ᠪᠦᠰᠡᠬᠦᠢ ᠭᠤᠸ᠎ᠠ ᠰᠠᠶᠢᠬᠠᠨ

 ᠄ 2025-03-06 17:22:23

ᠨᠤᠮ ᠤᠨ ᠪᠤᠷᠤᠭ᠎ᠠ ᠳᠤ ᠨᠤᠷᠴᠤ ᠤᠬᠠᠭᠠᠵᠢᠬᠤ

ᠪᠦᠰᠡᠬᠦᠢ ᠭᠤᠸ᠎ᠠ ᠰᠠᠶᠢᠬᠠᠨ

ᠨᠤᠲᠤᠭ ᠤᠨ ᠠᠭᠤᠯᠠᠰ ᠰᠡᠷᠡᠬᠡᠵᠤ ᠢᠨᠢᠶᠡᠮᠰᠦᠭ᠍ᠯᠡᠬᠦ

ᠪᠦᠰᠡᠬᠦᠢ ᠭᠤᠸ᠎ᠠ ᠰᠠᠶᠢᠬᠠᠨ

ᠤᠰᠤᠨ ᠤ ᠬᠠᠷᠬᠢᠶ᠎ᠠ ᠴᠢᠩᠨᠠᠵᠤ ᠦᠩᠬᠡᠵᠢᠬᠦ

ᠪᠦᠰᠡᠬᠦᠢ ᠭᠤᠸ᠎ᠠ ᠰᠠᠶᠢᠬᠠᠨ

ᠦᠯᠦ ᠮᠡᠲᠡᠬᠦ ᠢᠢᠨ ᠵᠠᠭᠤᠷ᠎ᠠ ᠰᠤᠭᠤᠷᠠᠨ ᠦᠰᠭᠦ

ᠪᠦᠰᠡᠬᠦᠢ ᠭᠤᠸ᠎ᠠ ᠰᠠᠶᠢᠬᠠᠨ

ᠬᠤᠨ ᠤ ᠲᠠᠭᠤ ᠰᠢᠭ ᠰᠡᠳᠭᠢᠯ ᠢ ᠬᠡᠵᠢᠬᠡᠲᠡᠨ ᠢᠨᠠᠭᠰᠢᠬᠤ

ᠪᠦᠰᠡᠬᠦᠢ ᠭᠤᠸ᠎ᠠ ᠰᠠᠶᠢᠬᠠᠨ

ᠬᠤᠪᠢᠰ ᠬᠦᠭ᠍ᠵᠢᠮ ᠰᠢᠭ ᠤᠶᠠᠷᠠᠭᠠᠨ ᠲᠤᠯᠬᠢᠶᠠᠨᠲᠤᠬᠤ

ᠪᠦᠰᠡᠬᠦᠢ ᠭᠤᠸ᠎ᠠ ᠰᠠᠶᠢᠬᠠᠨ

ᠬᠤᠯᠠ ᠳᠤ ᠨᠡᠬᠦᠲᠡᠯᠯᠡᠭ᠍ᠰᠡᠨ ᠡᠬᠦᠯᠡ ᠰᠢᠭ ᠠᠭᠠᠯᠢ ᠦᠭᠡᠶᠢᠳᠡᠭᠦ

ᠪᠦᠰᠡᠬᠦᠢ ᠭᠤᠸ᠎ᠠ ᠰᠠᠶᠢᠬᠠᠨ

ᠬᠤᠪᠢ ᠵᠠᠶᠠᠭ᠎ᠠ ᠢᠢ ᠮᠢᠨᠢ ᠲᠠᠭᠤᠯᠠᠨ ᠲᠤᠭᠲᠠᠭᠠᠬᠤ ᠰᠠᠬᠢᠭᠤᠯᠰᠤᠨ ᠰᠢᠭ

ᠪᠦᠰᠡᠬᠦᠢ ᠭᠤᠸ᠎ᠠ ᠰᠠᠶᠢᠬᠠᠨ

ᠤᠨᠠᠭᠠᠨ ᠨᠤᠲᠤᠭ ᠤᠨ ᠮᠢᠨᠢ ᠰᠤᠯᠢ ᠡᠪᠡᠰᠦ ᠰᠢᠭ

ᠪᠦᠰᠡᠬᠦᠢ ᠭᠤᠸ᠎ᠠ ᠰᠠᠶᠢᠬᠠᠨ

ᠤᠭᠤᠷᠠᠭ ᠤᠨ ᠰᠦᠯ ᠰᠢᠭ ᠬᠠᠷ᠎ᠠ ᠨᠢᠲᠤᠨ

ᠪᠦᠰᠡᠬᠦᠢ ᠭᠤᠸ᠎ᠠ ᠰᠠᠶᠢᠬᠠᠨ

ᠤᠵᠠᠭᠤᠷ ᠤᠨ ᠬᠠᠲᠤᠨ ᠰᠢᠭ ᠡᠷᠡᠲᠡᠬᠦᠨ ᠲᠤᠮᠤᠭᠯᠢᠭ

ᠪᠦᠰᠡᠬᠦᠢ ᠭᠤᠸ᠎ᠠ ᠰᠠᠶᠢᠬᠠᠨ

ᠤᠴᠠᠷᠠᠬᠤ ᠢᠢᠨ ᠵᠦᠩ ᠳᠤ ᠴᠠᠬᠢᠯᠤᠭᠰᠠᠨ ᠬᠦᠷᠦᠬᠡᠰᠦ ᠰᠢᠭ

ᠪᠦᠰᠡᠬᠦᠢ ᠭᠤᠸ᠎ᠠ ᠰᠠᠶᠢᠬᠠᠨ

ᠵᠠᠭᠤᠨ ᠤᠯᠠᠨ ᠤ ᠲᠤᠮᠲᠡ ᠠᠴᠠ ᠲᠤᠲᠤᠷᠬᠠᠢ ᠴᠡᠮᠴᠡᠷᠬᠡᠭ᠍ᠰᠡᠨ

ᠪᠦᠰᠡᠬᠦᠢ ᠭᠤᠸ᠎ᠠ ᠰᠠᠶᠢᠬᠠᠨ

ᠵᠡᠬᠦᠠᠭᠠᠷ ᠤᠨ ᠭᠤᠪᠢ ᠳᠤ ᠰᠢᠯᠦᠭ ᠲᠡᠷᠯᠡᠬᠦᠯᠵᠤ ᠬᠦᠯᠢᠶᠡᠭ᠍ᠰᠡᠨ

ᠪᠦᠰᠡᠬᠦᠢ ᠭᠤᠸ᠎ᠠ ᠰᠠᠶᠢᠬᠠᠨ

ᠵᠡᠬᠦᠨ ᠮᠦᠷᠥᠨ ᠲᠡᠭᠡᠷ᠎ᠡ ᠪᠠᠨ ᠭᠤᠷᠪᠠᠨ ᠭᠤᠶᠤᠬᠠᠨ ᠮᠡᠩᠬᠡ ᠲᠠᠢ

ᠪᠦᠰᠡᠬᠦᠢ ᠭᠤᠸ᠎ᠠ ᠰᠠᠶᠢᠬᠠᠨ

ᠵᠡᠬᠦᠲᠦ ᠬᠤᠯᠵᠢᠭᠠᠵᠤ ᠤᠯᠠᠨ ᠵᠢᠯ ᠨᠠᠮ᠎ᠠ ᠵᠢ ᠬᠦᠯᠢᠶᠡᠭ᠍ᠰᠡᠨ

ᠪᠦᠰᠡᠬᠦᠢ ᠭᠤᠸ᠎ᠠ ᠰᠠᠶᠢᠬᠠᠨ

ᠨᠠᠮᠤᠭᠤᠬᠠᠨ ᠲᠦᠷᠬᠦ ᠪᠠᠷ ᠢᠶᠠᠨ ᠭᠠᠩᠭᠠᠷᠠᠭᠰᠠᠨ ᠲᠡᠪᠡᠯᠲᠦ ᠠᠯᠠᠭ ᠨᠢᠲᠦᠨ

ᠪᠦᠰᠡᠬᠦᠢ ᠭᠤᠸ᠎ᠠ ᠰᠠᠶᠢᠬᠠᠨ

ᠨᠠᠮᠪᠠᠭᠠᠯᠢᠭ ᠠᠭᠠᠯᠢ ᠪᠠᠷ ᠢᠶᠠᠨ ᠠᠩᠭᠢᠷᠲᠥᠭᠰᠠᠨ ᠤᠬᠠᠭᠠᠠᠲᠤ ᠵᠢᠭᠠᠬᠠᠨ ᠨᠢᠲᠤᠨ

ᠪᠦᠰᠡᠬᠦᠢ ᠭᠤᠸ᠎ᠠ ᠰᠠᠶᠢᠬᠠᠨ

ᠨᠠᠷᠠᠨ ᠤ ᠲᠤᠤᠷ᠎ᠠ ᠲᠤᠭᠤᠷᠤᠤ ᠶᠤᠮ ᠰᠢᠬ ᠴᠤᠮᠴᠤᠶᠢᠭᠰᠠᠨ

ᠪᠦᠰᠡᠬᠦᠢ ᠭᠤᠸ᠎ᠠ ᠰᠠᠶᠢᠬᠠᠨ

ᠨᠠᠮᠤᠷ ᠵᠤᠨ ᠤ ᠦᠵᠡᠰᠭᠦᠯᠡᠩ ᠢ ᠲᠡᠬᠦᠯᠲᠡᠷ ᠨᠢᠭᠤᠭᠰᠠᠨ

ᠪᠦᠰᠡᠬᠦᠢ ᠭᠤᠸ᠎ᠠ ᠰᠠᠶᠢᠬᠠᠨ᠃

        (ᠲᠠᠷᠬᠠᠳ ᠤᠨ ᠭ᠍᠊· ᠬᠠᠰᠠᠤᠶᠠᠩᠭ᠎ᠠ)