ᠢᠷᠭᠤᠢ ᠨᠢᠳᠤᠯᠡᠭᠦᠯᠭᠦ ᠳᠤ
ᠪᠦᠰᠡᠭᠦᠢ ᠬᠦᠮᠤᠨ
ᠠᠷᠤᠭ ᠡᠭᠦᠷᠦᠭᠰᠡᠨ ᠨᠠᠷᠠ ᠪᠠᠶᠢᠯ᠎ᠠ
ᠰᠦᠵᠢᠷᠡᠨ ᠠᠮᠢᠳᠤᠷᠠᠬᠤ ᠬᠤᠷᠸ᠎ᠠ ᠳᠤ
ᠵᠤᠯᠠᠢ ᠦᠨᠤᠰᠤᠨ ᠡ᠊ᠡᠭᠭᠦᠷᠡᠶᠢᠯᠡᠳᠡᠭ
ᠰᠦ ᠲᠠᠢ ᠪᠤᠷᠬᠠᠨ ᠤ ᠪᠦᠷᠢᠯᠸ᠎ᠠ ᠪᠠᠶᠢᠯ᠎ᠠ
ᠲᠠᠯ᠎ᠠ ᠵᠢᠨ ᠰᠤᠯᠤᠡᠭᠭᠠ ᠵᠢ ᠪᠠᠬᠠᠷᠬᠠᠵᠤ
ᠦᠷ᠎ᠠ ᠵᠢᠨ ᠲᠡᠭᠷᠢ ᠳᠡᠭᠡᠨ ᠵᠠᠯᠪᠠᠷᠢᠳᠠᠭ
ᠤᠬᠠᠭᠠᠨ ᠤ ᠲᠤᠷᠭᠠᠨ ᠲᠡᠯᠡᠭᠡᠢ
ᠦᠢᠯᠠ ᠤᠷᠠᠨ ᠤ ᠨᠠᠬᠢᠯᠵᠠᠭᠤᠨ ᠳᠤ
ᠲᠤᠶᠢᠭ ᠤᠨ ᠲᠠᠭᠤᠨ ᠢ ᠤᠶᠠᠷᠠᠭᠠᠳᠠᠭ
ᠦᠤᠭᠡ ᠲᠡᠤᠭᠡ ᠵᠢᠨ ᠵᠠᠯᠭᠠᠮᠵᠢ
ᠰᠠᠴᠤᠯᠢ ᠲᠤᠷᠭᠠᠨ ᠰᠡᠮᠡᠷᠭᠡᠢ ᠳᠤ
ᠤᠶᠠᠨ ᠵᠦᠭᠡᠯᠡᠨ ᠢ ᠪᠦᠭᠡᠵᠡᠶᠢᠯᠡᠳᠡᠭ
ᠰᠡᠳᠬᠢᠯ ᠤᠨ ᠮᠡᠳᠡᠷᠡᠮᠵᠢ ᠲᠠᠢ ᠲᠡᠮᠡᠤᠯᠤᠯ
ᠶᠡᠭᠡ ᠢᠯᠠᠭᠤᠨ ᠤ ᠨᠢᠭᠳᠠᠷᠠᠯ ᠢ
︽ᠲᠠᠪᠤᠨ ᠮᠦᠰᠤᠨ︾ ᠤ ᠰᠤᠷᠭᠠᠯ ᠵᠢᠡᠷ ᠡᠷᠴᠢᠯᠡᠳᠡᠭ
ᠭᠡᠭᠡᠷᠡᠯ ᠤᠨ ᠮᠦᠡᠭᠭᠡ ᠴᠠᠮᠬᠠᠭ
ᠦᠷ ᠤᠨ ᠭᠡᠭᠡ ᠵᠢ ᠠᠷᠭᠠᠳᠠᠨ
ᠦᠳᠡᠰᠢ ᠵᠢᠨ ᠰᠠᠷᠠᠨ ᠢ ᠪᠦᠪᠡᠶᠢᠯᠡᠭᠰᠡᠨ
ᠬᠠᠶᠢᠷ᠎ᠠ ᠵᠢᠨ ᠴᠡᠡᠭᠭᠡᠷ ᠠᠶᠠᠯᠭᠤ ᠪᠢᠯᠡ᠃
(ᠬᠠᠷᠬᠠᠳᠠᠨ ᠱ·ᠠᠯᠳᠠᠠᠠᠠᠭᠤᠯᠠ)