ᠴᠡᠴᠡᠭᠡᠰ ᠲᠤ ᠡᠷᠭᠦᠭᠦ ᠨᠠᠶᠢᠷᠠᠭ

 ᠄ 2025-03-06 16:58:27

 ᠴᠡᠴᠡᠭᠡᠰ ᠢ ᠪᠢ

ᠨᠠᠶᠢᠷᠠᠭ ᠤᠨ ᠬᠤᠪᠢᠯᠭᠠᠨ ᠭᠡᠵᠤ ᠲᠦᠰᠤᠭᠡᠯᠡᠳᠡᠭ

ᠴᠡᠡᠭᠭᠡᠷ ᠰᠤᠯᠤᠡᠭᠭ᠎ᠠ ᠮᠡᠳᠤ ᠲᠡᠯᠡᠭᠡᠢ ᠶ᠋ᠢᠷᠳᠢᠨᠴᠤ ᠵᠢ ᠭᠡᠶᠢᠭᠦᠯᠳᠡᠭ ᠪᠤᠯᠬᠤᠷ

ᠴᠢᠡᠭ ᠦᠨᠡᠨ ᠢ ᠭᠡᠷᠡᠯᠳᠤᠭᠦᠯᠦᠭᠰᠡᠨ

ᠰᠢᠳᠤᠷᠭᠤ ᠨᠤᠮᠯᠠᠯ ᠭᠡᠵᠤ ᠤᠬᠠᠭᠠᠷᠡᠳᠠᠭ

ᠢᠷᠠᠭᠤ ᠨᠠᠶᠢᠷᠠᠭ ᠢ ᠪᠢ

ᠡᠵᠢ ᠵᠢ ᠪᠠᠨ ᠭᠡᠵᠤ ᠪᠤᠳᠤᠳᠠᠭ

ᠦᠷ᠎ᠠ ᠵᠢᠨ ᠲᠦᠯᠤᠭᠡ

ᠵᠤᠯᠭᠠᠷᠠᠵᠤ ᠴᠢᠳᠠᠬᠤ ᠴᠡᠴᠡᠭ ᠭᠡᠵᠤ ᠮᠡᠳᠡᠷᠡᠳᠡᠭ

ᠬᠠᠶᠢᠷ᠎ᠠ ᠭᠡᠳᠡᠭ ᠢ

ᠠᠡᠭᠬ᠎ᠠ ᠨᠤᠮᠯᠠᠭᠰᠠᠨ ᠪᠤᠷᠬᠠᠨ ᠭᠡᠵᠤ ᠰᠢᠳᠤᠳᠡᠭ

ᠠᠮᠠᠷᠠᠭ ᠬᠤᠡᠭᠭᠤᠷ ᠵᠢᠡᠨ ᠪᠢ

ᠰᠢᠯᠦᠭ ᠭᠡᠵᠤ ᠤᠬᠠᠳᠠᠭ

ᠠᠷᠢᠭᠤᠨ ᠬᠠᠶᠢᠷ᠎ᠠ ᠪᠠᠨ ᠴᠡᠴᠡᠭ ᠲᠤ

ᠰᠢᠡᠭᠭᠡᠭᠡᠭᠰᠡᠨ ᠭᠡᠷᠡᠯ ᠭᠡᠮᠡᠨ ᠬᠠᠶᠢᠷᠠᠯᠠᠳᠠᠭ

ᠠᠯᠳᠠᠨ ᠲᠡᠯᠡᠭᠡᠢ ᠳᠤ ᠬᠠᠶᠢᠷ᠎ᠠ ᠵᠢᠨ ᠲᠦᠯᠤᠭᠡ

ᠪᠦᠭᠦᠭᠦ ᠵᠤᠯᠠ ᠭᠡᠵᠤ ᠲᠠᠬᠢᠳᠠᠭ

ᠪᠦᠰᠡᠭᠦᠢ ᠬᠦᠮᠤᠨ ᠢ ᠪᠢ

ᠰᠦ ᠭᠡᠮᠡᠨ ᠬᠦᠨᠳᠤᠯᠡᠳᠡᠭ

ᠬᠠᠴᠢᠨ ᠶᠡᠭᠡ ᠡᠨ᠋ᠸᠷᠬᠢ ᠰᠢᠡᠭᠭᠡᠭᠰᠡᠨ

ᠨᠤᠮ ᠭᠡᠮᠡᠨ ᠤᠡᠭᠰᠢᠳᠠᠭ

ᠬᠠᠭᠤᠳᠠᠰᠤ ᠪᠦᠷᠢ ᠵᠢ ᠨᠢ ᠰᠡᠭᠦᠭᠦ ᠪᠤᠯᠭᠠᠨ

ᠠᠯᠳᠠᠨ ᠭᠡᠷᠡᠯ ᠨᠢ ᠵᠠᠳᠠᠷᠠᠳᠠᠭ

ᠴᠡᠴᠡᠭ ᠤᠨ ᠰᠠᠬᠢᠭᠤᠰᠤ ᠵᠢ ᠪᠢ

ᠪᠦᠰᠡᠭᠦᠢᠴᠤᠳ ᠭᠡᠮᠡᠨ ᠡ᠊ᠡᠭᠭᠦᠷᠡᠶᠢᠯᠡᠳᠡᠭ

ᠲᠡᠯᠡᠭᠡᠢ ᠤᠮᠳᠠᠯᠠᠵᠤ ᠭᠤᠤᠯ ᠪᠤᠯᠵᠤ

ᠵᠢᠷᠤᠭᠡᠨ ᠲᠤᠳᠤᠷ᠎ᠠ ᠮᠢᠨᠢ ᠤᠷᠤᠰᠢᠳᠠᠭ

ᠵᠦᠭᠡᠯᠡᠨ ᠤᠷᠤᠰᠬᠠᠯ ᠨᠢ ᠡᠭᠦᠯᠠ ᠬᠤᠪᠢᠯᠤᠨ

ᠬᠠᠶᠢᠷ᠎ᠠ ᠵᠢᠨ ᠤᠢ ᠵᠢ ᠤᠮᠳᠠᠯᠠᠳᠠᠭ

ᠪᠦᠰᠡᠭᠦᠢᠴᠤᠳ ᠵᠢᠡᠨ ᠪᠢ

ᠲᠤᠯᠢ ᠭᠡᠮᠡᠨ ᠪᠢᠰᠢᠷᠡᠳᠡᠭ

ᠦᠭᠡ ᠵᠢᠨ ᠤᠳᠬ᠎ᠠ ᠵᠢ ᠭᠡᠭᠡᠷᠡᠭᠦᠯᠭᠦ

ᠰᠢᠳᠢᠳᠤ ᠠᠯᠳᠠᠨ ᠪᠢᠷ ᠰᠤᠷᠴᠤ ᠡᠰᠡ ᠪᠠᠷᠠᠬᠤ

ᠤᠳᠬ᠎ᠠ ᠵᠢᠨ ᠬᠦᠨ ᠲᠠᠯᠠᠢ

ᠤᠶᠠᠬᠠᠨ ᠦᠭᠢᠳ ᠵᠢᠡᠨ ᠪᠢ

ᠬᠢᠲ᠋ᠠᠷ ᠭᠡᠮᠡᠨ ᠰᠡᠳᠬᠢᠳᠡᠭ

ᠵᠠᠯᠠᠭᠤᠬᠠᠨ ᠵᠢᠷᠤᠭᠡ ᠵᠢ

ᠠᠶᠠᠰ ᠪᠤᠯᠭᠠᠨ ᠬᠦᠭᠯᠡᠵᠤ

ᠮᠢᠡᠭᠭᠠᠨ ᠭᠷᠠᠳᠥ᠋ᠰ ᠤᠨ ᠬᠠᠯᠠᠭᠤᠨ ᠢ

ᠢᠯᠴᠢ ᠪᠤᠯᠭᠠᠨ ᠬᠦᠭᠵᠢᠮᠳᠡᠳᠡᠭ ᠡ᠃

               (ᠰ·ᠬᠠᠰᠪᠠᠭᠠᠨ᠎ᠠ )