ᠰᠢᠷᠭᠤᠯᠵᠢ
ᠲᠠᠰᠤᠷᠬᠠᠢ ᠪᠠᠭᠠᠲᠤᠷ ᠰᠢᠷᠭᠤᠯᠵᠢ ᠭᠡᠵᠦ
ᠳᠡᠩᠳᠡᠭᠦᠦ ᠵᠢᠵᠢᠭ᠍ᠬᠡᠨ ᠪᠡᠶ᠎ᠡ ᠲᠠᠢ ᠴᠤ
ᠳᠡᠮᠲᠡᠢ ᠤᠷᠠᠨ ᠴᠢᠳᠠᠮᠵᠢ ᠪᠠᠷ
ᠲᠡᠭᠦᠨ ᠲᠠᠢ ᠲᠡᠩᠴᠡᠬᠦ ᠥᠭᠡᠷ᠎ᠡ ᠦᠭᠡᠢ
ᠳᠠᠶᠠᠩ ᠳᠤ ᠨᠡᠷ᠎ᠡ ᠲᠠᠢ ᠭᠦᠲᠡᠯᠮᠥᠷᠢᠴᠢ ᠠᠮᠢᠳᠠᠨ ᠪᠢᠯᠡ
ᠪᠠᠯᠲᠤ ᠵᠥᠭᠡᠢ
ᠵᠢᠩᠭᠢᠨᠡᠵᠦ ᠨᠢᠰᠳᠡᠭ ᠪᠠᠯᠲᠤ ᠵᠥᠭᠡᠢ ᠭᠡᠵᠦ
ᠵᠡᠭᠦᠦ ᠰᠢᠭ ᠨᠠᠷᠢᠬᠠᠨ ᠬᠣᠰᠢᠭᠤ ᠪᠠᠷ ᠢᠶᠠᠨ
ᠵᠦᠢᠯ ᠤᠨ ᠣᠯᠠᠨ ᠴᠡᠴᠡᠭᠡᠰ ᠡᠴᠡ
ᠵᠢᠩᠬᠢᠨᠢ ᠴᠡᠪᠡᠷᠬᠡᠨ ᠪᠠᠯ ᠴᠤᠭᠯᠠᠭᠤᠯᠵᠤ
ᠵᠤᠨᠵᠢᠨ ᠠᠵᠢᠯᠯᠠᠳᠠᠭ ᠭᠦᠳᠡᠯᠮᠥᠷᠢᠴᠢ ᠠᠮᠢᠳᠠᠨ ᠪᠢᠯᠡ
ᠬᠠᠷᠢᠶᠠᠴᠠᠢ
ᠤᠷᠠᠨ ᠭᠡᠯᠡ ᠲᠠᠢ ᠬᠠᠷᠢᠶᠠᠴᠠᠢ ᠭᠡᠵᠦ
ᠠᠳᠬᠤ ᠶᠢᠨ ᠴᠢᠨᠡᠭᠡᠬᠡᠨ ᠵᠢᠭᠠᠬᠠᠨ ᠴᠤ
ᠡᠮᠬᠦ ᠡᠮᠬᠦ ᠪᠠᠷ ᠰᠢᠷᠣᠢ ᠵᠥᠭᠡᠭᠡᠵᠦ
ᠡᠭᠦᠷ ᠪᠠᠷᠢᠨ ᠥᠨᠳᠡᠭᠡ ᠨᠡᠪᠴᠢᠭᠡᠳᠡᠭ
ᠤᠬᠠᠭᠠᠨ ᠰᠡᠷᠭᠦᠯᠡᠩ ᠭᠦᠳᠡᠯᠮᠥᠷᠢᠴᠢ ᠪᠢᠯᠡ
ᠪᠠᠭᠠᠰᠤᠨ ᠪᠠᠮᠪᠤᠤ
ᠬᠤᠰᠤᠭᠤᠷ ᠠᠮᠠ ᠲᠠᠢ ᠪᠠᠮᠪᠤᠤ ᠭᠡᠵᠦ
ᠬᠤᠨᠢᠨ ᠱᠠᠭ᠎ᠠ ᠶᠢᠨ ᠬᠢᠷᠢᠬᠡᠨ ᠴᠤ
ᠬᠣᠮᠣᠯ ᠠᠷᠭᠠᠯ ᠢ ᠪᠥᠮᠪᠥᠭᠡᠯᠡᠬᠦ ᠳᠡᠬᠡᠨ
ᠬᠤᠷᠴᠠ ᠬᠥᠯ ᠨᠢ ᠮᠠᠰᠢᠨ ᠴᠤ ᠭᠡᠮᠡᠷ
ᠬᠤᠶᠠᠭ ᠨᠥᠮᠥᠷᠢᠭ᠍ᠰᠡᠨ ᠭᠦᠳᠡᠯᠮᠥᠷᠢᠴᠢ ᠠᠮᠢᠳᠠᠨ ᠪᠢᠯᠡ
ᠬᠤᠨᠢᠨ ᠠᠭᠠᠯᠵᠢ
ᠬᠢᠯᠭᠠᠰᠤᠨ ᠬᠥᠯᠲᠦ ᠠᠭᠠᠯᠵᠢ ᠭᠡᠵᠦ
ᠬᠢᠮᠤᠰᠤᠨ ᠲᠡᠳᠦᠢᠬᠡᠨ ᠪᠡᠶ᠎ᠡ ᠲᠠᠢ ᠴᠤ
ᠬᠡᠯᠬᠢᠵᠦ ᠲᠣᠣᠷ ᠲᠠᠲᠠᠬᠤ ᠳᠠᠭᠠᠨ
ᠬᠡᠨ ᠡᠴᠡ ᠴᠤ ᠮᠡᠷᠭᠡᠨ ᠤᠬᠠᠭᠠᠨ ᠲᠠᠢ
ᠬᠡᠴᠡᠭᠦᠦ ᠭᠠᠢᠬᠠᠯᠲᠠᠢ ᠭᠦᠳᠡᠯᠮᠥᠷᠢᠴᠢ ᠠᠮᠢᠳᠠᠨ ᠪᠢᠯᠡ᠃
(ᠥᠭᠦᠰᠢᠨ ᠭᠡᠷᠡᠯᠴᠣᠭᠲᠤ)
