ᠨᠠᠶᠢᠷᠠᠭᠤᠯᠤᠭᠴᠢ ᠵᠢᠨ ᠦᠬᠡ᠄ ᠲᠤᠮᠳᠠᠳᠤ ᠤᠯᠤᠰ ᠤᠨ ᠤᠮᠠᠷᠠᠳᠤ ᠬᠢᠵᠠᠭᠠᠷ ᠲᠦ ᠪᠠᠶᠢᠷᠢᠯᠠᠬᠤ ᠬᠦᠪᠴᠢ ᠵᠢᠨ ᠡᠯᠡᠰᠤ ᠨᠢ ᠤᠷᠳᠤᠰ ᠤᠨ ᠦᠨᠳᠦᠷᠯᠢᠭ ᠢ ᠳᠤᠭᠤᠷᠢᠨ ᠤᠭᠠᠯᠵᠠᠯᠠᠨ ᠤᠷᠤᠰᠤᠭᠰᠠᠨ ᠬᠠᠳᠤᠨ ᠭᠤᠤᠯ ᠤᠨ ᠬᠦᠵᠦᠬᠦᠨ ᠳᠡᠭᠡᠷ᠎ᠠ ᠪᠤᠶᠤ ᠤᠷᠳᠤᠰ ᠤᠨ ᠦᠨᠳᠦᠷᠯᠢᠭ ᠤᠨ ᠬᠤᠶᠢᠳᠤ ᠪᠡᠶ᠎ᠠ ᠵᠢᠨ ᠬᠠᠩᠬᠢᠨ ᠬᠤᠰᠢᠭᠤ᠂ ᠳᠠᠯᠠᠳ ᠬᠤᠰᠢᠭᠤ ᠂ ᠵᠡᠬᠦᠨᠭᠠᠷ ᠬᠤᠰᠢᠭᠤᠨ ᠤ ᠨᠤᠳᠤᠭ ᠳᠡᠭᠡᠷ᠎ᠠ ᠬᠦᠨᠳᠡᠯᠢᠰᠴᠤ ᠪᠠᠶᠢᠳᠠᠭ᠃ 3000 ᠵᠢᠯ ᠤᠨ ᠡᠮᠦᠨ᠎ᠠ ᠡᠨᠡ ᠨᠤᠳᠤᠭ ᠲᠦ ᠡᠪᠡᠰᠤ ᠮᠤᠳᠤ ᠢᠬ᠍ᠴᠤᠷᠠᠨ ᠨᠤᠮᠢᠨ ᠨᠤᠭᠤᠭᠠᠨ ᠨᠤᠳᠤᠭ ᠤᠰᠤᠨ ᠪᠠᠶᠢᠯ᠎ᠠ ᠭᠡᠵᠦ ︽ᠰᠢᠯᠦᠭ᠍ᠯᠡᠯᠳᠤ ᠨᠤᠮ︾ ᠳ᠋ᠤ ᠳᠡᠮᠳᠡᠭ᠍ᠯᠡᠵᠦ ᠪᠠᠶᠢᠳᠠᠭ ᠪᠤᠯ ᠲᠠᠩ ᠬᠦᠷᠦᠨ ᠤ ᠦᠶ᠎ᠠ ᠳ᠋ᠤ ᠬᠦᠪᠴᠢ ᠵᠢᠨ ᠡᠯᠡᠰᠤ ᠨᠢ ︽ ᠺᠦ᠋ ᠵᠢᠶᠧ ᠡᠯᠡᠰᠤ︾ ᠭᠡᠭ᠍ᠳᠡᠳᠡᠭ ᠪᠠᠶᠢᠭᠰᠠᠨ ᠪᠠ ᠮᠢᠩ ᠴᠢᠩ ᠤᠨ ᠦᠶ᠎ᠡ ᠳ᠋ᠤ ᠦᠷᠭᠡᠵᠢᠨ ᠲᠡᠯᠡᠷᠡᠭ᠍ᠰᠡᠨ ᠭᠡᠳᠡᠭ ᠃ ᠬᠦᠪᠴᠢ ᠵᠢᠨ ᠡᠯᠡᠰᠤ ᠢᠢ ᠨᠤᠭᠤᠭᠠᠷᠠᠭᠤᠯᠬᠤ ᠠᠵᠢᠯ ᠰᠢᠨ᠎ᠠ ᠳᠤᠮᠳᠠᠳᠤ ᠤᠯᠤᠰ ᠪᠠᠶᠢᠭᠤᠯᠤᠭᠳᠠᠭᠰᠠᠨ ᠴᠠᠭ ᠦᠶ᠎ᠠ ᠡᠴᠡ ᠡᠬᠢᠯᠡᠭ᠍ᠰᠡᠨ ᠶᠤᠮ ᠃ ᠳᠡᠭᠡᠷ᠎ᠠ ᠵᠠᠭᠤᠨ ᠤ ᠳᠠᠪᠢᠭᠠᠳ ᠤᠨ ᠳ᠋ᠤ ︽ᠬᠠᠭᠠᠯᠪᠤᠷᠢᠯᠠᠯᠳᠠ ᠢᠢ ᠬᠢᠵᠠᠭᠠᠷᠯᠠᠵᠦ᠂ ᠪᠡᠯᠴᠢᠭᠡᠷ ᠢ ᠬᠠᠮᠠᠭᠠᠯᠠᠬᠤ︾᠂ ᠵᠢᠷᠠᠭᠠᠳ ᠤᠨ ᠳ᠋ᠤ ︽ᠡᠪᠡᠰᠤ ᠮᠤᠳᠤ ᠳᠠᠷᠢᠵᠦ ᠦᠨᠳᠤᠰᠤᠨ ᠳᠠᠷᠢᠶᠠᠨ ᠭᠠᠵᠠᠷ ᠢ ᠬᠠᠮᠠᠭᠠᠯᠠᠬᠤ︾᠂ ᠳᠠᠯᠠᠭᠠᠳ ᠤᠨ ᠳ᠋ᠤ ︽ᠭᠠᠵᠠᠷ ᠳᠠᠷᠢᠶ᠎ᠠ ᠪᠡᠯᠴᠢᠭᠡᠷ ᠤᠰᠤ ᠤᠢ ᠰᠢᠭᠤᠢ ᠵᠢ ᠶᠡᠷᠦᠩᠭᠡᠶᠢᠯᠠᠨ ᠵᠠᠰᠠᠬᠤ︾᠂ ᠨᠠᠶᠠᠭᠠᠳ ᠤᠨ ᠳ᠋ᠤ ︽ᠤᠷᠭᠤᠮᠠᠯ ᠤᠨ ᠪᠦᠷᠬᠦᠴᠡ ᠵᠢ ᠨᠡᠮᠡᠭ᠍ᠳᠡᠬᠦᠯᠬᠦ ᠠᠵᠢᠯ ᠢ ᠴᠢᠬᠤᠯᠠᠴᠢᠯᠠᠨ ᠠᠳᠬᠤᠬᠤ︾ ᠭᠡᠬᠦᠴᠢᠯᠡᠨ ᠬᠦᠪᠴᠢ ᠵᠢᠨ ᠡᠯᠡᠰᠤ ᠵᠢ ᠵᠠᠰᠠᠵᠤ ᠡᠯᠡᠰᠤ ᠢᠢ ᠤᠶᠢᠵᠢᠭᠤᠯᠬᠤ ᠠᠵᠢᠯ ᠶᠡᠷᠦ ᠨᠢ ᠳᠠᠰᠤᠯᠳᠠᠭᠠ ᠦᠭᠡᠢ ᠶᠠᠪᠤᠭᠳᠠᠭᠰᠠᠭᠠᠷ ᠢᠷᠡᠭ᠍ᠰᠡᠨ ᠪᠢᠯᠡ᠃︽ᠭᠤᠷᠪᠠᠨ ᠤᠮᠠᠷᠠᠳᠤ ᠵᠢᠨ ᠬᠠᠯᠬᠠᠪᠴᠢ ᠤᠢ︾ᠵᠢᠨ ᠵᠤᠷᠢᠭ ᠰᠠᠨᠠᠭ᠎ᠠ ᠢᠢ ᠶᠠᠷᠢᠬᠤ ᠳ᠋ᠤ ᠦᠪᠤᠷ ᠮᠤᠩᠭᠤᠯᠴᠤᠳ ᠤᠨ ᠤᠶᠢᠵᠢᠭᠤᠯᠤᠯᠳᠠ ᠨᠤᠭᠤᠭᠠᠷᠠᠭᠤᠯᠤᠯᠳᠠ ᠳᠤᠷᠠᠳᠤᠬᠳᠠᠨᠠ᠂ ᠦᠪᠤᠷ ᠮᠤᠩᠭᠤᠯᠴᠤᠳ ᠤᠨ ᠠᠮᠢ ᠠᠬᠤᠢ ᠵᠢᠨ ᠪᠦᠳᠦᠭᠡᠨ ᠪᠠᠶᠢᠭᠤᠯᠤᠯᠳᠠ ᠢᠢ ᠳᠤᠷᠠᠳᠬᠤ ᠳ᠋ᠤ ᠬᠦᠪᠴᠢ ᠵᠢᠨ ᠡᠯᠡᠰᠦ ᠢᠢ ᠨᠤᠭᠤᠭᠠᠷᠠᠭᠤᠯᠤᠨ ᠳᠡᠯᠡᠭᠡᠢ ᠳ᠋ᠤ ᠠᠯᠳᠠᠷ ᠨᠠᠷᠠ ᠪᠠᠨ ᠳᠠᠮᠠᠭᠠᠯᠠᠭᠰᠠᠨ ᠬᠠᠩᠬᠢᠨᠴᠤᠳ ᠳᠤᠷᠠᠳᠤᠭᠳᠠᠨ᠎ᠠ ᠃ ᠲᠡᠷᠡ ᠤᠯᠠᠨ ᠬᠦᠮᠦᠨ ᠠᠷᠠᠳ ᠤᠨ ᠲᠤᠳᠤᠷ᠎ᠠ ᠡᠴᠡ ᠤᠳᠤ ᠴᠠᠭ ᠲᠤ ᠰᠢᠨ᠎ᠡ ᠴᠠᠭ ᠦᠶ᠎ᠡ ᠵᠢᠨ ᠰᠢᠨᠵᠢᠯᠡᠬᠡ ᠮᠡᠷᠬᠡᠵᠢᠯ ᠢ ᠬᠦᠮᠦᠨ ᠤ ᠬᠦᠴᠦᠨ ᠲᠠᠢ ᠠᠭᠤᠰᠤᠯᠴᠠᠭᠤᠯᠤᠨ᠂ ᠤᠬᠤᠷᠬᠠᠨ ᠭᠤᠷᠪᠠᠨ ᠵᠢᠯ ᠤᠨ ᠲᠤᠳᠤᠷ᠎ᠠ ᠬᠤᠷᠢᠨ ᠭᠤᠷᠪᠡᠨ ᠲᠦᠮᠡᠨ ᠮᠦ ᠵᠢᠨ ᠡᠯᠡᠰᠦ ᠶ᠋ᠢ ᠤᠶᠢᠵᠢᠭᠤᠯᠤᠨ ᠨᠤᠭᠤᠠᠭᠠᠷᠠᠭᠤᠯᠵᠤ ᠶᠠᠪᠤᠭ᠎ᠠ ᠬᠤᠷᠢᠶᠠᠯᠲᠠ ᠵᠢᠨ ᠦᠯᠢᠬᠡᠷ ᠨᠡᠡᠭ ᠢᠯᠡᠬᠦᠦ ᠶᠠᠷᠢᠭᠳᠠᠨ᠎ᠠ᠃ ᠤᠴᠢᠵᠤ ᠤᠶᠢᠯᠠᠭᠠᠰᠤᠭᠠᠢ︕
ᠬᠠᠮᠢᠶ᠎ᠠ ᠪᠦᠬᠦᠢ ᠬᠤᠯᠪᠤᠭᠠᠰᠤ᠄ 2023 ᠣᠨ ᠤ 6 ᠰᠠᠷ᠎ᠠ ᠢᠢᠨ 5 ᠡᠴᠡ 6 ᠤ᠋ ᠡᠳᠦᠷ ᠪᠣᠯᠲᠠᠯ᠎ᠠ᠂ ᠶᠡᠷᠦᠩᠬᠡᠶ ᠱᠦᠵᠢ ᠰᠢ ᠵᠢᠨ ᠫᠢᠩ ᠥᠪᠥᠷ ᠮᠣᠩᠭᠣᠯ ᠤᠨ ᠪᠠᠶᠠᠨᠨᠠᠭᠤᠷ ᠬᠣᠲᠠ ᠳᠤ ᠰᠢᠨᠵᠢᠯᠡᠨ ᠪᠠᠶᠢᠴᠠᠭᠠᠬᠤ ᠢᠢᠨ ᠬᠠᠮᠲᠤ ᠡᠯᠡᠰᠦᠷᠬᠡᠭ᠍ᠵᠢᠯ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠢᠢ ᠴᠢᠩᠭᠠᠳᠬᠠᠬᠤ ᠪᠠ ︽ᠭᠤᠷᠪᠠᠨ ᠤᠮᠠᠷᠠᠲᠤ ᠢᠢᠨ ᠬᠠᠯᠬᠠᠪᠴᠢ ᠤᠢ︾ᠵᠡᠷᠭᠡ ᠭᠤᠤᠯᠳᠠᠯᠭ᠎ᠠ ᠲᠠᠶ ᠠᠮᠢ ᠠᠬᠤᠶ ᠢᠢᠨ ᠢᠨᠵᠧᠨᠧᠷᠢᠩ ᠦᠨ ᠪᠥᠲᠥᠭᠡᠨ ᠪᠠᠶᠢᠭᠤᠯᠤᠯᠲᠠ ᠢᠢ ᠠᠬᠢᠭᠤᠯᠬᠤ ᠶᠠᠷᠢᠯᠴᠠᠬᠤ ᠬᠤᠷᠠᠯ ᠢ ᠡᠷᠭᠢᠯᠡᠨ ᠬᠤᠷᠠᠯᠳᠤᠭᠤᠯᠬᠤ ᠳᠠᠭᠠᠨ᠂ ᠡᠭᠦᠷᠭᠡ ᠬᠠᠷᠢᠭᠤᠴᠠᠯᠭ᠎ᠠ ᠪᠠᠨ ᠵᠣᠷᠢᠭᠲᠠᠶ ᠡᠭᠦᠷᠭᠡᠯᠡᠵᠦ᠂ ᠬᠦᠴᠢᠷ ᠪᠡᠷᠬᠡᠰᠢᠶᠡᠯ ᠡᠴᠡ ᠥᠯᠥ ᠬᠠᠯᠠᠰᠢᠷᠠᠵᠤ᠂ ᠤᠳᠠᠭᠠᠨ ᠳᠠᠭᠠᠭᠠᠮᠠᠭᠠᠶ ᠵᠢᠳᠬᠦᠨ ᠴᠢᠷᠮᠠᠶᠢᠵᠤ᠂ ᠰᠢᠨ᠎ᠡ ᠴᠠᠭ ᠦᠶ᠎ᠡ ᠢᠢᠨ ᠳᠤᠮᠳᠠᠳᠤ ᠤᠯᠤᠰ ᠤᠨ ᠡᠯᠡᠰᠦᠷᠬᠡᠭ᠍ᠵᠢᠯ ᠢ ᠰᠡᠷᠭᠡᠶᠢᠯᠡᠨ ᠡᠯᠡᠰᠦ ᠢᠢ ᠵᠠᠰᠠᠭᠰᠠᠨ ᠰᠢᠨ᠎ᠡ ᠭᠠᠶᠢᠬᠠᠮᠰᠢᠭ ᠢ ᠴᠢᠷᠮᠠᠶᠢᠨ ᠡᠭᠦᠳᠴᠦ᠂ ᠡᠬᠡ ᠤᠯᠤᠰ ᠤᠨ ᠤᠮᠠᠷᠠᠲᠤ ᠢᠢᠨ ᠡᠨᠡ ᠬᠦ ᠲᠦᠮᠡᠨ ᠭᠠᠵᠠᠷ ᠤᠨ ᠨᠣᠮᠢᠨ ᠨᠣᠭᠣᠭᠠᠨ ᠬᠠᠯᠬᠠᠪᠴᠢ ᠢᠢ ᠨᠠᠩ ᠪᠠᠲᠤ ᠪᠠᠬᠢ ᠴᠤᠭᠴᠠᠯᠠᠵᠤ᠂ ᠦᠵᠡᠰᠭᠦᠯᠡᠩᠲᠦ ᠰᠠᠶᠢᠬᠠᠨ ᠳᠤᠮᠳᠠᠳᠤ ᠤᠯᠤᠰ ᠢ ᠪᠥᠲᠥᠭᠡᠨ ᠪᠠᠶᠢᠭᠤᠯᠬᠤ ᠲᠠᠯ᠎ᠠ ᠪᠠᠷ ᠨᠠᠩ ᠶᠡᠬᠡ ᠠᠮᠵᠢᠯᠲᠠ ᠤᠯᠬᠤ ᠬᠡᠷᠡᠭ᠍ᠲᠡᠶ ᠭᠡᠵᠦ ᠴᠢᠬᠤᠯᠠᠴᠢᠯᠠᠪᠠ᠃
ᠬᠠᠨᠭᠭᠢᠨ ᠬᠤᠰᠢᠭᠤᠨ ᠲᠦᠪ ᠰᠢᠨᠡᠪᠠᠯᠭᠠᠰᠤ ᠪᠠᠯᠭᠠᠰᠤᠨ ᠡᠴᠡ ᠬᠤᠶᠢᠰᠢ ᠪᠡᠨ ᠲᠤᠭᠤᠶᠢᠲᠠᠯᠠ ᠪᠠᠯᠭᠠᠰᠤ ᠬᠦᠷᠲᠡᠯ᠎ᠡ ᠡᠯᠡᠰᠦᠨ ᠲᠤᠮᠳᠠᠭᠤᠷ ᠰᠤᠨᠤᠯᠵᠠᠭᠰᠠᠨ ᠵᠠᠰᠠᠮᠠᠯ ᠵᠠᠮ ᠡᠮᠦᠨ᠎ᠡ ᠵᠢᠯ ᠤᠳ ᠲᠤ︽ᠡᠯᠡᠰᠦ ᠲᠤᠭᠤᠯᠤᠭᠰᠠᠨ ᠵᠠᠰᠠᠮᠠᠯ ᠵᠠᠮ︾ᠬᠡᠵᠤ ᠤᠯᠠᠨ ᠳᠠᠶᠠᠭᠠᠷ ᠲᠤ ᠠᠯᠳᠠᠷᠰᠢᠭᠰᠠᠨ ᠪᠢᠯᠡ᠂ ᠬᠦᠪᠴᠢ ᠵᠢᠨ ᠡᠯᠡᠰᠦᠨ ᠤ ᠵᠠᠰᠠᠯᠲᠠ ᠳ᠋ᠤ ᠬᠤᠪᠢ ᠨᠡᠮᠡᠷᠢ ᠪᠡᠨ ᠦᠵᠡᠬᠦᠯᠥᠭᠰᠡᠨ ᠡᠨᠡ ᠵᠠᠮ ᠵᠢᠡᠷ ᠦᠨᠦᠳᠦᠷ ᠪᠢᠳᠠ ᠦᠷᠬᠦᠯᠵᠢᠯᠡᠨ ᠦᠯᠢᠬᠡᠷ ᠴᠤᠭᠯᠠᠭᠤᠯᠵᠤ ᠶᠠᠪᠤᠨ᠎ᠠ᠃ ᠬᠡᠪᠡᠴᠤ ᠡᠮᠦᠨᠡᠬᠢ ᠵᠢᠯ ᠤᠳ ᠲᠤ ᠡᠨᠡ ᠵᠠᠮ ᠡᠴᠡ ᠰᠠᠯᠵᠤ ᠭᠠᠷᠤᠭᠠᠳ ᠳᠡᠮᠡᠢ ᠬᠤᠯᠠ ᠦᠭᠡᠢ ᠰᠠᠵᠢᠯᠠᠭᠤᠯᠪᠠᠯ ᠰᠢᠪᠠᠷ ᠰᠢᠷᠤᠢ ᠵᠢᠨ ᠵᠠᠮ ᠳ᠋ᠤ ᠤᠷᠤᠵᠤ᠂ ᠨᠡᠡᠭ ᠰᠦᠷᠡᠬᠡᠢ ᠡᠯᠡᠰᠦ ᠮᠠᠨᠭᠬᠠ ᠶ᠋ᠢ ᠤᠯᠵᠤ ᠬᠠᠷᠠᠳᠠᠭ ᠪᠠᠶᠢᠭᠰᠠᠨ ᠶᠤᠮ᠂ ᠬᠡᠪᠡᠴᠤ ᠦᠨᠦᠳᠦᠷ ᠮᠠᠨ ᠤ ᠮᠠᠰᠢᠨ ᠵᠢᠷᠭᠠᠯᠠᠨᠭᠲᠤ ᠪᠠᠯᠭᠠᠰᠤ ᠵᠢᠨ ᠬᠡᠬᠡᠨᠵᠤᠤ ᠭᠠᠴᠠᠭᠠᠨ ᠤ ᠲᠡᠭᠡᠭ ᠤᠨ ᠶᠡᠭᠡ ᠪᠠᠯᠠᠷ ᠤᠨ ᠬᠦᠨ ᠳ᠋ᠤ ᠬᠦᠷᠲᠡᠯ᠎ᠡ ᠶᠠᠪᠤᠭᠠᠳ ᠰᠢᠪᠠᠷ ᠰᠢᠷᠤᠢ ᠵᠢᠨ ᠵᠠᠮ ᠳ᠋ᠤ ᠤᠷᠤᠭᠰᠠᠨ ᠦᠭᠡᠢ ᠨᠢ ᠭᠠᠶᠢᠬᠠᠭᠤᠰᠢᠲᠠᠢ᠃ ᠨᠢᠳᠤᠨᠤᠨ ᠡᠨᠡ ᠶᠡᠭᠡ ᠪᠠᠯᠠᠷ ᠤᠨ ᠬᠦᠨ ᠳ᠋ᠤ ᠤᠶᠢᠵᠢᠭᠤᠯᠤᠯᠲᠠ᠂ ᠡᠯᠡᠰᠦᠨ ᠤᠨ ᠨᠡᠬᠦᠳᠡᠯ ᠢ ᠲᠤᠷᠭᠠᠬᠤ ᠪᠤᠷᠭᠠᠰᠤ ᠬᠠᠷᠠᠭᠠᠨ᠎ᠠ ᠲᠠᠷᠢᠭᠰᠠᠨ ᠤ ᠠᠰᠢᠭ ᠵᠢᠡᠷ ᠵᠠᠰᠠᠮᠠᠯ ᠵᠠᠮ ᠲᠠᠢ ᠪᠤᠯᠵᠤ ᠪᠠᠶᠢᠭ᠎ᠠ ᠨᠢ ᠡᠨᠡ᠃ ᠬᠠᠷᠠᠭᠠᠨ ᠳ᠋ᠤ ᠬᠠᠷᠠᠭᠳᠠᠬᠤ ᠡᠯᠡᠰᠦᠨ ᠲᠤᠪᠤᠴᠠᠭ᠂ ᠰᠢᠯᠢᠷᠬᠡᠤ ᠪᠠᠯᠠᠷ ᠴᠦᠮ ᠨᠤᠭᠤᠭᠠᠨ ᠡᠮᠵᠢᠶᠡᠷ ᠲᠠᠳᠠᠵᠤ᠂ ᠡᠨᠳᠡ ᠲᠡᠨᠳᠡ ᠪᠦᠯᠥᠭ ᠪᠦᠯᠥᠭ ᠮᠠᠰᠢᠨ ᠵᠢᠭᠳᠡᠷᠡᠨ ᠬᠦᠮᠦᠰ ᠬᠦᠶᠦᠯᠳᠡᠵᠤ ᠪᠠᠶᠢᠭ᠎ᠠ ᠨᠢ ᠴᠦᠮ ᠡᠯᠡᠰᠦ ᠶ᠋ᠢ ᠲᠤᠭᠲᠠᠪᠤᠷᠵᠢᠭᠤᠯᠬᠤ ᠠᠵᠢᠯ ᠳ᠋ᠤ ᠰᠢᠭᠤᠷᠬᠠᠶᠢᠯᠠᠵᠤ ᠪᠠᠶᠢᠭ᠎ᠠ ᠠᠵᠢᠯᠲᠠᠳ ᠪᠠᠶᠢᠯ᠎ᠠ᠃ ᠡᠨᠡ ᠠᠵᠢᠯ ᠢ ᠬᠤᠷᠢᠶᠠᠯᠲᠠ ᠬᠡᠬᠦ ᠭᠤᠴᠢᠨ ᠲᠠᠪᠤᠲᠠᠶᠢᠬᠠᠨ ᠵᠠᠯᠠᠭᠤ ᠡᠷᠬᠢᠯᠡᠨ ᠬᠢᠵᠤ ᠪᠠᠶᠢᠭ᠎ᠠ ᠪᠢᠯᠡ᠃
ᠬᠤᠷᠢᠶᠠᠯᠲᠠ 1989 ᠤᠨ ᠳ᠋ᠤ ᠬᠠᠨᠭᠭᠢᠨ ᠬᠤᠰᠢᠭᠤᠨ ᠤ ᠲᠤᠭᠤᠶᠢᠲᠠᠯᠠ ᠪᠠᠯᠭᠠᠰᠤᠨ ᠤ ᠪᠠᠶᠠᠨᠪᠤᠯᠠᠭ ᠭᠠᠴᠠᠭᠠᠨ ᠤ ᠡᠬᠡᠯ ᠵᠢᠷ ᠤᠨ ᠮᠠᠯᠴᠢᠨ ᠠᠶᠢᠯ ᠳ᠋ᠤ ᠲᠦᠷᠦᠵᠤ ᠦᠰᠦᠬᠡᠳ᠂ 2012 ᠤᠨ ᠳ᠋ᠤ ᠦᠪᠦᠷ ᠮᠤᠨᠭᠭᠤᠯ ᠤᠨ ᠡᠳ᠋ ᠤᠨ ᠵᠠᠰᠠᠭ ᠤᠨ ᠶᠡᠭᠡ ᠰᠤᠷᠭᠠᠭᠤᠯᠢ ᠡᠴᠡ ᠭᠠᠶᠢᠯᠢ ᠵᠢᠨ ᠬᠠᠮᠢᠶᠠᠷᠤᠯᠲᠠ ᠵᠢᠨ ᠮᠡᠷᠬᠡᠵᠢᠯ ᠵᠢᠡᠷ ᠲᠡᠭᠦᠰᠴᠤ᠂ ᠲᠤᠰ ᠵᠢᠯ ᠳ᠋ᠡᠬᠡᠨ ᠢ ᠯᠢ ᠠᠮᠢ ᠠᠬᠤᠢ ᠵᠢᠨ ᠪᠦᠯᠥᠭᠯᠡᠯ ᠳ᠋ᠤ ᠠᠵᠤ ᠠᠬᠤᠢ ᠵᠢᠨ ᠬᠠᠮᠢᠶᠠᠷᠤᠯᠲᠠ ᠵᠢᠨ ᠠᠵᠢᠯ ᠢ ᠬᠢᠪᠠ᠃ ᠬᠠᠷᠢᠨ 2016 ᠤᠨ ᠳ᠋ᠤ ᠲᠡᠭᠦᠨ ᠤ ᠬᠤᠶᠠᠷ ᠬᠠᠮᠲᠤ ᠠᠵᠢᠯᠲᠠᠨ ᠨᠢ ᠲᠤᠰ ᠪᠦᠯᠥᠭᠯᠡᠯ ᠡᠴᠡ ᠭᠠᠷᠴᠤ ᠦᠪᠡᠷᠲᠡᠭᠡᠨ ᠦᠢᠯᠡᠰ ᠡᠷᠬᠢᠯᠡᠬᠦ ᠳ᠋ᠤ ᠲᠡᠷᠡ ᠴᠤ ᠬᠠᠮᠲᠤ ᠶᠠᠪᠤᠬᠤ ᠬᠦᠰᠡᠯ ᠲᠠᠢ ᠪᠠᠶᠢᠭᠰᠠᠨ ᠴᠤ ᠦᠬᠡᠷ᠎ᠡ ᠪᠤᠰᠤᠳ ᠰᠢᠯᠲᠠᠭᠠᠨ ᠵᠢᠡᠷ ᠠᠵᠢᠯ ᠵᠢᠡᠨ ᠤᠷᠬᠢᠭ᠎ᠠ ᠦᠭᠡᠢ᠂ ᠢᠨᠭᠭᠢᠭᠡᠳ 2021 ᠤᠨ ᠳ᠋ᠤ ᠲᠡᠷᠡ ᠨᠦᠬᠦᠭᠡ ᠬᠤᠶᠠᠷ ᠲᠠᠢ ᠪᠠᠨ ᠬᠠᠮᠲᠤ ᠪᠡᠷ ᠶᠡᠭᠡ ᠦᠢᠯᠡᠰ ᠢ ᠪᠦᠲᠦᠬᠡᠵᠤ᠂ ᠨᠤᠲᠤᠭ ᠤᠷᠤᠨ ᠵᠢᠡᠨ ᠨᠤᠮᠢᠨ ᠴᠡᠨᠭᠬᠡᠷ ᠦᠨᠭᠬᠡ ᠪᠡᠷ ᠪᠦᠷᠬᠦᠬᠦᠯᠵᠤ᠂ ᠡᠯᠡᠰᠦᠨ ᠳᠠᠯᠠᠢ ᠪᠤᠯᠤᠭᠰᠠᠨ ᠡᠨᠡ ᠨᠤᠲᠤᠭ ᠲᠠᠭᠠᠨ ᠦᠪᠡᠷ ᠤᠨ ᠬᠤᠪᠢ ᠨᠡᠮᠡᠷᠢ ᠪᠡᠨ ᠡᠷᠬᠦᠬᠦ ᠪᠡᠷ ᠠᠵᠢᠯ ᠵᠢᠡᠨ ᠬᠠᠶᠠᠭᠠᠳ ᠭᠠᠷᠴᠤ ᠢᠷᠡᠭᠰᠡᠨ ᠪᠠᠶᠢᠨ᠎ᠠ᠃ ︽ᠲᠦᠮᠡᠨ ᠶᠠᠪᠤᠳᠠᠯ ᠤᠨ ᠲᠦᠷᠦᠬᠦᠦ ᠠᠯᠬᠤᠮ ᠬᠦᠴᠢᠷ︾ᠬᠡᠭᠴᠢ ᠪᠡᠷ ᠬᠤᠷᠢᠶᠠᠯᠲᠠ ᠡᠨᠡ ᠭᠤᠷᠪᠠᠭᠤᠯᠠ ᠪᠡᠨ ᠬᠠᠨᠭᠭᠢᠨ ᠬᠤᠰᠢᠭᠤᠨ ᠤ ᠬᠡᠪᠴᠢᠶᠡᠨ ᠳ᠋ᠡᠬᠢ ᠬᠦᠪᠴᠢ ᠵᠢᠨ ᠡᠯᠡᠰᠦᠨ ᠤ ᠤᠶᠢᠵᠢᠭᠤᠯᠤᠯᠲᠠ ᠨᠤᠭᠤᠭᠠᠷᠠᠭᠤᠯᠤᠯᠲᠠ ᠵᠢᠨ ᠠᠵᠢᠯ ᠢ ᠳᠠᠭᠠᠭᠠᠴᠢᠯᠠᠨ ᠠᠪᠬᠤ ᠳ᠋ᠤ ᠬᠦᠮᠦᠨ ᠤ ᠬᠦᠴᠦ᠂ ᠡᠳ᠋ ᠮᠦᠨᠭᠭᠦᠨ ᠤ ᠵᠠᠷᠤᠳᠠᠯ ᠶᠡᠭᠡ ᠪᠡᠷ ᠲᠤᠲᠠᠭᠳᠠᠵᠤ ᠪᠠᠶᠢᠭᠰᠠᠨ ᠴᠤ ᠠᠷᠭ᠎ᠠ ᠪᠦᠬᠦᠨ ᠢ ᠰᠦᠪᠡᠭᠴᠢᠯᠡᠨ ᠪᠡᠯᠡ ᠮᠦᠨᠭᠭᠦ ᠬᠤᠷᠠᠮᠳᠠᠭᠤᠯᠬᠤ ᠵᠢᠨ ᠬᠠᠮᠲᠤ ᠢᠲᠡᠭᠡᠯ ᠰᠡᠳᠬᠢᠯ ᠵᠢᠡᠨ ᠨᠢᠬᠡᠳᠬᠡᠵᠤ ᠪᠤᠯᠬᠤ ᠠᠷᠪᠠ ᠭᠠᠷᠤᠢ ᠵᠠᠯᠠᠭᠤᠴᠤᠳ ᠲᠠᠢ ᠬᠠᠮᠲᠤᠷᠠᠨ ᠦᠢᠯᠡᠰ ᠪᠦᠲᠦᠬᠡᠯ ᠤᠨ ᠠᠨᠭᠬᠠᠨ ᠤ ᠭᠠᠷᠤᠭ᠎ᠠ ᠪᠡᠨ ᠡᠬᠢᠯᠡᠬᠦᠯᠥᠭᠰᠡᠨ ᠪᠠᠶᠢᠨ᠎ᠠ᠃ ᠢᠨᠭᠭᠢᠭᠡᠳ ᠯᠠ︽ᠦᠪᠦᠷ ᠮᠤᠨᠭᠭᠤᠯ ᠤᠨ ᠰᠠᠨ ᠡᠾᠸ ᠠᠮᠢ ᠠᠬᠤᠢ ᠵᠢᠨ ᠰᠢᠨᠵᠢᠯᠡᠬᠡ ᠮᠡᠷᠬᠡᠵᠢᠯ ᠤᠨ ᠬᠢᠵᠠᠭᠠᠷᠲᠤ ᠺᠤᠮᠫᠠᠨᠢ︾ᠡᠯᠡᠰᠦᠨ ᠴᠦᠯ ᠤᠷᠤᠭᠤ ᠴᠡᠷᠢᠭᠯᠡᠨ᠂ ᠡᠬᠡ ᠪᠠᠶᠢᠭᠠᠯᠢ ᠵᠢᠨ ᠨᠤᠮᠢᠨ ᠴᠡᠨᠭᠬᠡᠷ ᠢᠷᠡᠭᠡᠳᠦᠢ ᠶ᠋ᠢ ᠴᠤᠭᠴᠠᠯᠠᠨ ᠪᠦᠲᠦᠬᠡᠬᠦ ᠳ᠋ᠤ ᠬᠤᠪᠢ ᠨᠡᠮᠡᠷᠢ ᠪᠡᠨ ᠦᠵᠡᠬᠦᠯᠥᠭᠰᠡᠨ ᠶᠤᠮ᠃
ᠲᠡᠳᠡ ᠬᠠᠨᠭᠭᠢᠨ ᠬᠤᠰᠢᠭᠤᠨ ᠤ ᠵᠢᠷᠭᠠᠯᠠᠨᠭᠲᠤ ᠪᠠᠯᠭᠠᠰᠤ᠂ ᠲᠤᠭᠤᠶᠢᠲᠠᠯᠠ ᠪᠠᠯᠭᠠᠰᠤ᠂ ᠲᠠᠷᠢᠶᠠᠨᠭᠤᠤᠯ ᠬᠠᠮᠢᠶᠠᠷᠤᠯᠲᠠ ᠵᠢᠨ ᠵᠦᠪᠯᠡᠯ ᠤᠨ ᠬᠡᠪᠴᠢᠶᠡᠨ ᠳ᠋ᠡᠬᠢ ᠡᠯᠡᠰᠤ ᠮᠠᠨᠭᠬᠠᠨ ᠳ᠋ᠤ ᠪᠤᠷᠭᠠᠰᠤ᠂ ᠤᠯᠢᠶᠠᠰᠤ᠂ ᠴᠢᠴᠠᠷᠭᠠᠨ᠎ᠠ᠂ ᠬᠠᠷᠠᠭᠠᠨ᠎ᠠ ᠲᠠᠷᠢᠬᠤ ᠵᠢᠨ ᠬᠠᠮᠲᠤ ᠵᠠᠷᠢᠮ ᠭᠠᠵᠠᠷ ᠤᠷᠤᠨ ᠳ᠋ᠤ ᠡᠯᠡᠰᠦᠨ ᠬᠠᠯᠬᠠᠪᠴᠢ ᠬᠢᠬᠦ ᠠᠵᠢᠯ ᠢ ᠡᠬᠦᠷᠭᠡᠯᠡᠨ ᠠᠪᠴᠤ︽ᠭᠤᠷᠪᠡᠨ ᠤᠮᠠᠷᠠᠲᠤ ᠵᠢᠨ ᠬᠠᠯᠬᠠᠪᠴᠢ ᠤᠢ︾ᠵᠢᠨ ᠭᠣᠣᠯᠳᠠᠯᠭ᠎ᠠ ᠲᠠᠶ ᠠᠮᠢ ᠠᠬᠤᠢ ᠢᠢᠨ ᠢᠨᠵᠧᠨᠧᠷᠢᠩ ᠦᠨ ᠪᠦᠳᠦᠭᠡᠨ ᠪᠠᠶᠢᠭᠤᠯᠤᠯᠲᠠ ᠳ᠋ᠤ ᠤᠷᠤᠯᠴᠠᠵᠤ ᠪᠠᠶᠢᠭ᠎ᠠ ᠪᠢᠯᠡ᠃ ᠢᠨᠭᠭᠢᠭᠡᠳ 4000 ᠭᠠᠷᠤᠢ ᠲᠦᠮᠡᠨ ᠲᠦᠬᠦᠷᠢᠭ ᠤᠨ ᠪᠡᠯᠡ ᠮᠦᠨᠭᠭᠦ ᠤᠷᠤᠭᠤᠯᠵᠤ᠂ 2022 ᠤᠨ ᠳ᠋ᠤ ᠨᠡᠶᠢᠲᠡ 9 ᠲᠦᠮᠡᠨ ᠮᠦ᠂ 2023 ᠤᠨ ᠳ᠋ᠤ 7 ᠲᠦᠮᠡᠨ ᠮᠦ᠂ ᠡᠨᠡ ᠵᠢᠯ 22000 ᠮᠦ ᠲᠠᠯᠠᠪᠠᠢ ᠪᠦᠬᠦᠢ ᠡᠯᠡᠰᠦ ᠮᠠᠨᠭᠬᠠᠨ ᠳ᠋ᠤ ᠤᠶᠢᠵᠢᠭᠤᠯᠵᠤ ᠨᠤᠭᠤᠭᠠᠷᠠᠭᠤᠯᠬᠤ ᠠᠵᠢᠯ ᠢ ᠨᠢᠬᠡᠨᠲᠡ ᠬᠢᠵᠤ ᠳᠠᠭᠤᠰᠬᠠᠭᠠᠳ᠂ ᠡᠨᠡ ᠨᠠᠮᠤᠷ ᠦᠷᠬᠦᠯᠵᠢᠯᠡᠨ 25000 ᠮᠦ ᠲᠠᠯᠠᠪᠠᠢ ᠡᠯᠡᠰᠦ ᠶ᠋ᠢ ᠤᠶᠢᠵᠢᠭᠤᠯᠬᠤ ᠪᠡᠷ ᠪᠠᠶᠢᠭ᠎ᠠ ᠶᠤᠮ ᠪᠠᠶᠢᠨ᠎ᠠ᠃
ᠡᠨᠡ ᠲᠤᠬᠠᠢ ᠬᠤᠷᠢᠶᠠᠯᠲᠠ ᠪᠢᠳᠠᠨ ᠳ᠋ᠤ᠄︽ᠪᠢᠳᠠ ᠪᠦᠬᠦᠳᠡᠭᠡᠷ ᠬᠠᠷᠬᠠᠨ ᠪᠠᠭ᠎ᠠ ᠡᠴᠡ ᠪᠡᠨ ᠡᠨᠡ ᠡᠯᠡᠰᠦᠨ ᠬᠦᠨ ᠳ᠋ᠤ ᠦᠰᠴᠤ ᠲᠤᠷᠨᠢᠭᠰᠠᠨ ᠬᠦᠮᠦᠰ᠂ ᠲᠡᠶᠢᠮᠤ ᠡᠴᠡ ᠡᠯᠡᠰᠦ ᠮᠠᠨᠭᠬᠠᠨ ᠳ᠋ᠤ ᠠᠮᠢᠳᠤᠷᠠᠬᠤ ᠵᠢᠨ ᠬᠦᠴᠢᠷ ᠵᠤᠪᠠᠭᠤᠷᠢ ᠶ᠋ᠢ ᠬᠠᠨᠲᠠᠯ᠎ᠠ ᠠᠮᠰᠠᠭᠰᠠᠨ ᠮᠦᠷᠲᠡᠭᠡᠨ ᠡᠯᠡᠰᠦᠨ ᠳ᠋ᠡᠬᠡᠨ ᠶᠡᠭᠡ ᠬᠠᠶᠢᠷᠠᠲᠠᠢ᠂ ᠲᠤᠮᠤ ᠪᠤᠯᠵᠤ ᠠᠵᠢᠯ ᠦᠢᠯᠡᠰ ᠡᠷᠬᠢᠯᠡᠭᠡᠳ ᠢᠷᠡᠬᠦ ᠪᠡᠷ ᠨᠤᠲᠤᠭ ᠤᠷᠤᠨ ᠵᠢᠡᠨ ᠨᠤᠮᠢᠨ ᠨᠤᠭᠤᠭᠠᠨ ᠪᠤᠯᠭᠠᠶ᠎ᠠ ᠬᠡᠬᠦ ᠬᠦᠰᠡᠯ ᠮᠦᠷᠦᠬᠡᠳᠦᠯ ᠤᠯᠠᠮ ᠬᠤᠷᠴᠠᠳᠤᠭᠰᠠᠭᠠᠷ ᠪᠠᠶᠢᠭᠠᠳ 2021 ᠤᠨ ᠳ᠋ᠤ ᠴᠠᠯᠢᠡᠭ ᠲᠠᠢ ᠠᠵᠢᠯ ᠵᠢᠡᠨ ᠤᠷᠬᠢᠭᠠᠳ ᠭᠠᠷᠴᠤ ᠢᠷᠡᠭᠰᠡᠨ᠃ ᠲᠡᠭᠡᠭᠡᠳ ᠡᠨᠡ ᠭᠤᠷᠪᠡᠨ ᠵᠢᠯ ᠤᠨ ᠤᠶᠢᠵᠢᠭᠤᠯᠬᠤ ᠲᠠᠯᠠᠪᠠᠢ ᠨᠡᠶᠢᠲᠡ 23 ᠲᠦᠮᠡᠨ ᠮᠦ ᠬᠦᠷᠦᠭᠰᠡᠨ ᠪᠠᠶᠢᠨ᠎ᠠ᠂ ᠡᠨᠡ ᠲᠤᠮᠳᠠ ᠮᠠᠨ ᠤ ᠮᠠᠯᠴᠢᠨ ᠠᠶᠢᠯ ᠡᠷᠦᠬᠡ ᠪᠦᠬᠦᠨ ᠪᠢᠳᠠᠨ ᠳ᠋ᠤ ᠲᠤᠰᠠ ᠳᠡᠮᠵᠢᠯᠬᠡ ᠦᠵᠡᠬᠦᠯᠥᠭᠰᠡᠨ ᠳ᠋ᠤ ᠶᠡᠭᠡ ᠪᠠᠶᠠᠷᠯᠠᠵᠤ ᠶᠠᠪᠤᠳᠠᠭ᠂ ᠠᠨᠭᠬᠠᠨ ᠵᠢᠯ ᠪᠢᠳᠠ ᠡᠨᠡ ᠪᠠᠯᠠᠷ ᠤᠨ ᠬᠦᠨ ᠳ᠋ᠤ ᠤᠷᠤᠵᠤ ᠢᠷᠡᠬᠦ ᠳ᠋ᠤ ᠲᠤᠬᠠᠢ ᠵᠢᠨ ᠭᠠᠵᠠᠷ ᠤᠨ ᠮᠠᠯᠴᠢᠳ ᠪᠠᠶᠢᠭ᠎ᠠ ᠦᠭᠡᠢ ᠪᠤᠯ ᠪᠢᠳᠠ ᠶᠠᠪᠤᠬᠤ ᠵᠠᠮ ᠵᠢᠡᠨ ᠴᠤ ᠤᠯᠬᠤ ᠦᠭᠡᠢ᠂ ᠲᠡᠳᠡ ᠯᠠ ᠪᠢᠳᠠᠨ ᠳ᠋ᠤ ᠵᠠᠮᠴᠢᠯᠠᠬᠤ ᠵᠢᠨ ᠬᠠᠮᠲᠤ ᠡᠯᠡᠰᠦ ᠮᠠᠨᠭᠬᠠᠨ ᠳ᠋ᠤ ᠪᠤᠷᠭᠠᠰᠤ ᠮᠤᠳᠤ ᠲᠠᠷᠢᠬᠤ ᠵᠢᠨ ᠲᠤᠷᠰᠢᠯᠭ᠎ᠠ ᠪᠡᠨ ᠤᠯᠠᠮᠵᠢᠯᠠᠵᠤ ᠪᠢᠳᠠᠨ ᠲᠠᠢ ᠬᠠᠮᠲᠤ ᠡᠷᠲᠡᠯᠡᠵᠤ ᠤᠷᠤᠶᠢᠯᠠᠨ ᠠᠵᠢᠯ ᠬᠢᠬᠦ ᠳ᠋ᠤ ᠤᠯᠠᠮ ᠵᠤᠷᠢᠭ ᠤᠷᠤᠭᠰᠠᠨ᠂ ᠤᠳᠤ ᠪᠢᠳᠠᠨ ᠤ ᠬᠠᠮᠲᠤᠷᠠᠯᠴᠠᠭ᠎ᠠ ᠨᠡᠡᠭ ᠰᠠᠶᠢᠨ ᠪᠤᠯᠤᠭᠰᠠᠨ᠂ ᠲᠠᠷᠠᠭ᠎ᠠ ᠨᠢ ᠮᠠᠨ ᠤ ᠬᠠᠮᠲᠤ ᠤᠯᠠᠨ ᠤ ᠨᠢᠬᠡᠳᠦᠭᠰᠡᠨ ᠰᠡᠳᠬᠢᠯ ᠠᠯᠢᠪᠠ ᠬᠦᠴᠢᠷ ᠢ ᠢᠯᠠᠨ ᠲᠠᠪᠠᠭᠤᠯᠤᠭᠰᠠᠨ᠂ ᠮᠠᠨ ᠤ ᠭᠤᠷᠪᠠᠭᠤᠯᠠ ᠡᠴᠡ ᠭᠠᠳᠠᠨ᠎ᠠ ᠡᠳᠡᠬᠡᠷ ᠵᠠᠯᠠᠭᠤᠴᠤᠳ ᠴᠦᠮ ᠭᠤᠴᠢᠨ ᠲᠠᠪᠤ ᠴᠤ ᠬᠦᠷᠦᠭᠡ ᠦᠭᠡᠢ ᠬᠦᠮᠦᠰ᠂ ᠪᠢᠳᠠ ᠨᠢᠬᠡ ᠰᠡᠳᠬᠢᠯ ᠵᠢᠡᠷ ᠨᠢᠭᠲᠠᠷᠠᠨ ᠪᠦᠯᠬᠦᠮᠳᠡᠵᠤ᠂ ᠬᠠᠮᠲᠤ ᠵᠢᠨ ᠠᠵᠢᠯ ᠦᠢᠯᠡᠰ᠂ ᠪᠠᠶᠢᠭᠠᠯᠢ ᠠᠬᠤᠢ ᠪᠡᠨ ᠬᠠᠮᠠᠭᠠᠯᠠᠬᠤ ᠤᠬᠠᠮᠰᠠᠷ ᠵᠢᠡᠷ ᠨᠢᠭᠡᠳᠴᠤ ᠴᠢᠳᠠᠭᠰᠠᠨ ᠡᠴᠡ ᠡᠨᠡ ᠲᠤᠮᠤ ᠠᠵᠢᠯ ᠤᠨ ᠬᠠᠮᠢᠶᠠᠷᠤᠯᠲᠠ᠂ ᠡᠳ᠋ ᠮᠦᠨᠭᠭᠦ ᠵᠢᠨ ᠬᠤᠪᠢᠶᠠᠷᠯᠠᠯᠲᠠ ᠮᠠᠰᠢ ᠢᠯᠭᠤᠮ ᠶᠠᠪᠤᠭᠳᠠᠭᠰᠠᠨ︾ᠬᠡᠵᠤ ᠶᠠᠷᠢᠯ᠎ᠠ᠃
︽ᠰᠠᠨᠠᠵᠦ ᠪᠠᠶᠢᠪᠠᠯ ᠪᠦᠳᠦᠨ᠎ᠠ᠂ ᠰᠠᠵᠢᠯᠠᠵᠦ ᠪᠠᠶᠢᠪᠠᠯ ᠬᠦᠷᠦᠨ᠎ᠠ︾ᠭᠡᠳᠡᠭ ᠵᠢᠡᠷ ᠢᠩᠬᠢᠭᠡᠳ ᠯᠠ ᠪᠦᠬᠦᠳᠡᠭᠡᠷ ᠰᠡᠳᠭᠢᠯ ᠨᠢᠭᠡᠳᠤᠨ ᠠᠵᠢᠯᠯᠠᠭᠰᠠᠨ ᠡᠴᠡ ᠳᠤᠤᠯᠢ ᠳ᠋ᠤ ᠬᠠᠶᠢᠯᠠᠭᠳᠠᠵᠦ᠂ ᠲᠤᠮᠤᠭ ᠲᠦ ᠶᠠᠷᠢᠬ᠍ᠳᠠᠳᠠᠭ ᠰᠡᠷ ᠰᠡᠷ ᠭᠡᠰᠡᠨ ᠰᠠᠯᠬᠢ ᠲᠠᠢ᠂ ᠪᠤᠷ ᠪᠤᠷ ᠭᠡᠰᠡᠨ ᠪᠤᠷᠤᠭᠠᠨ ᠲᠠᠢ ᠨᠤᠳᠤᠭ ᠬᠦᠪᠴᠢ ᠵᠢᠨ ᠬᠦᠨ ᠳ᠋ᠤ ᠡᠰᠨᠢᠨ ᠮᠡᠨᠳᠦᠯᠡᠵᠤ ᠪᠠᠶᠢᠨ᠎ᠠ᠃
ᠪᠠᠶᠢᠭᠠᠯᠢ ᠳᠡᠯᠡᠬᠡᠢ ᠮᠠᠨᠢ ᠨᠤᠮᠢᠨ ᠨᠤᠭᠤᠭᠠᠨ ᠵᠢᠡᠷ ᠦᠶ᠎ᠡ ᠵᠢᠨ ᠦᠶ᠎ᠡ ᠦᠷᠬᠦᠯᠵᠢᠯᠡᠭᠡᠰᠡᠢ︕
