ᠪᠦᠰᠡᠭᠦᠢ ᠬᠦᠮᠤᠨ ᠡ᠊ᠡᠭᠭᠦᠷᠡᠢ ᠴᠡᠴᠡᠭ

 ᠄ 2025-03-06 17:10:11

ᠤᠳᠤᠷ ᠤᠨ ᠲᠤᠭᠤᠨᠤ ᠡᠴᠡ

ᠨᠤᠳᠤᠭ ᠮᠢᠨᠢ ᠦᠨᠤᠷᠳᠤᠭᠦ ᠳᠤ

ᠠᠷᠭᠠᠯ ᠵᠢᠡᠨ ᠬᠤᠷᠮᠤᠶᠢᠯᠠᠭᠰᠠᠨ

ᠡᠵᠢ ᠵᠢᠨ ᠮᠡᠯᠮᠠᠢ ᠳᠤ ᠡ᠊ᠡᠭᠭᠦᠷᠡᠢ ᠴᠡᠴᠡᠭ ᠲᠡᠯᠭᠡᠷᠡᠨ᠎ᠠ

ᠪᠤᠷᠤ ᠬᠤᠨᠤᠭ ᠤᠨ ᠴᠢᠨᠠᠳᠤ ᠡᠴᠡ

ᠤᠯᠠᠷᠢᠭᠰᠠᠨ ᠨᠡᠭᠦᠳᠡᠯ ᠤᠨ ᠮᠢᠡᠭᠭᠠᠨ ᠨᠠᠰᠤᠳᠤ

ᠰᠢᠷᠭᠠᠯ ᠬᠠᠭᠤᠴᠢ ᠱᠠᠬᠢᠬᠤ ᠳᠤ

ᠪᠦᠰᠡᠭᠦᠢ ᠬᠦᠮᠤᠨ ᠡ᠊ᠡᠭᠭᠦᠷᠡᠢ ᠴᠡᠴᠡᠭ

ᠠᠮᠢᠬᠠᠨ ᠰᠡᠳᠬᠢᠯ ᠨᠢ ᠮᠡᠯᠮᠠᠯᠵᠡᠨ᠎ᠠ

ᠴᠡᠡᠭᠭᠡᠷ ᠮᠠᠨᠠᠨ ᠵᠤᠯᠠᠷᠠᠨ ᠰᠡᠮᠡᠷᠡᠭᠦ ᠪᠠᠷ

ᠨᠠᠷᠠᠨ ᠤ ᠶᠠᠭᠠᠨ ᠰᠤᠷᠮᠤᠤᠰᠤ

ᠪᠦᠪᠡᠢ ᠵᠢᠨ ᠲᠠᠭᠤᠤ ᠲᠠᠢ

ᠤᠨᠠᠭᠠᠨ ᠪᠠᠭᠤᠴᠠ ᠵᠢ ᠭᠡᠷᠡᠯᠳᠤᠭᠦᠯᠭᠦ ᠳᠤ

ᠪᠦᠰᠡᠭᠦᠢ ᠬᠦᠮᠤᠨ ᠡ᠊ᠡᠭᠭᠦᠷᠡᠢ ᠴᠡᠴᠡᠭ ᠮᠦᠰᠢᠶᠡᠯᠵᠡᠨ᠎ᠠ

ᠵᠡᠭᠦᠳᠤᠨ ᠤ ᠪᠡᠯᠡᠭ ᠤᠨ ᠤᠢ ᠡᠴᠡ

ᠪᠤᠯᠵᠤᠮᠤᠷ ᠡᠴᠡ ᠵᠢᠷᠬᠢᠭᠰᠡᠨ ᠡᠭᠡᠰᠢᠭ ᠲᠤ

ᠭᠠᠵᠠᠷ ᠤᠨ ᠰᠤᠳᠠᠰᠤ ᠨᠢᠯᠬᠠᠷᠠᠵᠤ

ᠲᠦᠷᠪᠡᠨ ᠤᠯᠠᠷᠢᠯ ᠤᠨ ᠠᠶᠠᠯᠭᠤ ᠬᠦᠭᠵᠢᠮᠳᠡᠨ ᠴᠦᠷᠭᠡᠯᠡᠭᠦ ᠳᠤ

ᠪᠦᠰᠡᠭᠦᠢ ᠬᠦᠮᠤᠨ ᠡ᠊ᠡᠭᠦᠷᠡᠢ ᠴᠡᠴᠡᠭ ᠰᠦ ᠪᠠᠷ ᠪᠢᠯᠬᠠᠨ᠎ᠠ

ᠤᠳᠤᠳ ᠡᠴᠡ ᠮᠠᠯᠮᠠᠷᠠᠭᠦ ᠬᠠᠷᠠᠴᠠᠨ ᠡᠴᠡ

ᠪᠦᠰᠡᠭᠦᠢ ᠬᠦᠮᠤᠨ ᠡ᠊ᠡᠭᠭᠦᠷᠡᠢ ᠴᠡᠴᠡᠭ ᠤᠨ

ᠵᠠᠭᠤᠨ ᠲᠠᠮᠵᠢᠭᠰᠠᠨ ᠽᠠᠮᠪᠤᠯᠢᠡᠭ ᠤᠨ ᠵᠢᠷᠭᠠᠯ ᠠᠮᠳᠠᠯᠠᠭᠳᠠᠨ᠎ᠠ

 

      (ᠬᠤᠨᠢᠴᠢᠨ ᠠ᠊·ᠵᠢᠷᠠ)