︽ᠪᠢ ᠨᠠᠶᠠ ᠨᠠᠰᠤᠯᠠᠴᠢᠬᠠᠯᠡ᠂ ᠬᠥᠯ ᠭᠠᠷ ᠮᠠᠭᠤᠳᠠᠭᠠᠳ ᠬᠦᠳᠡᠯᠬᠦ ᠲᠡᠩᠬᠡᠭᠡ ᠦᠭᠡᠢ ᠪᠠᠶᠢᠬᠤ ᠳᠤ ᠶᠠᠭᠠᠬᠢᠵᠤ ᠲᠣᠰᠬᠣᠨ ᠤ ᠵᠢᠮᠢᠰ ᠦᠨ ᠬᠦᠷᠢᠶᠡᠯᠡᠩ ᠳᠦ ᠠᠵᠢᠯ ᠬᠢᠬᠦ ᠶᠤᠮ ᠪᠤᠶ︖︾᠃ ᠤᠶᠢᠷ᠎ᠠ ᠳᠤ ᠰᠧᠴᠦᠸᠠᠨ ᠮᠤᠵᠢ ᠢᠢᠨ ᠽᠢ ᠶᠠᠩ ᠬᠤᠳᠠ ᠢᠢᠨ ᠯᠸ ᡁᠢ ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠵᠢᠨ ᠠᠵᠢᠯᠲᠠᠨ ᠯᠦᠩᠮᠸᠨ ᠪᠠᠯᠭᠠᠰᠤᠨ ᠤ ᠫᠸᠩ ᠲᠣᠰᠬᠣᠨ ᠳᠤ ᠬᠢᠨᠠᠯᠲᠠ ᠲᠠᠯᠪᠢᠵᠤ ᠪᠠᠶᠢᠴᠠᠭᠠᠯᠲᠠ ᠬᠢᠬᠦ ᠦᠶ᠎ᠡ ᠳᠦ᠂ ᠲᠡᠳᠡ ᠶᠡᠷᠦ ᠡᠴᠡ ᠲᠣᠰᠬᠣᠨ ᠤ ᠬᠠᠮᠲᠤ ᠢᠢᠨ ᠵᠢᠮᠢᠰ ᠦᠨ ᠬᠦᠷᠢᠶᠡᠯᠡᠩ ᠳᠦ ᠠᠵᠢᠯ ᠬᠢᠵᠦ ᠥᠩᠭᠡᠷᠡᠭ᠍ᠰᠡᠨ ᠦᠭᠡᠢ᠂ ᠨᠡᠩ ᠴᠤ ᠬᠥᠯᠥᠰᠥ ᠣᠯᠭᠣᠮᠵᠢ ᠠᠪᠤᠭᠰᠠᠨ ᠦᠭᠡᠢ᠃ ᠭᠡᠪᠡᠴᠦ ᠲᠣᠰᠬᠣᠨ ᠤ ᠬᠠᠮᠲᠤ ᠢᠢᠨ ᠵᠢᠮᠢᠰ ᠦᠨ ᠬᠦᠷᠢᠶᠡᠯᠡᠩ ᠦᠨ ᠲᠠᠩᠰᠠ ᠲᠠᠶᠢᠯᠬᠤ ᠬᠡᠷᠡᠴᠢ ᠪᠠᠷᠢᠮᠲᠠ ᠳᠤ ᠳᠠᠭᠠᠯᠳᠤᠭᠤᠯᠤᠭᠰᠠᠨ ᠬᠦᠯᠦᠰᠦᠨ ᠠᠵᠢᠯᠴᠢᠨ ᠤ ᠨᠡᠷ᠎ᠡ ᠵᠢᠨ ᠬᠦᠰᠦᠨᠦᠭᠲᠤ ᠳᠤ ᠥᠪᠡᠷ ᠦᠨ ᠨᠡᠷ᠎ᠡ ᠨᠢ ᠪᠠᠶᠢᠯ᠎ᠠ᠃ ᠡᠭᠦᠨ ᠡᠴᠡ ᠨᠡᠩ ᠬᠠᠴᠢᠨ ᠵᠢᠭᠲᠡᠢ ᠨᠢ ᠭᠠᠳᠠᠭᠰᠢ ᠭᠠᠷᠴᠤ ᠬᠥᠯᠥᠰᠥᠨ ᠠᠵᠢᠯ ᠬᠢᠬᠦ ᠪᠠᠷ ᠶᠠᠪᠤᠭᠰᠠᠨ ᠲᠤᠰᠬᠤᠨ ᠤ ᠠᠷᠠᠳ ᠤᠨ ᠨᠡᠷ᠎ᠡ ᠪᠠᠰᠠ ᠪᠠᠶᠢᠪᠠ ᠭᠡᠵᠦ ᠮᠠᠰᠢ ᠤᠯᠠᠨ ᠦᠲᠡᠭᠦᠰ ᠲᠤᠰᠬᠠᠪᠠ᠃
︽ᠬᠡᠷᠪᠡ ᠡᠨᠡ ᠬᠦ ᠬᠥᠯᠥᠰᠥᠨ ᠠᠵᠢᠯᠴᠢᠨ ᠤ ᠨᠡᠷ᠎ᠡ ᠵᠢᠨ ᠬᠦᠰᠦᠨᠦᠭᠲᠦ ᠨᠢ ᠬᠠᠭᠤᠷᠮᠠᠭ ᠶᠤᠮ ᠪᠣᠯ ᠬᠦᠯᠦᠰᠦ ᠤᠯᠭᠤᠮᠵᠢ ᠵᠢ ᠬᠡᠷᠬᠢᠨ ᠳᠠᠩᠰᠠᠨ ᠠᠴᠠ ᠲᠠᠶᠢᠯᠤᠭᠰᠠᠨ ᠪᠤᠶ︖︾ᠭᠡᠵᠦ ᠰᠠᠬᠢᠯᠭ᠎ᠠ ᠪᠠᠲᠤ ᠪᠠᠶᠢᠴᠠᠭᠠᠬᠤ ᠺᠠᠳ᠋ᠷ ᠰᠡᠵᠢᠭ ᠲᠥᠷᠥᠵᠦ᠂ ᠨᠠᠷᠢᠨ ᠪᠠᠶᠢᠴᠠᠭᠠᠬᠤ ᠪᠠᠷ ᠲᠣᠭᠲᠠᠪᠠ᠃ ᠰᠠᠬᠢᠯᠭ᠎ᠠ ᠪᠠᠲᠤ ᠪᠠᠶᠢᠴᠠᠭᠠᠬᠤ ᠺᠠᠳ᠋ᠷ ᠵᠢᠮᠢᠰ ᠦᠨ ᠬᠦᠷᠢᠶᠡᠯᠡᠩ ᠦᠨ ᠬᠢᠨ ᠤ ᠭᠡᠷ ᠪᠦᠯᠢ ᠢᠢᠨ ᠲᠠᠷᠢᠶᠠᠯᠠᠩ ᠤᠨ ᠲᠠᠯᠠᠪᠠᠶ ᠵᠢ ᠬᠠᠮᠢᠶᠠᠷᠴᠤ ᠬᠠᠮᠠᠭᠠᠯᠠᠭᠰᠠᠨ ᠡᠵᠡᠩᠨᠡᠯᠲᠡ ᠢᠢᠨ ᠮᠠᠲ᠋ᠧᠷᠢᠶᠠᠯ ᠪᠣᠯᠤᠨ ᠪᠡᠯᠡ ᠮᠥᠩᠭᠥᠨ ᠦ ᠴᠤᠪᠤᠷᠠᠯ ᠢ ᠰᠢᠯᠵᠢᠭᠦᠯᠦᠨ ᠠᠪᠴᠢᠷᠠᠭᠰᠠᠨ ᠳᠤ᠂ ᠪᠡᠯᠡ ᠮᠥᠩᠭᠥᠨ ᠦ ᠵᠠᠷᠤᠯᠭ᠎ᠠ ᠢᠢᠨ ᠵᠦᠢᠯᠡᠰ ᠨᠢ ᠴᠥᠮ ᠵᠢᠮᠢᠰ ᠦᠨ ᠬᠦᠷᠢᠶᠡᠯᠡᠩ ᠦᠨ ᠡᠳᠦᠷ ᠲᠤᠲᠤᠮ ᠤᠨ ᠬᠠᠮᠢᠶᠠᠷᠴᠤ ᠬᠠᠮᠠᠭᠠᠯᠠᠬᠤ ᠲᠠᠶ ᠶᠠᠮᠠᠷ ᠴᠤ ᠬᠣᠯᠪᠣᠭ᠎ᠠ ᠦᠭᠡᠶ ᠪᠥᠭᠡᠳ 8 ᠲᠦᠮᠡᠨ ᠲᠥᠭᠥᠷᠢᠭ ᠦᠨ ᠬᠠᠮᠢᠶᠠᠷᠴᠤ ᠬᠠᠮᠠᠭᠠᠯᠠᠬᠤ ᠵᠠᠷᠤᠳᠠᠯ ᠣᠯᠤᠭᠰᠠᠨ ᠤ ᠳᠠᠷᠠᠭ᠎ᠠ ᠲᠠᠷᠢᠶᠠᠯᠠᠩ ᠤᠨ ᠲᠠᠯᠠᠪᠠᠶ ᠢᠢᠨ ᠬᠠᠷᠢᠭᠤᠴᠠᠯᠭᠠᠲᠠᠨ ᠡᠨᠡ ᠬᠦ ᠵᠣᠭᠣᠰ ᠢ ᠪᠡᠯᠡᠨ ᠵᠣᠭᠣᠰ ᠪᠤᠯᠭᠠᠨ ᠭᠠᠷᠭᠠᠨ ᠠᠪᠤᠭᠰᠠᠨ ᠢ ᠮᠡᠳᠡᠪᠡ᠃ ᠰᠠᠬᠢᠯᠭ᠎ᠠ ᠪᠠᠲᠤ ᠪᠠᠶᠢᠴᠠᠭᠠᠬᠤ ᠺᠠᠳ᠋ᠷ ᠲᠠᠷᠢᠶᠠᠯᠠᠩ ᠤᠨ ᠲᠠᠯᠠᠪᠠᠢ ᠢᠢᠨ ᠬᠠᠷᠢᠭᠤᠴᠠᠯᠭᠠᠲᠠᠨ ᠵᠢᠶᠠᠩ x ᠴᠢᠨ ᠢ ᠡᠷᠢᠵᠦ ᠪᠠᠶᠢᠳᠠᠯ ᠢ ᠬᠢᠨᠠᠨ ᠬᠠᠷᠭᠤᠭᠤᠯᠤᠭᠰᠠᠨ ᠳᠤ᠂ ᠲᠡᠷᠡ ᠠᠵᠢᠯᠴᠢᠨ ᠤ ᠡᠳᠦᠷ ᠲᠤᠳᠤᠮ ᠤᠨ ᠠᠵᠢᠯ ᠳᠤ ᠭᠠᠷᠤᠭᠰᠠᠨ ᠲᠡᠮᠳᠡᠭ᠍ᠯᠡᠯ ᠢ ᠭᠠᠷᠭᠠᠵᠤ ᠳᠡᠶᠢᠯᠬᠦ ᠦᠭᠡᠢ ᠮᠥᠷᠲᠡᠭᠡᠨ ᠲᠠᠷᠢᠶᠠᠨ ᠡᠮ᠂ ᠬᠢᠮᠢ ᠢᠢᠨ ᠪᠤᠷᠳᠤᠭᠤᠷ ᠢ ᠬᠤᠳᠠᠯᠳᠤᠨ ᠠᠪᠤᠭᠰᠠᠨ ᠪᠠ ᠬᠡᠷᠡᠭ᠍ᠯᠡᠭ᠍ᠰᠡᠨ ᠪᠠᠶᠢᠳᠠᠯ ᠢ ᠴᠤ ᠲᠣᠳᠣᠷᠬᠠᠶ ᠬᠡᠯᠡᠵᠦ ᠴᠢᠳᠠᠬᠤ ᠦᠭᠡᠢ ᠪᠠᠶᠢᠪᠠ᠃
︽ᠲᠠ ᠨᠠᠷ ᠬᠠᠮᠢᠶᠠᠷᠴᠤ ᠬᠠᠮᠠᠭᠠᠯᠠᠬᠤ ᠬᠠᠷᠢᠭᠤᠴᠠᠯᠭ᠎ᠠ ᠪᠠᠨ ᠬᠡᠷᠬᠢᠨ ᠭᠦᠢᠴᠡᠳᠭᠡᠵᠦ ᠪᠠᠶᠢᠭ᠎ᠠ ᠪᠤᠶ︖ ᠡᠨᠡ ᠬᠦ ᠬᠠᠮᠢᠶᠠᠷᠴᠤ ᠬᠠᠮᠠᠭᠠᠯᠠᠬᠤ ᠵᠠᠷᠤᠳᠠᠯ ᠢ ᠴᠤᠬᠤᠮ ᠬᠠᠮᠢᠭ᠎ᠠ ᠬᠡᠷᠡᠭ᠍ᠯᠡᠭ᠍ᠰᠡᠨ ᠪᠤᠢ︖︾ᠭᠡᠵᠦ ᠰᠠᠬᠢᠯᠭ᠎ᠠ ᠪᠠᠲᠤ ᠪᠠᠶᠢᠴᠠᠭᠠᠬᠤ ᠺᠠᠳ᠋ᠷ ᠨᠡᠬᠡᠮᠵᠢᠯᠡᠨ ᠠᠰᠠᠭᠤᠪᠠ᠃ ︽ᠡᠨᠡ ᠪᠦᠬᠦᠨ ᠢ ᠴᠥᠮ ᠵᠢᠶᠠᠩ ᠣᠪᠣᠭᠲᠤ ᠲᠣᠬᠢᠷᠠᠭᠤᠯᠤᠭᠰᠠᠨ ᠶᠤᠮ᠃ ᠪᠢᠳᠡ ᠭᠡᠷ᠎ᠡ ᠲᠣᠭᠲᠠᠵᠤ᠂ ᠪᠢ ᠵᠣᠭᠣᠰ ᠢ ᠭᠠᠷᠭᠠᠵᠤ ᠠᠪᠤᠭᠠᠳ ᠲᠡᠭᠦᠨ ᠳᠦ ᠰᠢᠯᠵᠢᠭᠦᠯᠵᠦ ᠥᠭ᠍ᠬᠦ ᠢᠢ ᠬᠠᠷᠢᠭᠤᠴᠠᠳᠠᠭ︾ᠭᠡᠵᠦ ᠵᠢᠶᠠᠩ x ᠴᠢᠨ ᠥᠪᠡᠷ ᠢ ᠪᠡᠨ ᠵᠥᠪᠲᠡᠭᠡᠬᠦ ᠠᠷᠭ᠎ᠠ ᠦᠭᠡᠢ ᠪᠣᠯᠤᠭᠠᠳ ᠦᠨᠡᠨ ᠵᠢᠡᠨ ᠬᠡᠯᠡᠵᠡᠶ᠃
ᠤᠤᠯ ᠨᠢ ᠵᠢᠶᠠᠩ ᠣᠪᠣᠭᠲᠤ ᠽᠦᠩ ᠱᠣ ᠲᠤᠰᠬᠤᠨ ᠤ ᠨᠠᠮ ᠤᠨ ᠶᠡᠷᠦᠩᠬᠡᠶ ᠡᠭᠦᠷ ᠦᠨ ᠱᠦᠵᠢ ᠵᠢᠨ ᠲᠤᠰᠢᠶᠠᠯ ᠳᠤ ᠪᠠᠶᠢᠬᠤ ᠬᠤᠭᠤᠴᠠᠭᠠᠨ ᠳᠤ᠂ ᠲᠤᠰᠬᠤᠨ ᠤ ᠠᠷᠠᠳ ᠤᠨ ᠵᠥᠪᠯᠡᠯ ᠦᠨ ᠠᠯᠪᠠᠨ ᠭᠡᠷ ᠦᠨ ᠭᠠᠵᠠᠷ ᠰᠢᠷᠣᠶ ᠢᠢᠨ ᠲᠥᠯᠥᠪᠦᠷᠢ ᠢᠢᠨ ᠰᠦᠢᠳᠭᠡᠯ ᠢ ᠥᠭ᠍ᠬᠦ ᠢᠢᠨ ᠲᠥᠯᠥᠭᠡ᠂ ᠭᠡᠷ ᠪᠦᠯᠢ ᠢᠢᠨ ᠲᠠᠷᠢᠶᠠᠯᠠᠩ ᠤᠨ ᠲᠠᠯᠠᠪᠠᠢ ᠢᠢᠨ ᠬᠢᠷᠢ ᠬᠡᠮ ᠢ ᠵᠢᠭᠡᠯᠡᠨ ᠬᠡᠷᠡᠭ᠍ᠯᠡᠵᠦ᠂ ᠲᠤᠰᠬᠤᠨ ᠤ ᠬᠠᠮᠲᠤ ᠨᠡᠶᠢᠲᠡ ᠲᠡᠶ ᠬᠤᠳᠠᠯ ᠬᠠᠭᠤᠷᠮᠠᠭ ᠬᠠᠮᠢᠶᠠᠷᠴᠤ ᠬᠠᠮᠠᠭᠠᠯᠠᠬᠤ ᠭᠡᠷ᠎ᠡ ᠲᠣᠭᠲᠠᠭᠠᠵᠤ᠂ ᠲᠣᠭᠲᠠᠭᠠᠯ ᠢ ᠵᠥᠷᠢᠴᠡᠨ ᠲᠤᠰᠬᠤᠨ ᠤ ᠬᠠᠮᠲᠤ ᠨᠡᠶᠢᠲᠡ ᠢᠢᠨ ᠪᠡᠯᠡ ᠮᠥᠩᠭᠥ ᠢᠢ 8 ᠲᠦᠮᠡᠨ ᠲᠥᠭᠥᠷᠢᠭ ᠮᠡᠬᠡᠯᠡᠨ ᠠᠪᠴᠠᠶ᠃ ᠵᠢᠶᠠᠩ ᠣᠪᠣᠭᠲᠤ ᠡᠴᠦᠰ ᠲᠡᠬᠡᠨ ᠨᠠᠮ ᠤᠨ ᠳᠣᠲᠣᠭᠠᠳᠤ ᠳᠤ ᠴᠢᠩᠭ᠎ᠠ ᠳᠣᠩᠭᠣᠳᠬᠤ ᠰᠢᠢᠳᠭᠡᠯ ᠣᠯᠵᠤ᠂ ᠤᠬᠠᠭᠠᠯᠠᠨ ᠠᠪᠤᠭᠰᠠᠨ ᠪᠡᠯᠡ ᠮᠥᠩᠭᠥ ᠢᠢ ᠨᠢᠭᠡᠨᠲᠡ ᠪᠦᠬᠦ ᠲᠣᠭ᠎ᠠ ᠪᠠᠷ ᠨᠢ ᠨᠡᠬᠡᠮᠵᠢᠯᠡᠨ ᠠᠪᠴᠢᠷᠠᠪᠠ᠃
ᠲᠣᠰᠬᠣᠨ ᠤ ᠺᠠᠳ᠋ᠷ ᠲᠣᠰᠬᠣᠨ ᠤ ᠬᠠᠮᠲᠤ ᠢᠢᠨ ᠡᠳ᠋ ᠬᠦᠷᠦᠩᠭᠡ᠂ ᠪᠡᠯᠡ ᠮᠥᠩᠭᠥ᠂ ᠡᠬᠢ ᠪᠠᠶᠠᠯᠢᠭ ᠲᠡᠶᠢᠰᠢ ᠭᠠᠷ ᠢᠶᠠᠨ ᠰᠤᠩᠭᠠᠵᠤ ᠪᠠᠶᠢᠬᠤ ᠨᠢ ᠦᠨᠳᠦᠰᠦᠨ ᠱᠠᠲᠤᠨ ᠤ ᠬᠥᠳᠡᠭᠡ ᠲᠣᠰᠬᠣᠨ ᠤ ᠬᠠᠮᠲᠤ ᠢᠢᠨ︽ᠡᠳ᠋ ᠬᠦᠷᠦᠩᠭᠡ ᠪᠡᠯᠡ ᠮᠥᠩᠭᠥ ᠡᠬᠢ ᠪᠠᠶᠠᠯᠢᠭ︾ ᠤᠨ ᠬᠠᠮᠢᠶᠠᠷᠤᠯᠲᠠ ᠨᠢ ᠴᠢᠩᠭ᠎ᠠ ᠪᠢᠰᠢ᠂ ᠰᠢᠢᠳᠪᠦᠷᠢᠯᠡᠭ᠍ᠰᠡᠨ ᠨᠢ ᠵᠢᠷᠤᠮᠵᠢᠯ ᠦᠭᠡᠢ᠂ ᠬᠢᠨᠠᠨ ᠬᠠᠮᠢᠶᠠᠷᠤᠯᠲᠠ ᠨᠢ ᠭᠦᠢᠴᠡᠳ ᠪᠤᠰᠤ᠂ ᠵᠠᠷᠢᠮ ᠦᠨᠳᠦᠰᠦᠨ ᠱᠠᠲᠤᠨ ᠤ ᠺᠠᠳ᠋ᠷ ᠡᠷᠬᠡ ᠲᠤᠰᠢᠶᠠᠯ ᠢᠶᠠᠨ ᠳᠤᠷ᠎ᠠ ᠪᠠᠷ ᠢᠶᠠᠨ ᠬᠡᠷᠡᠭ᠍ᠯᠡᠵᠦ᠂ ᠡᠷᠬᠡ ᠪᠡᠨ ᠠᠰᠢᠭᠯᠠᠨ ᠠᠮᠢ ᠪᠠᠨ ᠪᠣᠷᠳᠣᠵᠤ᠂ ᠨᠠᠮ ᠪᠠ ᠤᠯᠠᠨ ᠲᠦᠮᠡᠨ᠂ ᠺᠠᠳ᠋ᠷ ᠪᠠ ᠤᠯᠠᠨ ᠲᠦᠮᠡᠨ ᠦ ᠬᠠᠷᠢᠴᠠᠭ᠎ᠠ ᠢᠢ ᠬᠦᠨᠳᠦ ᠨᠣᠴᠢᠲᠠᠶ ᠬᠣᠬᠢᠷᠠᠭᠤᠯᠤᠭᠰᠠᠨ ᠢ ᠬᠠᠷᠠᠭᠤᠯᠵᠤ ᠪᠠᠶᠢᠨ᠎ᠠ᠃ ᠬᠣᠯᠪᠣᠭᠳᠠᠯ ᠪᠦᠬᠦᠢ ᠰᠠᠯᠠᠭ᠎ᠠ ᠮᠥᠴᠢᠷ ᠦᠨ ᠬᠢᠨ ᠬᠠᠲᠠᠭᠤ ᠴᠢᠩᠭ᠎ᠠ ᠠᠷᠭ᠎ᠠ ᠬᠡᠮᠵᠢᠶ᠎ᠡ ᠠᠪᠴᠤ ᠰᠢᠰᠲ᠋ᠧᠮ ᠲᠡᠶ ᠪᠡᠷ ᠵᠠᠰᠠᠵᠤ᠂ ᠬᠥᠳᠡᠭᠡ ᠲᠣᠰᠬᠣᠨ ᠤ ᠬᠠᠮᠲᠤ ᠢᠢᠨ︽ᠡᠳ᠋ ᠬᠦᠷᠦᠩᠭᠡ ᠪᠡᠯᠡ ᠮᠥᠩᠭᠥ ᠡᠬᠢ ᠪᠠᠶᠠᠯᠢᠭ︾ ᠤᠨ ᠬᠠᠮᠢᠶᠠᠷᠤᠯᠲᠠ ᠢᠢ ᠴᠠᠭᠠᠰᠢᠳᠠ ᠵᠢᠷᠤᠮᠵᠢᠭᠤᠯᠵᠤ᠂ ᠲᠣᠰᠬᠣᠨ ᠤ ᠬᠠᠮᠲᠤ ᠪᠠ ᠤᠯᠠᠨ ᠲᠦᠮᠡᠨ ᠦ︽ᠵᠣᠭᠣᠰᠣᠨ ᠪᠣᠭᠴᠣ︾ᠢᠢ ᠰᠠᠶᠢᠲᠤᠷ ᠬᠠᠮᠠᠭᠠᠯᠠᠪᠠᠯ ᠵᠤᠭᠢᠨ᠋ᠠ᠃
