ᠨᠠᠶᠢᠷᠠᠭᠤᠯᠤᠭᠴᠢ ᠵᠢᠨ ᠦᠬᠡ᠄ 2017 ᠣᠨ ᠤ 11 ᠰᠠᠷ᠎ᠠ ᠢᠢᠨ 21 ᠤ ᠡᠳᠦᠷ᠂ ᠶᠡᠷᠦᠩᠬᠡᠢ ᠱᠦᠵᠢ ᠰᠢ ᠵᠢᠨ ᠫᠢᠩ ᠰᠥᠨᠢᠳ ᠪᠠᠷᠠᠭᠤᠨ ᠬᠣᠰᠢᠭᠤᠨ ᠤ ᠤᠯᠠᠭᠠᠨᠮᠥ᠋ᠴᠢᠷ ᠤᠨ ᠭᠡᠰᠢᠭᠦᠳ ᠲᠦ ᠬᠠᠷᠢᠭᠤ ᠵᠠᠬᠢᠳᠠᠯ ᠢᠯᠡᠭᠡᠵᠦ᠂ ᠲᠡᠳᠡᠨ ᠢ ᠨᠠᠮ ᠤᠨ ᠠᠷᠪᠠ ᠶ᠋ᠢᠰᠦᠳᠦᠭᠡᠷ ᠶᠡᠬᠡ ᠬᠤᠷᠠᠯ ᠤᠨ ᠵᠣᠷᠢᠭ ᠰᠠᠨᠠᠭ᠎ᠠ ᠪᠡᠷ ᠵᠢᠯᠤᠭᠤᠳᠤᠯᠭ᠎ᠠ ᠪᠣᠯᠭᠠᠨ᠂ ᠤᠯᠠᠭᠠᠨᠮᠥ᠋ᠴᠢᠷ ᠤᠨ ᠰᠢᠯᠢᠳᠡᠭ ᠤᠯᠠᠮᠵᠢᠯᠠᠯ ᠢ ᠶᠡᠬᠡ ᠪᠡᠷ ᠪᠠᠳᠠᠷᠠᠭᠤᠯᠵᠤ᠂ ᠠᠮᠢᠳᠤᠷᠠᠯ ᠤᠨ ᠰᠢᠮᠡᠯᠢᠭ ᠬᠥᠷᠥᠰᠥᠨ ᠳ᠋ᠦ ᠦᠨᠳᠦᠰᠦᠯᠡᠵᠤ᠂ ᠮᠠᠯᠴᠢᠨ ᠲᠦᠮᠡᠨ ᠳ᠋ᠦ ᠦᠢᠯᠡᠴᠢᠯᠡᠨ᠂ ᠤᠳᠭ᠎ᠠ ᠤᠷᠠᠯᠢᠭ ᠤᠨ ᠰᠢᠨ᠎ᠡ ᠡᠭᠦᠳᠦᠯᠲᠡ ᠵᠢ ᠠᠬᠢᠭᠤᠯᠵᠤ᠂ ᠤᠯᠠᠨ ᠲᠦᠮᠡᠨ ᠲᠠᠢ ᠤᠢᠢᠷᠠᠳᠤᠭᠰᠠᠨ᠂ ᠤᠯᠠᠨ ᠲᠦᠮᠡᠨ ᠤ ᠳᠤᠮᠳᠠ ᠳᠡᠯᠭᠡᠷᠡᠵᠦ᠂ ᠤᠯᠠᠨ ᠲᠦᠮᠡᠨ ᠳ᠋ᠤ ᠲᠠᠭᠠᠰᠢᠶᠠᠭᠳᠠᠭᠰᠠᠨ ᠨᠡᠩ ᠤᠯᠠᠨ ᠰᠢᠯᠢᠳᠡᠭ ᠪᠦᠲᠦᠭᠡᠯ ᠢ ᠵᠣᠬᠢᠶᠠᠨ ᠪᠦᠲᠦᠭᠡᠬᠦ ᠪᠡᠷ ᠴᠢᠷᠮᠠᠶᠢᠵᠤ᠂ ᠥᠨᠢ ᠡᠭᠦᠷᠢᠳᠡ ᠲᠠᠯ᠎ᠠ ᠨᠤᠲᠤᠭ ᠤᠨ︽ᠬᠤᠪᠢᠰᠬᠠᠯᠲᠤ ᠤᠳᠭ᠎ᠠ ᠤᠷᠠᠯᠢᠭ ᠤᠨ ᠬᠦᠩᠭᠡᠨ ᠮᠣᠷᠢᠲᠤ ᠴᠡᠷᠢᠭ︾ ᠪᠣᠯᠤᠭᠠᠷᠠᠢ ᠭᠡᠵᠦ ᠵᠣᠷᠢᠭᠵᠢᠭᠤᠯᠪᠠ᠃ ᠶᠡᠷᠦᠩᠬᠡᠶ ᠱᠦᠵᠢ ᠢᠢᠨ ᠴᠢᠩ ᠰᠡᠳᠭᠢᠯ ᠤᠨ ᠬᠦᠰᠡᠯ ᠨᠠᠶᠢᠳᠠᠯᠭ᠎ᠠ ᠨᠢ ᠰᠡᠴᠡᠨᠲᠤᠶᠠᠭ᠎ᠠ ᠶ᠋ᠢ ᠪᠠᠭᠲᠠᠭᠠᠭᠰᠠᠨ 3500 ᠭᠠᠷᠤᠶ ᠤᠯᠠᠭᠠᠨᠮᠥ᠋ᠴᠢᠷ ᠤᠨ ᠭᠡᠰᠢᠭᠦᠨ ᠢ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠰᠢᠮᠡᠯᠢᠭ ᠬᠥᠷᠥᠰᠥᠨ ᠳ᠋ᠦ ᠦᠨᠳᠦᠰᠦᠯᠡᠨ᠂ ᠥᠨᠢ ᠡᠭᠦᠷᠢᠳᠡ ᠠᠷᠠᠳ ᠲᠦᠮᠡᠨ ᠳ᠋ᠦ ᠦᠢᠯᠡᠴᠢᠯᠡᠵᠦ᠂ ᠥᠨᠢ ᠡᠭᠦᠷᠢᠳᠡ ᠠᠷᠠᠳ ᠲᠦᠮᠡᠨ ᠤ ᠲᠦᠯᠦᠭᠡ ᠴᠢᠷᠮᠠᠶᠢᠨ ᠠᠵᠢᠯᠯᠠᠬᠤ ᠡᠷᠴᠢ ᠵᠤᠷᠢᠭ ᠵ᠋ ᠤᠯᠠᠮ ᠬᠦᠪᠴᠢᠯᠡᠭᠰᠡᠨ ᠪᠠᠶᠢᠨ᠎ᠠ ᠃ ᠶᠠᠭ ᠡᠶᠢᠮᠤ ᠡᠴᠡ ᠦᠨᠥᠳᠦᠷ ᠤᠨ ᠰᠤᠷᠪᠤᠯᠵᠢᠯᠠᠭ᠎ᠠ ᠵᠢᠨ ᠵᠤᠴᠢᠨ ᠪᠤᠯᠤᠭᠰᠠᠨ ᠰᠡᠴᠡᠨᠲᠤᠶᠠᠭ᠎ᠠ ᠮᠠᠨᠢ 18 ᠵᠢᠯ ᠤᠨ ᠲᠤᠷᠰᠢ ᠤᠯᠠᠭᠠᠨᠮᠥ᠋ᠴᠢᠷ ᠤᠨ ᠰᠢᠯᠢᠳᠡᠭ ᠤᠯᠠᠮᠵᠢᠯᠠᠯ ᠵᠢᠡᠨ ᠪᠠᠳᠠᠷᠠᠭᠤᠯᠤᠨ᠂ ᠤᠶᠢᠭ᠎ᠠ ᠦᠭᠡᠢ ᠠᠵᠢᠯᠯᠠᠵᠤ᠂ ᠠᠷᠠᠳ ᠲᠦᠮᠡᠨ ᠤ ᠲᠤᠮᠳᠠ ᠬᠦᠨᠵᠡᠬᠡᠶᠢᠷᠡᠨ᠂ ᠰᠢᠨ᠎ᠡ ᠰᠤᠳᠤᠨ ᠤᠷᠠᠨ ᠪᠦᠲᠦᠬᠡᠯ ᠵᠢᠡᠨ ᠤᠯᠠᠨ ᠲᠦᠮᠡᠨ ᠳ᠋ᠡᠬᠡᠨ ᠳᠡᠬᠡᠵᠢ ᠪᠤᠯᠭᠠᠨ ᠡᠷᠬᠦᠭᠰᠡᠨ ᠪᠢᠯᠡ︕ ᠢᠨᠭᠭᠢᠬᠡᠳ ᠲᠠ ᠪᠦᠬᠦᠨ ᠰᠡᠴᠡᠨᠲᠤᠶᠠᠭ᠎ᠠ ᠲᠠᠢ ᠲᠠᠨᠢᠯᠴᠠᠵᠤ᠂ ᠲᠡᠭᠦᠨ ᠤ ᠪᠤᠳᠤᠯ ᠤᠨ ᠴᠤᠪᠤᠭ᠎ᠠ ᠪᠡᠷ ᠬᠠᠮᠲᠤ ᠠᠶᠠᠯᠠᠰᠤᠭᠠᠢ︕
ᠡᠨᠡ ᠶ᠋ᠢᠷᠲᠢᠨᠴᠤ ᠵᠢᠨ ᠠᠯᠢᠪᠠ ᠠᠮᠢᠲᠠᠨ ᠤᠷᠭᠤᠮᠠᠯ᠂ ᠠᠭᠤᠯᠠ ᠬᠦᠪᠴᠢ᠂ ᠤᠷᠤᠰᠬᠠᠯ ᠭᠤᠤᠯ ᠪᠦᠬᠦᠳᠡ ᠳ᠋ᠤ ᠢᠯᠴᠢ ᠬᠡᠷᠡᠯ ᠵᠢᠡᠨ ᠲᠦᠬᠡᠬᠡᠭᠴᠢ ᠠᠯᠲᠠᠨ ᠨᠠᠷᠠᠨ ᠤᠷᠤᠢ ᠵᠢᠨ ᠰᠢᠷᠭᠠᠯ ᠲᠤᠶᠠᠭ᠎ᠠ ᠪᠡᠨ ᠰᠠᠴᠤᠷᠠᠭᠤᠯᠤᠭᠠᠰᠠᠷ ᠠᠭᠠᠵᠢᠮ ᠠᠭᠠᠵᠢᠮ ᠵᠢᠡᠷ ᠲᠤᠯᠤᠭᠠᠳ ᠵᠢᠨ ᠴᠠᠭᠠᠭᠤᠷ ᠳᠠᠯᠳᠠᠷᠢᠨ ᠤᠷᠤᠯ᠎ᠠ᠃ ᠲᠡᠭᠦᠨᠴᠡ ᠡᠬᠡ ᠳᠡᠯᠡᠬᠡᠢ ᠠᠮᠤᠭᠤᠯᠠᠡᠭ ᠲᠠᠶᠢᠪᠤᠡᠭ ᠤᠨ ᠲᠤᠮᠳᠠ ᠠᠨᠢᠷ ᠦᠭᠡᠶᠢᠬᠡᠨ ᠦᠳᠡᠰᠢ ᠵᠢᠨ ᠠᠮᠢᠰᠬᠤᠯ ᠵᠢᠡᠷ ᠠᠮᠢᠰᠬᠤᠯᠯᠠᠵᠤ ᠡᠬᠢᠯᠡᠬᠦ ᠳ᠋ᠤ ᠬᠡᠬᠡᠨ ᠰᠠᠷᠠᠨ ᠠᠵᠢᠯ ᠤᠨ ᠡᠬᠦᠷᠭᠡ ᠪᠡᠨ ᠡᠬᠢᠯᠡᠬᠦᠯᠵᠤ᠂ ᠭᠠᠵᠠᠷ ᠤᠨ ᠬᠡᠪᠡᠯᠢ ᠡᠴᠡ ᠦᠨᠳᠡᠶᠢᠨ ᠪᠤᠰᠴᠤ᠂ ᠤᠳᠤᠳ ᠤᠨ ᠲᠤᠮᠳᠠ ᠡᠴᠡ ᠤᠨᠴᠠᠭᠠᠢ ᠲᠤᠮᠤᠷᠠᠨ ᠭᠡᠷᠡᠯ ᠬᠡᠬᠡ ᠪᠡᠨ ᠬᠠᠶᠢᠷᠠᠯᠠᠪᠠ᠂ ᠡᠨᠡ ᠦᠶ᠎ᠡ ᠪᠡᠷ ᠪᠡᠰᠠ ᠰᠡᠨᠡᠭ ᠰᠡᠨᠡᠭ ᠰᠠᠯᠬᠢᠨ ᠬᠡᠬᠡᠷ᠎ᠡ ᠵᠢᠨ ᠬᠦᠭᠡ ᠴᠢᠨ᠋ᠸ᠎ᠠ ᠠᠷᠭᠠᠳᠠᠨ ᠮᠤᠨᠭᠭᠤᠯ ᠨᠤᠲᠤᠭ ᠤᠨ ᠦᠷᠦᠴᠡᠨ ᠳ᠋ᠤ ᠵᠢᠯᠤᠭᠤ ᠠᠯᠳᠠᠭᠤᠯᠤᠨᠭᠬᠠᠨ ᠲᠠᠪᠬᠢᠬᠤ ᠨᠢ ᠰᠡᠳᠬᠢᠯ ᠳ᠋ᠤ ᠲᠠᠭᠠᠲᠠᠢ︕ ᠰᠠᠷ᠎ᠠ ᠲᠡᠭᠡᠪᠦᠷ ᠲᠤ ᠰᠠᠭᠠᠲᠠᠵᠤ᠂ ᠰᠠᠯᠬᠢᠨ ᠤ ᠦᠵᠦᠬᠦᠷ ᠲᠤ ᠬᠡᠬᠡᠷ᠎ᠡ ᠵᠢᠨ ᠦᠨᠦᠷ ᠬᠠᠨᠭᠬᠤᠯᠠᠭᠰᠠᠨ ᠡᠶᠢᠮᠤ ᠰᠠᠶᠢᠬᠠᠨ ᠦᠳᠡᠰᠢ ᠪᠡᠷ ᠠᠯᠤᠰ ᠤᠨ ᠠᠯᠤᠰ ᠲᠤ ᠤᠶᠠᠨᠭᠭᠠᠨ ᠴᠡᠨᠭᠭᠡᠷ ᠠᠶᠠᠯᠭᠤ ᠴᠤᠤᠷᠢᠶᠠᠯᠠᠨ᠂ ᠰᠤᠨᠤᠰᠤᠭᠰᠠᠨ ᠪᠦᠭᠦᠳᠡ ᠵᠢᠨ ᠰᠡᠳᠬᠢᠯ ᠤᠨ ᠲᠤᠷᠭᠠᠨ ᠮᠡᠳᠡᠷᠡᠮᠵᠢ ᠳ᠋ᠤ ᠠᠮᠢᠳᠤᠷᠠᠯ ᠤᠨ ᠪᠤᠷᠤ ᠵᠢᠷᠤᠭᠯᠠᠯ᠂ ᠠᠮᠠᠷᠠᠭ ᠬᠠᠶᠢᠷ᠎ᠠ ᠵᠢᠨ ᠬᠡᠬᠡᠨ ᠲᠤᠷᠠᠯᠠᠯ ᠬᠡᠳ ᠠᠯᠢ ᠰᠠᠶᠢᠨ ᠰᠠᠶᠢᠬᠠᠨ ᠪᠦᠬᠦᠨ ᠢ ᠠᠴᠢᠶᠠᠯᠠᠵᠤ ᠬᠦᠷᠬᠦ ᠨᠢ ᠪᠠᠬᠠᠷᠬᠠᠯᠲᠠᠢ᠂ ᠬᠠᠷᠢᠨ ᠲᠡᠷᠡ ᠰᠠᠶᠢᠬᠠᠨ ᠠᠶᠠᠯᠭᠤ ᠵᠢᠨ ᠡᠬᠢ ᠰᠤᠷᠪᠤᠯᠵᠢ ᠶ᠋ᠢ ᠠᠨᠢᠷᠳᠠᠵᠤ ᠬᠦᠷᠪᠡᠰᠦ ᠤᠶᠠᠬᠠᠨ ᠪᠦᠰᠡᠬᠦᠢ ᠵᠢᠨ ᠤᠷᠠᠨ ᠢᠷᠠᠭᠤ ᠡᠬᠡᠰᠢᠭᠯᠡᠡᠭ ᠪᠠᠶᠢᠭᠰᠠᠨ ᠰᠠᠨᠵᠢ︕ᠤᠶᠠᠨ ᠬᠤᠭᠤᠯᠠᠢ ᠪᠡᠷ ᠳᠠᠭᠤᠤ ᠠᠶᠠᠯᠤᠵᠤ ᠪᠦᠬᠦᠢ ᠡᠨᠡ ᠪᠦᠰᠡᠬᠦᠢ ᠶ᠋ᠢ ᠰᠡᠴᠡᠨᠲᠤᠶᠠᠭ᠎ᠠ ᠬᠡᠨ᠎ᠡ᠃
1983 ᠤᠨ ᠳ᠋ᠤ ᠦᠤᠰᠢᠨ ᠬᠤᠰᠢᠭᠤᠨ ᠤ ᠭᠠᠯᠠᠭᠤᠳᠤ ᠪᠠᠯᠭᠠᠰᠤᠨ ᠤ ᠬᠦᠭᠡᠲᠤᠯᠤᠭᠠᠢ ᠭᠠᠴᠠᠭᠠᠨ ᠤ ᠨᠢᠬᠡᠨ ᠮᠠᠯᠴᠢᠨ ᠠᠶᠢᠯ ᠳᠤ ᠠᠨᠭᠬᠠᠨ ᠤ ᠳᠠᠭᠤ ᠪᠡᠨ ᠲᠠᠯᠪᠢᠵᠤ ᠠᠯᠠᠭ ᠳᠡᠯᠡᠬᠡᠢ ᠳ᠋ᠤ ᠢᠷᠡᠭᠰᠡᠨ ᠨᠢᠯᠬ᠎ᠠ ᠦᠬᠢᠨ ᠪᠤᠯ ᠰᠡᠴᠡᠨᠲᠤᠶᠠᠭ᠎ᠠ᠃ ᠲᠡᠷᠡ ᠪᠡᠷ 1999 ᠤᠨ ᠡᠴᠡ 2002 ᠤᠨ ᠬᠦᠷᠲᠡᠯ᠎ᠡ ᠲᠠᠯᠠᠳ ᠬᠤᠰᠢᠭᠤᠨ ᠤ ᠠᠵᠢᠯ ᠮᠡᠷᠭᠡᠵᠢᠯ ᠤᠨ ᠲᠡᠭᠡᠳᠤ ᠵᠡᠷᠭᠡ ᠢᠢᠨ ᠲᠤᠮᠳᠠᠳᠤ ᠰᠤᠷᠭᠠᠭᠤᠯᠢ ᠳᠤ 2001 ᠤᠨ ᠡᠴᠡ 2003 ᠣᠨ ᠬᠦᠷᠲᠡᠯ᠎ᠡ ᠳᠡᠳᠮ᠎ᠡ ᠤᠷᠠᠯᠢᠭ ᠤᠨ ᠰᠤᠷᠭᠠᠭᠤᠯᠢ ᠳᠤ᠂ 2003 ᠤᠨ ᠡᠴᠡ 2005 ᠣᠨ ᠬᠦᠷᠲᠡᠯ᠎ᠡ ᠲᠥᠪ ᠦᠨ ᠦᠨᠳᠦᠰᠦᠲᠡᠨ ᠦ ᠶᠡᠬᠡ ᠰᠤᠷᠭᠠᠭᠤᠯᠢ ᠳᠤ ᠰᠤᠷᠤᠯᠴᠠᠪᠠ᠂ 2005 ᠤᠨ ᠡᠴᠡ 2007 ᠣᠨ ᠳᠤ ᠥᠪᠥᠷ ᠮᠣᠩᠭᠤᠯ ᠤᠨ ᠷᠠᠳᠢᠣ᠋ ᠤᠷᠠᠯᠢᠭ ᠤᠨ ᠪᠦᠯᠬᠦᠮ ᠳ᠋ᠤ ᠠᠵᠢᠯᠯᠠᠵᠤ ᠪᠠᠶᠢᠭᠠᠳ 2007 ᠤᠨ ᠳᠤ ᠦᠤᠰᠢᠨ ᠬᠤᠰᠢᠭᠤᠨ ᠤ ᠤᠯᠠᠭᠠᠨᠮᠦ᠋ᠴᠢᠷ ᠲᠤ ᠠᠵᠢᠯ ᠤᠨ ᠭᠠᠷᠤᠭ᠎ᠠ ᠪᠡᠨ ᠠᠪᠴᠤ᠂ ᠲᠠᠭᠤᠤ ᠤᠷᠠᠯᠢᠭ ᠤᠨ ᠠᠶᠠᠨ ᠵᠠᠮ ᠵᠢᠨᠨ ᠡᠬᠢᠯᠡᠬᠦᠯᠥᠨ᠂ ᠠᠷᠪᠠᠨ ᠨᠡᠢᠮᠠᠨ ᠵᠢᠯ ᠤᠨ ᠬᠤᠭᠤᠴᠠᠭᠠᠨ ᠳ᠋ᠤ ︽ᠨᠤᠮᠢᠨ ᠲᠠᠨᠭᠰᠤᠭ ᠦᠤᠰᠢᠨ︾᠂︽ᠰᠡᠳᠬᠢᠯ ᠵᠢᠷᠦᠬᠡᠨ ᠳ᠋ᠡᠬᠢ ᠰᠢᠷᠠᠠᠤᠰᠤ︾᠂︽ᠮᠢᠨᠤ ᠦᠤᠰᠢᠨ︾᠂︽ᠦᠤᠰᠢᠨ ᠤ ᠮᠠᠭᠲᠠᠭᠠᠯ︾ ᠵᠡᠷᠭᠡ ᠲᠦᠯᠥᠬᠡᠯᠡᠬᠦ ᠴᠢᠨᠠᠷᠲᠠᠢ ᠤᠷᠠᠨ ᠪᠦᠲᠦᠬᠡᠯ ᠢ ᠠᠮᠢᠯᠠᠭᠤᠯᠤᠨ ᠳᠠᠭᠤᠯᠠᠵᠤ᠂ ᠠᠷᠠᠳ ᠤᠨ ᠳᠠᠭᠤᠨ ᠤ ᠠᠶ᠎ᠠ ᠡᠬᠡᠰᠢᠭ ᠢ ᠰᠢᠨ᠎ᠡ ᠴᠠᠭ ᠤᠨ ᠤᠷᠤᠰᠬᠠᠯ ᠲᠠᠢ ᠠᠭᠤᠰᠬᠠᠨ ᠨᠡᠪᠴᠢᠬᠡᠵᠤ ᠦᠵᠡᠭᠴᠢ ᠰᠤᠨᠤᠰᠤᠭᠴᠢ ᠵᠢᠨ ᠰᠤᠨᠤᠷ ᠲᠤ ᠬᠦᠷᠭᠡᠭᠰᠡᠨ ᠪᠠᠶᠢᠨ᠎ᠠ᠃ ᠶᠠᠭ ᠡᠶᠢᠮᠤ ᠡᠴᠡ ᠲᠡᠷᠡ ᠦᠤᠰᠢᠨ ᠤᠯᠠᠭᠠᠨᠮᠦ᠋ᠴᠢᠷ ᠲᠤ ᠠᠵᠢᠯᠯᠠᠨᠨᠰᠠᠨ 18 ᠵᠢᠯ ᠤᠨ ᠲᠤᠷᠰᠢ ᠬᠢᠵᠤ ᠪᠦᠲᠦᠬᠡᠭᠰᠡᠨ ᠠᠵᠢᠯ ᠦᠢᠯᠡᠰ ᠪᠡᠷ ᠵᠢᠡᠨ ᠤᠯᠤᠰ ᠤᠨ ᠲᠤᠳᠤᠭᠠᠳᠤ ᠭᠠᠳᠠᠭᠠᠳᠤ ᠵᠢᠨ ᠤᠯᠠᠨ ᠱᠠᠡᠭᠨᠠᠯ ᠬᠦᠬᠢᠬᠦᠯᠦᠯ ᠢ ᠲᠤᠰᠤᠭᠰᠠᠨ ᠵᠢᠡᠷ ᠪᠠᠷᠠᠬᠤ ᠦᠭᠡᠢ 2025 ᠤᠨ ᠤ 1 ᠰᠠᠷ᠎ᠠ ᠵᠢᠨ 15 ᠤ ᠤᠷᠤᠢ ᠦᠤᠰᠢᠨ ᠬᠤᠰᠢᠭᠤᠨ ᠤ ᠭᠠᠯᠠᠭᠤᠲᠤ ᠪᠠᠯᠭᠠᠰᠤᠨ ᠳ᠋ᠤ ᠪᠠᠶᠢᠭ᠎ᠠ ᠰᠢᠷᠠᠠᠤᠰᠤᠨ ᠲᠢᠶᠠᠲᠷ ᠲᠤ ᠦᠤᠰᠢᠨ ᠬᠤᠰᠢᠭᠤᠨ ᠤ ᠤᠯᠠᠭᠠᠨᠮᠦ᠋ᠴᠢᠷ ᠲᠠᠢ ᠬᠠᠮᠳᠤᠷᠠᠨ︽︿ᠤᠶᠠᠡᠭᠭᠠᠨ ᠦᠤᠰᠢᠨ﹀ᠰᠢᠨ᠎ᠡ ᠵᠢᠯ ᠤᠨ ᠳᠠᠭᠤᠤ ᠬᠦᠭᠵᠢᠮ ᠤᠨ ᠦᠳᠡᠰᠢᠯᠡᠬᠡ ᠪᠤᠯᠤᠨ︿ᠵᠢᠷᠦᠬᠡᠨ ᠤ ᠡᠬᠡᠰᠢᠭᠯᠡᠡᠭ ᠰᠡᠴᠡᠨᠲᠤᠶᠠᠭ᠎ᠠ ᠵᠢᠨ ᠳᠠᠭᠤᠤ ᠬᠦᠭᠵᠢᠮ ᠤᠨ ᠲᠤᠭᠯᠠᠯᠲᠠ﹀︾ᠪᠡᠨ ᠬᠢᠵᠤ᠂ ᠦᠵᠡᠭᠰᠡᠨ ᠪᠦᠬᠦᠳᠡ ᠵᠢᠨ ᠬᠠᠷᠠᠭ᠎ᠠ ᠶ᠋ᠢ ᠪᠠᠶᠠᠰᠬᠠᠨ ᠰᠤᠨᠤᠰᠤᠭᠰᠠᠨ ᠪᠦᠭᠦᠳᠡ ᠵᠢᠨ ᠴᠢᠬᠢ ᠶ᠋ᠢ ᠮᠢᠯᠢᠶᠠᠭᠰᠠᠨ ᠪᠠᠶᠢᠨ᠎ᠠ᠃ ᠮᠦᠨ ᠡᠬᠦᠨ ᠤ ᠳᠠᠭᠠᠤ ᠲᠠᠷᠠᠭ᠎ᠠ ᠡᠳᠦᠷ ᠨᠢ ᠡᠬᠦᠨ ᠤ ᠲᠤᠬᠠᠢ ᠰᠤᠳᠤᠯᠤᠨ ᠶᠠᠷᠢᠯᠴᠠᠬᠤ ᠬᠤᠷᠠᠯ ᠪᠤᠯᠵᠤ᠂ ᠤᠯᠤᠰ᠂ ᠤᠷᠤᠨ᠂ ᠬᠤᠲᠠ᠂ ᠬᠤᠰᠢᠭᠤᠨ ᠤ ᠤᠷᠠᠯᠢᠭ ᠳᠠᠭᠤᠨ ᠤ ᠬᠠᠮᠢᠭ᠎ᠠ ᠪᠦᠬᠦᠢ ᠮᠡᠷᠬᠡᠵᠢᠯᠲᠡᠨ ᠦᠪᠡᠷ ᠦᠪᠡᠷ ᠤᠨ ᠰᠠᠨᠠᠯ ᠪᠤᠳᠤᠯ ᠵᠢᠡᠨ ᠲᠡᠪᠰᠢᠬᠦᠯᠵᠡᠢ᠃
ᠰᠤᠷᠪᠤᠯᠵᠢᠯᠠᠭᠴᠢ᠄ ᠤᠷᠠᠯᠢᠭᠴᠢᠨ ᠪᠤᠯᠬᠤ ᠳ᠋ᠤ ᠴᠢᠨᠢ ᠬᠠᠮᠤᠭ ᠠᠨᠭᠬ᠎ᠠ ᠨᠦᠯᠥᠬᠡ ᠦᠵᠡᠬᠦᠯᠥᠭᠰᠡᠨ ᠬᠦᠮᠦᠨ ︖
ᠰᠡᠴᠡᠨᠲᠤᠶᠠᠭ᠎ᠠ᠄ ᠮᠢᠨᠤ ᠡᠵᠢ ᠯᠠ ᠪᠠᠶᠢᠵᠤ ᠲᠠᠭᠠᠷᠠᠨ᠎ᠠ᠂ ᠡᠬᠦᠨ ᠢ ᠶᠠᠷᠤ ᠨᠢ ᠶᠠᠭᠤ ᠬᠡᠵᠢ ᠬᠡᠯᠡᠬᠦ ᠪᠤᠢ᠂ ᠮᠠᠨ ᠤ ᠬᠢ ᠪᠠᠷᠤᠭ ᠤᠳᠤᠮ ᠵᠢᠡᠷ ᠵᠢᠡᠨ ᠳᠠᠭᠤᠴᠢᠨ ᠬᠦᠮᠦᠰ ᠪᠠᠶᠢᠭᠰᠠᠨ᠃ ᠨᠠᠶᠠ ᠶ᠋ᠢᠷᠡᠭᠡᠳ ᠤᠨ ᠳ᠋ᠤ ᠮᠠᠨ ᠤ ᠬᠦᠳᠡᠭᠡ ᠨᠤᠲᠤᠭ ᠤᠳᠤᠬᠢ ᠲᠠᠢ ᠠᠳᠠᠯᠢ ᠦᠭᠡᠢ ᠰᠢᠤ᠂ ᠬᠦᠮᠦᠨ ᠬᠠᠷ᠎ᠠ ᠳᠡᠮᠡᠢ ᠤᠯᠠᠨ ᠬᠠᠷᠠᠭᠳᠠᠬᠤ ᠦᠭᠡᠢ ᠪᠤᠶᠢᠳᠠ ᠵᠡᠯᠢᠭᠦᠳ ᠪᠠᠯᠠᠷ ᠤᠨ ᠬᠦᠨ ᠳ᠋ᠤ ᠬᠤᠷᠠᠭ᠎ᠠ ᠢᠰᠢᠬᠡ ᠬᠠᠷᠢᠭᠤᠯᠵᠤ ᠶᠠᠪᠤᠬᠤ ᠳ᠋ᠤ ᠠᠷᠠᠳ ᠤᠨ ᠳᠠᠭᠤᠤ ᠯᠠ ᠰᠡᠳᠬᠢᠯ ᠢ ᠮᠢᠨᠢ ᠬᠦᠪᠴᠢᠯᠡᠵᠤ ᠪᠠᠶᠢᠭᠰᠠᠨ᠂ ᠢᠨᠭᠭᠢᠬᠦ ᠳ᠋ᠤ ᠲᠡᠷᠡ ᠤᠯᠠᠨ ᠰᠠᠶᠢᠬᠠᠨ ᠠᠷᠠᠳ ᠤᠨ ᠳᠠᠭᠤᠤ ᠶ᠋ᠢ ᠡᠵᠢ ᠡᠴᠡ ᠪᠡᠨ ᠯᠠ ᠰᠤᠷᠴᠤ᠂ ᠪᠠᠳᠠᠭ ᠪᠠᠳᠠᠭ ᠵᠢᠡᠷ ᠤᠬᠠᠭᠠᠨ ᠲᠠᠷᠢᠬᠢᠨ ᠳ᠋ᠠᠭᠠᠨ ᠰᠢᠨᠭᠬᠡᠬᠡᠵᠤ ᠠᠪᠤᠭᠰᠠᠨ ᠶᠤᠮ᠃ ᠮᠠᠨ ᠤ ᠡᠵᠢ ᠲᠡᠬᠡᠬᠦ ᠳ᠋ᠤ ᠲᠡᠷᠡ ᠬᠠᠪᠢᠬᠠᠨ ᠳ᠋ᠠᠭᠠᠨ ᠶᠡᠭᠡ︽ᠨᠡᠷᠡᠲᠡᠢ︾ᠳᠠᠭᠤᠴᠢᠨ ᠬᠦᠮᠦᠨ ᠪᠠᠶᠢᠯ᠎ᠠ᠂ ᠨᠠᠶᠢᠷ ᠬᠤᠷᠢᠮ ᠪᠤᠯᠬᠤ ᠪᠡᠷ ᠯᠠ ᠬᠦᠮᠦᠰ ᠡᠵᠢ ᠶ᠋ᠢ ᠤᠷᠢᠵᠤ ᠳᠠᠭᠤᠯᠠᠭᠤᠯᠳᠠᠭ᠂ ᠬᠤᠭᠤᠯᠠᠢ ᠵᠢᠨ ᠬᠢᠨᠢ ᠦᠨᠭᠬᠡ ᠨᠢ ᠴᠤ ᠭᠤᠶᠤ᠂ ᠲᠡᠭᠡᠬᠦ ᠪᠡᠷ ᠵᠢᠡᠨ ᠪᠢ ᠬᠡᠵᠢᠶᠡᠳᠡ ᠡᠵᠢ ᠪᠡᠨ ᠳᠠᠭᠠᠵᠤ ᠬᠤᠷᠢᠮ᠂ ᠨᠠᠰᠤᠨ ᠪᠠᠶᠠᠷ ᠵᠢᠡᠷ ᠵᠠᠯᠠᠯᠠᠭᠠ ᠦᠭᠡᠢ ᠬᠦᠷᠴᠤ᠂ ᠵᠠᠪᠰᠠᠷ ᠢ ᠨᠢ ᠦᠵᠡᠵᠤ ᠳᠠᠭᠤᠤ ᠪᠦᠷᠢ ᠶ᠋ᠢ ᠨᠢ ᠤᠢ ᠲᠤᠶᠢᠨ ᠳ᠋ᠠᠭᠠᠨ ᠲᠤᠭᠲᠠᠭᠠᠵᠤ ᠶᠠᠪᠤᠭᠰᠠᠨ ᠡᠴᠡ ᠳᠠᠭᠤᠤ ᠤᠷᠠᠯᠢᠭ ᠤᠨ ᠠᠮᠲᠠᠨ ᠳ᠋ᠤ ᠨᠢ ᠤᠷᠤᠭᠰᠠᠨ ᠪᠢᠯᠡ︕ ᠭᠠᠶᠢᠬᠠᠮᠠᠷ ᠤᠴᠢᠷ ᠨᠢ ᠲᠤᠬᠠᠢ ᠵᠢᠨ ᠦᠶ᠎ᠡ ᠳ᠋ᠤ ᠬᠦᠳᠡᠭᠡ ᠨᠤᠲᠤᠭ ᠵᠢᠡᠷ ᠬᠤᠷᠢᠮ ᠨᠠᠶᠢᠷ ᠪᠤᠯᠤᠯ᠎ᠠ ᠬᠡᠭᠰᠡᠭᠡᠷ ᠪᠠᠷᠤᠭ ᠪᠦᠲᠦᠨ ᠰᠦᠨᠢᠵᠢᠨ ᠳᠠᠭᠤᠤ ᠬᠤᠭᠤᠷ ᠵᠢᠡᠨ ᠬᠠᠨᠭᠭᠢᠨᠠᠭᠤᠯᠵᠤ ᠬᠤᠨᠤᠳᠠᠭ᠂ ᠲᠡᠭᠡᠭᠡᠳ ᠪᠠᠰᠠ ᠳᠠᠭᠤᠤ ᠲᠠᠪᠬᠤᠴᠠᠨᠠ ᠬᠡᠬᠦ ᠤᠴᠢᠷ ᠪᠠᠶᠢᠬᠤ ᠦᠭᠡᠢ᠂ ᠢᠨᠭᠭᠢᠵᠤ ᠪᠤᠳᠤᠬᠤ ᠪᠡᠷ ᠮᠠᠨ ᠤ ᠡᠵᠢ ᠵᠢᠨ ᠦᠶ᠎ᠡ ᠵᠢᠨ ᠬᠦᠮᠦᠰ ᠠᠷᠠᠳ ᠤᠨ ᠳᠠᠭᠤᠤ ᠪᠡᠨ ᠬᠡᠳᠦᠢ ᠴᠤ ᠤᠯᠠᠨ ᠮᠡᠳᠡᠳᠡᠭ ᠪᠠᠶᠢᠭᠰᠠᠨ ᠢ ᠦᠨᠦ ᠦᠶ᠎ᠡ ᠵᠢᠨ ᠪᠢᠳᠠ ᠲᠦᠰᠦᠬᠡᠯᠡᠬᠦ ᠵᠢᠨ ᠠᠷᠭ᠎ᠠ ᠦᠭᠡᠢ᠂ ᠶᠠᠭᠤᠲᠠᠢ ᠴᠤ ᠭᠡᠰᠡᠨ ᠡᠵᠢ ᠮᠢᠨᠢ ᠯᠠ ᠲᠡᠶᠢᠮᠤ ᠰᠦᠷᠡᠬᠡᠢ ᠳᠠᠭᠤᠴᠢᠨ ᠬᠦᠮᠦᠨ ᠪᠠᠶᠢᠵᠤ᠂ ᠪᠢ ᠬᠠᠵᠠᠭᠤ ᠳ᠋ᠤ ᠨᠢ ᠭᠠᠭᠴᠠ ᠬᠤᠶᠠᠷ ᠵᠢᠡᠷ ᠳᠠᠭᠠᠵᠤ ᠳᠠᠭᠤᠯᠠᠭᠰᠠᠭᠠᠷ ᠪᠠᠶᠢᠭᠰᠠᠨ ᠲᠡᠶᠢᠮᠤ ᠵᠢᠷᠤᠭᠯᠠᠯ ᠤᠳᠤ ᠴᠤ ᠰᠡᠳᠬᠢᠯ ᠳ᠋ᠤ ᠲᠤᠳᠤᠬᠠᠨ᠂ ᠲᠡᠶᠢᠮᠤ ᠡᠴᠡ ᠮᠢᠨᠤ ᠤᠷᠠᠯᠢᠭ ᠤᠨ ᠵᠠᠮ ᠤᠨ ᠬᠠᠮᠤᠭ ᠠᠨᠭᠬᠠᠨ ᠤ ᠨᠦᠯᠥᠬᠡ ᠦᠵᠡᠬᠦᠯᠥᠭᠴᠢ ᠮᠦᠷᠲᠡᠭᠡᠨ ᠪᠠᠭᠰᠢ ᠪᠤᠯᠤᠭᠰᠠᠨ ᠬᠦᠮᠦᠨ ᠪᠤᠯ ᠮᠢᠨᠤ ᠡᠵᠢ ᠶᠠᠭᠠᠬᠢᠬᠤ ᠵᠢᠨ ᠠᠷᠭ᠎ᠠ ᠦᠭᠡᠢ ᠮᠦᠨ᠃
ᠰᠤᠷᠪᠤᠯᠵᠢᠯᠠᠭᠴᠢ᠄ ᠤᠷᠠᠯᠢᠭᠴᠢᠨ︵ᠡᠨᠳᠡ ᠵᠢᠭᠠᠵᠤ ᠪᠠᠶᠢᠭ᠎ᠠ ᠤᠷᠠᠯᠢᠭᠴᠢᠨ ᠬᠡᠳᠡᠭ ᠨᠢ ᠭᠤᠤᠯᠳᠠᠭᠤ ᠳᠠᠭᠤᠴᠢᠨ᠂ ᠬᠦᠭᠵᠢᠮᠴᠢᠨ᠂ ᠪᠦᠵᠢᠭᠴᠢᠨ ᠢ ᠵᠢᠭᠠᠵᠤ ᠪᠤᠢ︶ ᠪᠦᠬᠦᠳᠡ ᠵᠦᠴᠦᠬᠡᠴᠢᠨ ᠤᠤ ᠡᠰᠡᠬᠦᠯ᠎ᠡ ᠵᠦᠴᠦᠬᠡᠴᠢᠨ ᠪᠦᠬᠦᠳᠡ ᠤᠷᠠᠯᠢᠭᠴᠢᠨ ᠤᠤ︖ ᠤᠳᠤᠬᠢ ᠠᠬᠤᠢ ᠪᠠᠶᠢᠳᠠᠯ ᠲᠤᠤᠷ᠎ᠠ ᠮᠠᠨ ᠤ ᠬᠤᠲᠠ ᠵᠢᠨ ᠬᠡᠪᠴᠢᠶ᠎ᠡ ᠪᠡᠷ ᠵᠢᠰᠢᠶᠡᠯᠡᠵᠤ ᠶᠠᠷᠢᠪᠠᠯ ᠤᠯᠠᠭᠠᠨᠮᠦ᠋ᠴᠢᠷ ᠤᠨ ᠠᠵᠢᠯᠲᠠᠳ ᠶᠠᠭᠠᠬᠢᠵᠤ ᠠᠵᠢᠯᠯᠠᠪᠠᠯ ᠵᠤᠬᠢᠯᠲᠠᠢ ᠪᠠᠶᠢᠨ᠎ᠠ︖
ᠰᠡᠴᠡᠨᠲᠤᠶᠠᠭ᠎ᠠ᠄ ᠮᠠᠨ ᠤ ᠦᠤᠰᠢᠨ ᠤᠯᠠᠭᠠᠨᠮᠦ᠋ᠴᠢᠷ ᠵᠢᠡᠷ ᠠᠪᠴᠤ ᠬᠡᠯᠡᠪᠡᠯ ᠪᠦᠬᠦᠳᠡᠭᠡᠷ ᠵᠢᠡᠨ ᠴᠦᠮ ᠵᠦᠴᠦᠬᠡᠴᠢᠨ᠂ ᠤᠴᠢᠷ ᠨᠢ ᠲᠠᠶᠢᠰᠠᠨ ᠳ᠋ᠤ ᠭᠠᠷᠬᠤ ᠳ᠋ᠤ ᠵᠠᠪᠠᠯ ᠵᠦᠴᠦᠬᠡᠯᠡᠬᠦ ᠬᠡᠷᠡᠭᠲᠡᠢ᠂ ᠪᠦᠵᠢᠭᠴᠢᠨ᠂ ᠳᠠᠭᠤᠴᠢᠨ ᠂ ᠬᠦᠭᠵᠢᠮᠴᠢᠨ ᠬᠡᠳ ᠪᠦᠬᠦᠳᠡᠭᠡᠷ ᠵᠢᠡᠨ ᠵᠠᠪᠠᠯ ᠨᠢᠭᠤᠷ ᠲᠡᠭᠡᠨ ᠴᠤᠭ ᠪᠠᠳᠠᠷᠭᠠᠬᠤ ᠶᠤᠰᠤᠲᠠᠢ᠂ ᠨᠢᠬᠡ ᠶᠡᠭᠡ ᠠᠭᠤᠷᠲᠠᠢ᠂ ᠡᠰᠡᠬᠦᠯ᠎ᠡ ᠭᠤᠨᠢᠭ ᠭᠤᠲᠤᠷᠠᠯ ᠲᠠᠢ ᠪᠡᠷ ᠲᠠᠶᠢᠰᠠᠨ ᠳ᠋ᠤ ᠭᠠᠷᠤᠭᠠᠳ ᠶᠠᠭᠠᠬᠢᠵᠤ ᠰᠠᠶᠢᠬᠠᠨ ᠳᠠᠭᠤᠯᠠᠯ᠎ᠠ ᠴᠤ ᠬᠡᠰᠡᠨ ᠬᠦᠮᠦᠨ ᠤ ᠰᠡᠳᠬᠢᠯ ᠳ᠋ᠤ ᠬᠦᠷᠴᠤ ᠴᠢᠳᠠᠬᠤ ᠦᠭᠡᠢ ᠰᠢᠤ ᠳ᠋ᠠ᠃ ᠡᠬᠦᠨ ᠤ ᠬᠠᠮᠲᠤ ᠤᠷᠴᠢᠮ ᠤᠨ ᠵᠢᠯ ᠤᠳ ᠲᠤ ᠦᠵᠡᠭᠴᠢᠳ ᠰᠤᠨᠤᠰᠤᠭᠴᠢᠳ ᠤᠨ ᠱᠠᠭᠠᠷᠳᠠᠯᠭ᠎ᠠ ᠶᠠᠪᠤᠬᠤ ᠲᠤᠰᠤᠮ ᠦᠨᠳᠦᠷᠵᠢᠵᠤ᠂ ᠵᠦᠪᠬᠡᠨ ᠲᠠᠶᠢᠰᠠᠨ ᠳ᠋ᠤ ᠤᠷᠠᠯᠢᠭ ᠤᠨ ᠲᠤᠭᠯᠠᠯᠲᠠ ᠪᠡᠨ ᠭᠠᠷᠭᠠᠭᠠᠳ ᠲᠡᠳᠡᠨ ᠤ ᠤᠶᠤᠨ ᠰᠠᠨᠠᠭᠠᠨ ᠤ ᠦᠯᠥᠰᠦᠯ ᠢ ᠲᠠᠷᠤᠵᠤ ᠴᠢᠳᠠᠬᠤ ᠪᠢᠰᠢ ᠪᠤᠯᠵᠠᠢ᠂ ᠲᠡᠶᠢᠮᠤ ᠡᠴᠡ ᠪᠢᠳᠠ ᠴᠤ ᠴᠠᠭ ᠦᠶ᠎ᠡ ᠵᠢᠨ ᠬᠡᠷᠡᠭᠴᠡᠭᠡ ᠱᠠᠭᠠᠷᠳᠠᠯᠭ᠎ᠠ ᠳ᠋ᠤ ᠵᠤᠬᠢᠴᠠᠭᠤᠯᠤᠨ ᠲᠦᠷᠢ ᠳ᠋ᠤ ᠲᠤᠭᠯᠠᠬᠤ᠂ ᠲᠡᠬᠦᠪᠡᠷ ᠵᠢᠡᠨ ᠳᠠᠮᠵᠢᠭᠤᠯᠤᠨ ᠤᠷᠠᠯᠢᠭ ᠰᠤᠶᠤᠯ ᠤᠨ ᠦᠨᠡᠨ ᠭᠠᠶᠢᠬᠠᠮᠰᠢᠭ ᠢ ᠨᠡᠡᠭ ᠤᠯᠠᠨ ᠬᠦᠮᠦᠨ ᠳ᠋ᠤ ᠬᠦᠷᠬᠡᠬᠦ ᠪᠡᠷ ᠴᠢᠷᠮᠠᠶᠢᠵᠤ ᠪᠠᠶᠢᠭ᠎ᠠ ᠪᠢᠯᠡ᠃ ᠶᠠᠭ ᠡᠶᠢᠮᠤ ᠡᠴᠡ ᠤᠳᠤᠬᠠᠨ ᠤ ᠪᠠᠶᠢᠳᠠᠯ ᠲᠤᠤᠷ᠎ᠠ ᠤᠷᠠᠯᠢᠭᠴᠢᠨ ᠪᠦᠬᠦᠳᠡ ᠵᠦᠴᠦᠬᠡᠴᠢᠨ ᠪᠤᠯᠤᠭᠰᠠᠨ ᠮᠦᠷᠲᠡᠭᠡᠨ ᠲᠡᠭᠡᠬᠦ ᠴᠤ ᠶᠤᠰᠤᠲᠠᠢ᠃ ᠬᠠᠷᠢᠨ ᠵᠦᠴᠦᠬᠡᠴᠢᠨ ᠪᠦᠬᠦᠳᠡ ᠤᠷᠠᠯᠢᠭᠴᠢᠨ ᠪᠢᠰᠢ ᠪᠠᠶᠢᠵᠤ ᠪᠤᠯᠤᠨ᠎ᠠ᠂ ᠨᠢᠬᠡ ᠬᠦᠮᠦᠨ ᠦᠭᠡ ᠶᠠᠷᠢᠶ᠎ᠠ ᠪᠡᠷ ᠵᠢᠡᠨ᠂ ᠡᠰᠡᠪᠡᠯ ᠦᠨᠭᠬᠡ ᠵᠢᠰᠦ ᠪᠡᠷ ᠵᠢᠡᠨ᠂ ᠨᠡᠡᠭ ᠦᠭᠡᠷ᠎ᠡ ᠮᠡᠷᠬᠡᠵᠢᠯ ᠵᠢᠡᠷ ᠵᠢᠡᠨ ᠵᠦᠴᠦᠬᠡᠴᠢᠨ ᠤ ᠠᠯᠳᠠᠷ ᠢ ᠵᠡᠬᠦᠵᠤ ᠶᠠᠪᠤᠭ᠎ᠠ ᠨᠢ ᠤᠯᠠᠨ ᠪᠤᠢ᠂ ᠲᠡᠳᠡᠨ ᠢ ᠤᠷᠠᠯᠢᠭᠴᠢᠨ ᠬᠡᠵᠤ ᠬᠡᠯᠡᠬᠦ ᠵᠢᠨ ᠠᠷᠭ᠎ᠠ ᠦᠭᠡᠢ ᠰᠢᠤ᠃
ᠰᠤᠷᠪᠤᠯᠵᠢᠯᠠᠭᠴᠢ᠄ ᠲᠡᠭᠡᠪᠡᠯ ᠤᠷᠠᠯᠢᠭ ᠤᠨ ᠵᠠᠮ ᠮᠦᠷ ᠶᠠᠮᠠᠷᠬᠠᠨ ᠬᠦᠴᠢᠷ ᠪᠠᠶᠢᠳᠠᠭ ᠪᠤᠢ︖ ᠲᠠᠶᠢᠰᠠᠨ ᠲᠡᠭᠡᠷ᠎ᠡ ᠪᠡ ᠲᠠᠶᠢᠰᠠᠨ ᠤ ᠠᠷᠤ ᠳ᠋ᠤ ᠬᠡᠳᠦᠢ ᠵᠦᠷᠢᠶ᠎ᠡ ᠲᠠᠢ ᠪᠤᠢ︖
ᠰᠡᠴᠡᠨᠲᠤᠶᠠᠭ᠎ᠠ᠄ ︽ᠲᠠᠶᠢᠰᠠᠨ ᠤ ᠠᠷᠤ ᠳ᠋ᠡᠬᠢ ᠠᠷᠪᠠᠨ ᠵᠢᠯ ᠤᠨ ᠴᠢᠷᠮᠠᠶᠢᠯᠭ᠎ᠠ ᠪᠠᠶᠢᠮᠠᠨᠵᠢᠨ ᠰᠠᠶ᠋ᠢ ᠲᠠᠶᠢᠰᠠᠨ ᠲᠡᠭᠡᠷ᠎ᠡ ᠭᠠᠭᠴᠠᠬᠠᠨ ᠮᠢᠨᠦ᠋ᠲ ᠲᠤᠭᠯᠠᠳᠠᠭ︾ᠬᠡᠬᠦ ᠨᠢᠬᠡ ᠦᠬᠡ ᠪᠠᠶᠢᠳᠠᠭ᠃ ᠲᠤᠬᠠᠶᠢᠯᠠᠭᠰᠠᠨ ᠠᠵᠢᠯ ᠤᠨ ᠲᠠᠯ᠎ᠠ ᠪᠡᠷ ᠦᠬᠡᠷ᠎ᠡ ᠪᠢ ᠶᠠᠭᠤ ᠦᠬᠦᠯᠡᠬᠦ ᠪᠢᠯᠡ︖ ᠶᠠᠭᠠᠬᠢᠵᠤ ᠶᠠᠭᠠᠬᠢᠵᠤ ᠪᠤᠯᠪᠠᠰᠤᠷᠠᠭᠠᠳ᠂ ᠬᠡᠳᠦᠢ ᠶᠡᠭᠡ ᠵᠤᠪᠠᠯᠠᠡᠭ ᠢ ᠲᠤᠭᠤᠯᠤᠭᠠᠳ ᠭᠡᠵᠤ ᠪᠡᠶ᠎ᠡ ᠪᠡᠨ ᠮᠠᠭᠲᠠᠪᠠᠯ ᠤᠳᠬ᠎ᠠ ᠦᠭᠡᠢ ᠪᠠ᠃ ᠬᠠᠷᠢᠨ ᠤᠷᠠᠯᠢᠭ ᠤᠨ ᠵᠠᠮ ᠮᠦᠷ ᠳ᠋ᠡᠬᠢ ᠦᠬᠡᠷ᠎ᠡ ᠪᠤᠰᠤᠳ ᠬᠦᠴᠢᠷᠳᠠᠯ ᠡᠴᠡ ᠨᠢᠬᠡ ᠬᠤᠶᠠᠷ ᠢ ᠲᠡᠬᠦᠵᠤ ᠶᠠᠷᠢᠬᠤ ᠳ᠋ᠤ᠂ ᠤᠳᠤ ᠵᠢᠨ ᠴᠠᠭ ᠲᠤ ᠤᠷᠠᠯᠢᠭ ᠤᠨ ᠵᠠᠮ ᠮᠦᠷ ᠵᠢᠡᠷ ᠵᠠᠮᠨᠠᠬᠤ ᠳ᠋ᠤ ᠵᠤᠭᠤᠰ ᠮᠦᠨᠭᠭᠦ ᠶᠡᠭᠡ ᠱᠠᠭᠠᠷᠳᠠᠭᠳᠠᠭ᠃ ᠨᠢᠬᠡ ᠰᠠᠶᠢᠬᠠᠨ ᠤᠷᠠᠨ ᠪᠦᠲᠦᠬᠡᠯ ᠵᠢᠡᠨ ᠲᠦᠮᠡᠨ ᠤ ᠮᠡᠯᠮᠡᠢ ᠳ᠋ᠤ ᠬᠦᠷᠭᠡᠶ᠎ᠡ ᠬᠡᠪᠡᠯ ᠰᠡᠬᠦᠳᠡᠷᠯᠡᠨ ᠵᠢᠷᠤᠭᠯᠠᠬᠤ᠂ ᠳᠠᠭᠤᠤ ᠰᠢᠨᠭᠬᠡᠬᠡᠬᠦ᠂ ᠬᠤᠪᠴᠠᠰᠤ ᠰᠤᠯᠢᠬᠤ᠂ ᠨᠢᠭᠤᠷ ᠪᠤᠳᠤᠯᠲᠠ ᠬᠢᠬᠦ ᠬᠡᠳ ᠦᠷᠦᠬᠡᠯ ᠤᠨ ᠨᠢᠳᠤᠨ ᠳ᠋ᠤ ᠦᠯᠥ ᠬᠠᠷᠠᠭᠳᠠᠬᠤ ᠮᠠᠰᠢ ᠤᠯᠠᠨ ᠶᠠᠪᠤᠴᠠ ᠪᠠᠶᠢᠳᠠᠭ ᠮᠦᠷᠲᠡᠭᠡᠨ ᠲᠡᠷᠡ ᠨᠢ ᠴᠦᠮ ᠵᠤᠭᠤᠰ ᠮᠦᠨᠭᠭᠦ ᠪᠡᠷ ᠲᠡᠪᠢᠰᠴᠤ ᠭᠠᠷᠬᠤ ᠵᠠᠮ᠃ ᠡᠬᠦᠨ ᠲᠠᠢ ᠪᠡᠨ ᠵᠡᠷᠭᠡᠴᠡᠭᠡᠳ ᠬᠠᠮᠲᠤ ᠤᠯᠠᠨ ᠤ ᠬᠠᠮᠲᠤᠷᠠᠯᠴᠠᠭ᠎ᠠ ᠴᠤ ᠨᠡᠡᠭ ᠴᠢᠬᠤᠯᠠ᠂ ᠭᠠᠭᠴᠠᠭᠠᠷ ᠵᠢᠡᠨ ᠤᠷᠠᠨ ᠪᠦᠲᠦᠬᠡᠯ ᠬᠢᠵᠤ ᠭᠠᠷᠭᠠᠨ᠎ᠠ ᠬᠡᠵᠤ ᠮᠢᠨᠤ ᠬᠤᠪᠢ ᠳ᠋ᠤ ᠪᠠᠶᠢᠬᠤ ᠦᠭᠡᠢ᠃ ᠲᠡᠶᠢᠮᠤ ᠡᠴᠡ ᠤᠷᠠᠯᠢᠭ ᠤᠨ ᠵᠠᠮ ᠮᠦᠷ ᠳ᠋ᠡᠬᠢ ᠬᠠᠳᠠᠭᠤᠬᠠᠨ ᠲᠠᠪᠠᠭ᠎ᠠ ᠨᠢᠳᠤᠨ ᠳ᠋ᠤ ᠦᠯᠥ ᠬᠠᠷᠠᠭᠳᠠᠵᠤ ᠭᠠᠷ ᠲᠤ ᠦᠯᠥ ᠪᠠᠷᠢᠭᠳᠠᠨᠠᠮ᠂ ᠶᠠᠭᠤᠲᠠᠢ ᠴᠤ ᠭᠡᠰᠡᠨ ᠬᠦᠰᠡᠯ ᠵᠤᠷᠢᠯᠲᠠ ᠵᠦᠭ ᠵᠢᠡᠨ ᠲᠡᠮᠡᠤᠯᠡᠵᠤ᠂ ᠲᠠᠪᠠᠭ᠎ᠠ ᠪᠤᠯᠭᠠᠨ ᠢ ᠲᠠᠪᠠᠵᠤ ᠯᠠ ᠶᠠᠪᠤᠨ᠎ᠠ᠃
ᠰᠤᠷᠪᠤᠯᠵᠢᠯᠠᠭᠴᠢ᠄ ᠵᠠ᠂ ᠰᠤᠷᠪᠤᠯᠵᠢᠯᠠᠭ᠎ᠠ ᠬᠦᠯᠢᠶᠡᠭᠰᠡᠨ ᠲᠠᠨ ᠳ᠋ᠠᠭᠠᠨ ᠪᠠᠶᠠᠷᠯᠠᠯ᠎ᠠ︕
ᠰᠡᠴᠡᠨᠲᠤᠶᠠᠭ᠎ᠠ᠄ ᠲᠠᠨ ᠳ᠋ᠤ ᠴᠤ ᠮᠠᠰᠢ ᠶᠡᠭᠡ ᠪᠠᠶᠠᠷᠯᠠᠯ᠎ᠠ᠃ ᠠᠵᠢᠯ ᠤᠨ ᠦᠨᠳᠦᠷ ᠠᠮᠵᠢᠯᠲᠠ ᠬᠦᠰᠡᠶ᠎ᠡ︕