ᠮᠠᠯᠴᠢᠳ ᠢ ᠪᠠᠶᠠᠰᠬᠠᠬᠰᠠᠨ ᠮᠣᠷᠢᠨ ᠰᠣᠷᠢᠭ᠎ᠠ ᠤᠷᠤᠯᠳᠤᠭᠠᠨ

 ᠄ 2026-03-27 08:46:54

ᠬᠠᠪᠤᠷ ᠤᠨ ᠤᠷᠢᠨ ᠳᠤᠯᠠᠭᠠᠨ ᠪᠣᠯᠵᠤ᠂ ᠬᠠᠮᠤᠭ ᠪᠤᠳᠠᠰ ᠠᠮᠢᠯᠠᠨ ᠰᠡᠷᠭᠦᠵᠦ ᠪᠠᠶᠢᠭ᠎ᠠ 3 ᠰᠠᠷ᠎ᠠ ᠢᠢᠨ ᠲᠤᠮᠳᠠᠴᠢ ᠪᠠᠷ ᠮᠠᠯᠴᠢᠨ ᠴᠤᠯᠮᠤᠨ ᠠᠴᠠ ᠡᠷᠬᠢᠯᠡᠭ᠍ᠰᠡᠨ ᠮᠣᠷᠢᠨ ᠰᠣᠷᠢᠭ᠎ᠠ ᠤᠷᠤᠯᠳᠤᠭᠠᠨ ᠪᠠᠯᠭᠤᠨ ᠤ ᠮᠣᠷᠢᠨ ᠤᠷᠤᠯᠳᠤᠭᠠᠨ ᠤ ᠲᠠᠯᠠᠪᠠᠢ ᠳᠤ ᠶᠠᠪᠤᠭᠳᠠᠯ᠎ᠠ᠃ ᠤᠷᠤᠯᠳᠤᠭᠠᠨ ᠤ ᠲᠤᠬᠠᠢ ᠢᠢᠨ ᠲᠠᠯᠠᠪᠠᠢ ᠬᠥᠷ ᠬᠥᠭ᠍ᠵᠢᠶᠡᠨ ᠢᠶᠠᠷ ᠪᠢᠯᠬᠠᠵᠤ᠂ ᠵᠢᠷᠤᠭ᠎ᠠ ᠮᠣᠷᠢᠨ ᠤ ᠠᠯᠬᠤᠳᠠᠯ᠂ ᠬᠤᠷᠳᠤᠨ ᠮᠣᠷᠢᠨ ᠤ ᠲᠦᠪᠡᠷᠭᠡᠨ ᠨᠢ ᠬᠠᠰᠢᠷ ᠤᠶᠠᠭᠠᠴᠢᠳ ᠤᠨ ᠤᠷ᠎ᠠ ᠮᠡᠷᠭᠡᠵᠢᠯ ᠢ ᠭᠠᠶᠢᠬᠠᠭᠤᠯᠤᠨ᠂ ᠬᠦᠯᠦᠭ ᠤᠨ ᠲᠤᠭᠤᠰᠣᠨ ᠳᠤ ᠬᠡᠶᠢᠮᠦᠷᠢ ᠪᠠᠨ ᠰᠡᠷᠭᠦᠭᠡᠵᠦ᠂ ᠬᠥᠲᠡᠭᠡ ᠨᠤᠲᠤᠭ ᠤᠨ ᠴᠡᠪᠡᠷ ᠠᠭᠠᠷ ᠰᠠᠯᠬᠢ ᠪᠠᠷ ᠠᠮᠢᠰᠬᠤᠯᠯᠠᠨ᠂ ᠲᠠᠪᠡᠯ ᠢᠶᠠᠷ ᠢᠶᠠᠨ ᠭᠤᠶᠤᠯᠠᠭᠰᠠᠨ ᠤᠶᠠᠭᠠᠴᠢᠳ ᠬᠦᠯᠦᠭ ᠮᠣᠷᠢᠳ ᠤᠨ ᠲᠤᠬᠠᠢ ᠬᠦᠦᠷᠨᠢᠯᠳᠦᠵᠦ ᠰᠠᠭᠤᠭ᠎ᠠ ᠬᠠᠪᠤᠷ ᠤᠨ ᠰᠠᠶᠢᠬᠠᠨ ᠵᠢᠷᠤᠭ ᠳᠡᠨᠵᠢ ᠲᠠᠯ᠎ᠠ ᠢᠢ ᠭᠤᠶᠤᠨ᠎ᠠ᠃

ᠲᠤᠰ ᠤᠳᠠᠭᠠᠨ ᠤ ᠰᠤᠷᠢᠯᠲᠠ ᠳᠤ 500 ᠮᠧᠲᠷ ᠤᠨ ᠵᠢᠷᠤᠭ᠎ᠠ ᠮᠣᠷᠢᠨ ᠤᠷᠤᠯᠳᠤᠭᠠᠨ᠂ 6000 ᠮᠧᠲᠷ ᠤᠨ ᠬᠤᠷᠳᠣᠨ ᠮᠣᠷᠢᠨ ᠤᠷᠤᠯᠳᠤᠭᠠᠨ ᠢ ᠶᠠᠪᠤᠭᠳᠠᠭᠤᠯᠵᠤ᠂ ᠨᠤᠲᠤᠭ ᠤᠨ ᠤᠶᠠᠭᠠᠴᠢᠳ ᠤᠨ 20 ᠭᠠᠷᠤᠢ ᠰᠢᠨᠳᠠᠰᠤ ᠰᠠᠶᠢᠲᠠᠢ ᠬᠦᠯᠦᠭ ᠬᠦᠨᠳᠡᠢ ᠲᠠᠯ᠎ᠠ ᠳ᠋ᠠᠭᠠᠨ ᠠᠮᠠᠭᠠᠢ ᠬᠠᠩᠬᠢᠨᠠᠭᠠᠯᠤᠨ ᠲᠡᠭᠦᠯᠢᠵᠦ᠂ ᠬᠤᠷᠠᠭᠰᠠᠨ ᠣᠯᠠᠨ ᠢ ᠤᠤᠬᠠᠢ ᠠᠯᠳᠠᠭᠤᠯᠤᠨ ᠪᠠᠶᠠᠰᠬᠠᠯ᠎ᠠ᠃ ᠡᠭᠦᠨ ᠠᠴᠠ ᠭᠠᠳᠠᠨ᠎ᠠ ᠨᠠᠶᠢᠷ ᠤᠨ ᠴᠢᠮᠡᠭ᠂ ᠲᠠᠯ᠎ᠠ ᠢᠢᠨ ᠴᠢᠮᠡᠭ ᠪᠣᠯᠤᠭᠰᠠᠨ ᠲᠡᠮᠡᠭᠡᠨ ᠤ ᠤᠷᠤᠯᠳᠤᠭᠠᠨ ᠢ ᠶᠠᠪᠤᠭᠳᠠᠭᠤᠯᠵᠤ᠂ ᠲᠠᠯ᠎ᠠ ᠨᠤᠲᠤᠭ ᠤᠨ ᠰᠤᠶᠤᠯ ᠤᠨ ᠥᠪᠡᠷᠮᠢᠴᠡ ᠷᠢᠳᠢ ᠰᠢᠳᠢ ᠢᠢ ᠭᠠᠶᠢᠬᠠᠭᠤᠯᠵᠠᠢ᠃ ᠠᠬᠤᠢ ᠲᠠᠯᠠᠪᠠᠢ ᠳ᠋ᠤ ᠤᠷᠤᠯᠳᠤᠭᠠᠨ ᠤ ᠡᠮᠦᠨ᠎ᠡ 6 ᠨᠡᠷ᠎ᠡ ᠢᠢ ᠮᠣᠷᠢᠨ ᠤ ᠡᠮᠡᠭᠡᠯ ᠲᠤᠬᠤᠮ ᠤᠨ ᠵᠠᠰᠠᠯ ᠴᠢᠮᠡᠭ᠍ᠯᠡᠯ ᠪᠠ ᠮᠥᠩᠭᠦ ᠵᠤᠭᠤᠰ ᠵᠢᠡᠷ ᠬᠦᠬᠢᠭᠦᠯᠦᠨ ᠱᠠᠩᠨᠠᠵᠤ᠂ ᠬᠦᠷᠦ ᠳᠠᠭᠤᠤ ᠢᠢᠨ ᠡᠭᠡᠰᠢᠭ ᠢᠶᠠᠷ ᠠᠶ᠎ᠠ ᠪᠠᠷᠢᠵᠤ᠂ ᠲᠤᠰ ᠤᠳᠠᠭᠠᠨ ᠤ ᠠᠵᠢᠯᠯᠠᠭ᠎ᠠ ᠬᠦᠭᠵᠢᠶᠡᠨ ᠲᠠᠢ ᠰᠠᠶᠢᠬᠠᠨ ᠶᠠᠪᠤᠬᠳᠠᠬᠰᠠᠨ ᠪᠠᠶᠢᠨ᠎ᠠ᠃