᠨᠠᠰᠤᠲᠠᠶᠢᠴᠤᠳ ᠤᠨ ᠠᠰᠠᠷᠠᠮᠵᠢ ᠵᠢᠨ ᠬᠦᠷᠢᠶᠡᠯᠡᠡᠭ ᠮᠢᠶᠠᠭᠲᠠᠢ ᠨᠡᠶᠢᠲᠡ ᠵᠢᠨ ᠪᠠᠶᠢᠷᠢ ᠳ᠋ᠤ ᠭᠠᠭᠴᠠᠭᠠᠷᠬᠠᠨ ᠵᠢᠡᠨ ᠤᠷᠤᠵᠤ ᠰᠠᠭᠤᠷᠢᠰᠢᠭᠰᠠᠨ ᠪᠠᠶᠢᠯ᠎ᠠ᠂ ᠬᠡᠪᠡᠴᠤ ᠲᠡᠭᠦᠨ ᠤ ᠦᠵᠡᠯ ᠪᠤᠳᠤᠯ᠂ ᠦᠬᠡᠳᠡᠷᠬᠡᠭ ᠰᠠᠨᠠᠭ᠎ᠠ ᠨᠢ ᠬᠠᠷᠢᠨ ᠪᠤᠰᠤᠳ ᠲᠤ ᠶᠡᠭᠡ ᠡᠷᠴᠢ ᠬᠦᠴᠦ ᠬᠠᠶᠢᠷᠠᠯᠠᠵᠤ ᠪᠠᠶᠢᠯ᠎ᠠ᠃ ᠬᠦᠮᠦᠨ ᠬᠡᠳᠡᠭ ᠠᠮᠢᠳᠤᠷᠠᠯ ᠤᠨ ᠨᠦᠬᠦᠴᠡᠯ ᠪᠠᠶᠢᠳᠠᠯ ᠶᠠᠮᠠᠷ ᠪᠠᠶᠢᠬᠤ ᠨᠢ ᠬᠠᠮᠢᠶ᠎ᠠ ᠦᠭᠡᠢ᠂ ᠬᠠᠷᠢᠨ ᠦᠷᠦᠬᠡᠯ ᠢ ᠪᠤᠳᠤᠬᠤ ᠦᠷᠦᠪᠴᠢ ᠵᠦᠬᠡᠯᠡᠨ ᠰᠡᠳᠬᠢᠯ᠂ ᠠᠮᠢᠳᠤᠷᠠᠯ ᠢ ᠬᠠᠶᠢᠷᠠᠯᠠᠬᠤ ᠠᠭᠤᠤ ᠵᠤᠷᠢᠭ ᠰᠠᠨᠠᠭ᠎ᠠ ᠯᠠ ᠬᠡᠷᠡᠯ ᠲᠠᠲᠠᠭᠤᠯᠵᠤ ᠪᠠᠶᠢᠳᠠᠭ ᠠᠵᠢ᠂ ᠲᠡᠶᠢᠮᠤ ᠡ᠂ ᠲᠡᠷᠡ ᠬᠤᠷᠢᠨ ᠨᠠᠰᠤᠨ ᠳ᠋ᠠᠭᠠᠨ ᠴᠤ ᠬᠤᠪᠤᠷ ᠲᠤᠬᠢᠶᠠᠯᠳᠤᠬᠤ ᠦᠢᠯᠡ ᠶ᠋ᠢ ᠬᠢᠭᠰᠡᠨ ᠢ ᠨᠢ ᠦᠨᠦᠳᠦᠷ ᠪᠢᠳᠠ ᠰᠤᠷᠪᠤᠯᠵᠢᠯᠠᠵᠤ ᠪᠠᠶᠢᠨ᠎ᠠ᠃ ᠲᠠᠬᠢᠪᠠᠯ ᠦᠯᠵᠡᠢ ᠵᠢᠨ ᠬᠡᠷ ᠲᠤ ᠤᠪᠤᠭᠠᠯᠠᠵᠤ ᠪᠠᠶᠢᠭ᠎ᠠ ᠡᠳᠦᠷ ᠤᠨ ᠲᠡᠮᠲᠡᠭᠯᠡᠯ ᠬᠠᠷᠠᠭᠠᠨ ᠳ᠋ᠤ ᠬᠦᠷᠦᠭᠰᠡᠨ ᠶᠤᠮ᠂ ᠲᠡᠭᠦᠨ ᠤ 67 ᠲᠡᠪᠲᠡᠷ ᠡᠳᠦᠷ ᠤᠨ ᠲᠡᠮᠲᠡᠭᠯᠡᠯ ᠢ ᠤᠷᠪᠠᠭᠤᠯᠬᠤ ᠳ᠋ᠤ 1974 ᠤᠨ ᠡᠴᠡ ᠡᠬᠢᠯᠡᠬᠡᠳ ᠦᠨᠦᠳᠦᠷ ᠢ ᠬᠦᠷᠲᠡᠯ᠎ᠡ ᠪᠢᠴᠢᠭᠯᠡᠵᠡᠢ᠃ ᠪᠢᠳᠠ ᠪᠦᠬᠦᠨ ᠤ ᠰᠤᠷᠤᠯᠴᠠᠬᠤ ᠳᠠᠭᠤᠷᠢᠶᠠᠯ ᠡᠨᠡ ᠮᠦᠨ᠃
ᠦᠯᠵᠡᠢ ᠲᠠᠢ ᠬᠠᠮᠲᠤ ᠪᠡᠷ ᠲᠦᠷᠪᠡ ᠲᠠᠪᠤᠨ ᠬᠦᠮᠦᠨ ᠪᠢᠳᠠᠨ ᠢ ᠬᠦᠯᠢᠶᠡᠵᠤ ᠠᠪᠤᠭᠰᠠᠨ ᠤ ᠲᠤᠳᠤᠷ᠎ᠠ ᠪᠤᠶᠠᠨᠵᠠᠪ ᠬᠡᠬᠦ ᠬᠦᠮᠦᠨ᠄︽ᠠᠶ᠎ᠠ᠂ ᠤᠳᠤ ᠵᠢᠨ ᠡᠨᠡ ᠴᠠᠭ ᠲᠤ ᠬᠦᠮᠦᠨ ᠤ ᠰᠢᠨᠤᠯ ᠠᠬᠠᠳᠠᠵᠤ᠂ ᠡᠴᠢᠬᠡ ᠬᠦᠤ ᠬᠦᠷᠲᠡᠯ᠎ᠡ ᠮᠠᠭᠤᠳᠠᠯᠴᠠᠵᠤ ᠪᠠᠶᠢᠲᠠᠯ᠎ᠠ᠂ ᠤᠷᠳᠤᠰ ᠨᠤᠲᠤᠭ ᠲᠠᠢ ᠪᠦᠷᠬᠦᠳ ᠵᠡᠷᠭᠡ ᠬᠦᠮᠦᠨ ᠲᠡᠷᠡ ᠬᠤᠯᠠ ᠡᠴᠡ ᠮᠠᠨ ᠤ ᠬᠦᠮᠦᠨ ᠢ ᠬᠡᠷ ᠲᠡᠭᠡᠨ ᠤᠷᠢᠵᠤ᠂ ᠠᠬ᠎ᠠ ᠲᠠᠢ ᠪᠡᠨ ᠵᠤᠯᠭᠠᠭᠤᠯᠬᠤ ᠪᠤᠯᠤᠭᠰᠠᠨ ᠢ ᠪᠢ ᠰᠤᠨᠤᠰᠤᠭᠠᠳ ᠶᠡᠭᠡᠳᠡ ᠪᠠᠬᠠᠷᠬᠠᠯ᠎ᠠ᠂ ᠮᠠᠭᠤᠬᠠᠢ ᠰᠢᠭ ᠵᠢᠡᠷ ᠬᠡᠯᠡᠪᠡᠯ 44 ᠵᠢᠯ ᠤᠨ ᠡᠮᠦᠨᠡᠬᠢ ᠲᠡᠷᠡ ᠤᠴᠢᠷ ᠵᠢᠡᠷ ᠦᠬᠡᠷ᠎ᠡ ᠨᠢᠬᠡ ᠬᠦᠮᠦᠨ ᠢ ᠬᠠᠶᠢᠭᠠᠳ ᠤᠴᠢᠪᠠᠯ ᠲᠠᠨᠢᠬᠤ ᠦᠭᠡᠢ ᠦᠨᠭᠬᠡᠷᠡᠵᠤ ᠴᠤ ᠪᠤᠯᠬᠤ ᠶᠤᠮ᠂ ᠬᠡᠪᠡᠴᠤ ᠲᠠᠨᠠᠷ ᠲᠡᠭᠡᠭᠰᠡᠨ ᠦᠭᠡᠢ ᠮᠦᠷᠲᠡᠯ᠎ᠡ ᠪᠡᠨ ᠢᠨᠭᠭᠢᠵᠤ ᠬᠦᠨᠳᠦᠯᠡᠵᠤ ᠪᠠᠶᠢᠭ᠎ᠠ ᠨᠢ ᠮᠠᠨ ᠤ ᠬᠤᠶᠢᠴᠢ ᠦᠶ᠎ᠡ ᠳ᠋ᠤ ᠰᠠᠶᠢᠨ ᠰᠠᠶᠢᠬᠠᠨ ᠳᠠᠭᠤᠷᠢᠶᠠᠯ ᠦᠯᠡᠳᠡᠬᠡᠬᠦ ᠨᠢ ᠯᠠᠪᠲᠠᠢ᠃ ᠪᠠᠰᠠ ᠨᠢᠬᠡ ᠲᠠᠯ᠎ᠠ ᠪᠡᠷ ᠬᠡᠯᠡᠪᠡᠯ 1980 ᠤᠨ ᠤ 300 ᠲᠦᠬᠦᠷᠢᠭ ᠬᠡᠳᠡᠭ ᠪᠠᠷᠤᠭ ᠤᠳᠤ ᠵᠢᠨ 10 ᠲᠦᠮᠡᠨ ᠲᠦᠬᠦᠷᠢᠭ ᠤᠨ ᠨᠠᠭᠠᠭᠤᠷ ᠴᠠᠭᠠᠭᠤᠷ ᠪᠠᠶᠢᠨ᠎ᠠ ᠰᠢᠤ᠂ ᠲᠡᠷᠡ ᠵᠢᠯ ᠤᠯᠤᠰ ᠤᠨ ᠠᠵᠢᠯᠲᠠᠨ ᠤ ᠰᠠᠷ᠎ᠠ ᠵᠢᠨ ᠴᠠᠯᠢᠡᠭ ᠲᠦᠨᠭᠬᠡᠵᠤ 20 ᠲᠦᠬᠦᠷᠢᠭ ᠪᠠᠶᠢᠭᠰᠠᠨ᠂ ᠲᠠᠨᠠᠷ ᠴᠤ ᠶᠡᠭᠡ ᠡᠨᠡᠷᠢᠯ ᠲᠠᠢ ᠬᠦᠮᠦᠨ ᠶᠤᠮ ᠠ︾ᠬᠡᠵᠤ ᠬᠡᠯᠡᠵᠤ ᠪᠠᠶᠢᠭᠰᠠᠨ ᠪᠢᠯᠡ᠃ ︽ᠰᠠᠶᠢᠨ ᠤ ᠦᠢᠯᠡ ᠰᠠᠷ᠎ᠠ ᠵᠢᠨ ᠭᠠᠵᠠᠷ ᠲᠤ︾ᠬᠡᠳᠡᠭ ᠶᠠᠭ ᠡᠨᠡ ᠳ᠋ᠠ᠂ ᠡᠨᠡ ᠬᠤᠷᠸ᠎ᠠ ᠳ᠋ᠤ ᠪᠢᠳᠠ ᠬᠠᠮᠢᠭ᠎ᠠ ᠬᠡᠵᠢᠶ᠎ᠡ ᠴᠤ ᠬᠡᠰᠡᠨ ᠨᠢᠬᠡ ᠨᠢᠬᠡᠨ ᠵᠢᠡᠨ ᠡᠨᠡᠷᠢᠵᠤ ᠬᠠᠶᠢᠷᠠᠯᠠᠵᠤ᠂ ᠰᠡᠳᠬᠢᠯ ᠤᠨ ᠬᠦᠴᠦ ᠪᠡᠷ ᠳᠡᠮᠵᠢᠵᠤ ᠬᠠᠪᠰᠤᠷᠠᠯᠴᠠᠵᠤ ᠶᠠᠪᠤᠪᠠᠯ ᠢᠷᠡᠭᠡᠳᠦᠢ ᠨᠡᠡᠭ ᠬᠡᠬᠡᠨ ᠰᠠᠷᠠᠭᠤᠯ ᠪᠠᠶᠢᠬᠤ ᠨᠢ ᠳᠠᠮᠵᠢᠭ ᠦᠭᠡᠢ᠃