ᠪᠢ ᠵᠤᠴᠢᠨ ᠤ ᠦᠷᠦᠭᠡᠨ ᠳᠡᠭᠡᠨ ᠰᠠᠭᠤᠭᠠᠳ ᠵᠢᠷᠤᠭᠲᠤ ᠷᠠᠳᠢᠤ᠋ ᠠᠴᠠ ᠲᠡᠯᠡᠭᠡᠢ ᠳ᠋ᠠᠭᠢᠨ ᠤ ᠰᠤᠨᠢᠨ ᠰᠡᠪᠡᠭᠦᠨ ᠢ ᠠᠮᠳᠠᠷᠬᠠᠨ ᠰᠤᠨᠤᠰᠬᠤ ᠳᠠᠭᠠᠨ ᠦᠪᠡᠷ ᠤᠨ ᠡᠷᠭᠡ ᠦᠭᠡᠢ ᠪᠠᠭ᠎ᠠ ᠢᠢᠨ ᠦᠶ᠎ᠡ ᠳᠤ ᠺᠢᠨᠣ᠋ ᠦᠵᠡᠭᠦ ᠪᠠᠷ ᠭᠦᠭ᠍ᠰᠡᠵᠦ ᠶᠠᠪᠤᠭᠰᠠᠨ ᠲᠤᠬᠠᠢ ᠪᠤᠳᠤᠯ ᠪᠤᠯᠴᠢᠬᠠᠯ᠎ᠠ᠃
ᠲᠡᠷᠡ ᠦᠶ᠎ᠡ ᠳᠤ ᠬᠦᠳᠡᠭᠡ ᠲᠤᠰᠬᠤᠨ ᠮᠠᠯᠵᠢᠬᠤ ᠤᠷᠤᠨ ᠢᠶᠠᠷ ᠵᠦᠪᠭᠡᠨ ᠢᠷᠠᠭᠤ ᠰᠠᠶᠢᠬᠠᠨ ᠲᠠᠭᠤ ᠲᠠᠢ ᠷᠠᠳᠢᠤ᠋ ᠯᠠ ᠠᠶᠢᠯ ᠭᠡᠷ ᠤᠨ ᠠᠪᠳᠠᠷ᠎ᠠ ᠱᠦᠭᠦᠢ ᠲᠡᠭᠡᠷ᠎ᠡ ᠬᠠᠩᠭᠢᠨᠠᠵᠤ ᠨᠢᠭᠡ ᠭᠡᠷ ᠤᠨ ᠬᠦᠭ᠍ᠰᠢᠨ ᠵᠠᠯᠠᠭᠤ ᠭᠡᠤᠭᠡᠳ ᠨᠢᠯᠬᠠᠰ ᠪᠦᠬᠦᠨ ᠤ ᠴᠢᠭᠢᠨ ᠤ ᠰᠤᠨᠤᠷ ᠢ ᠪᠠᠶᠠᠰᠬᠠᠵᠤ ᠤᠶᠤᠨ ᠤ ᠰᠢᠮ᠎ᠡ ᠢᠢ ᠬᠦᠷᠳᠡᠭᠡᠳᠡᠭ ᠪᠠᠶᠢᠭᠰᠠᠨ ᠶᠤᠮ᠃
ᠭᠡᠳᠤᠨ ᠰᠠᠷ᠎ᠠ᠂ ᠴᠢᠨᠠᠭᠰᠢᠯᠠᠨ ᠵᠢᠯ ᠳᠤ ᠨᠢᠭᠡ ᠤᠳᠠᠭ᠎ᠠ ᠲᠤᠭᠢᠶᠠᠯᠳᠤᠬᠤ ᠺᠢᠨᠣ᠋ ᠭᠠᠷᠭᠠᠬᠤ ᠠᠩᠭᠢ ᠢᠢᠨ ᠭᠢᠨᠢ ᠢᠷᠡᠬᠦ ᠪᠤᠯᠤᠭᠰᠠᠭᠠᠷ ᠭᠡᠤᠭᠡᠳ ᠪᠠᠭᠠᠴᠤᠳ ᠠᠴᠠ ᠠᠬᠠᠮᠠᠳ ᠲᠤᠮᠤᠭᠠᠳᠠᠳ ᠬᠦᠷᠳᠡᠯ᠎ᠡ ᠭᠦᠭ᠍ᠰᠡᠨ ᠪᠠᠶᠠᠷᠯᠠᠵᠤ᠂ ᠠᠶᠢᠯ ᠠᠴᠠ ᠠᠶᠢᠯ ᠲᠡᠮᠵᠢᠨ ᠬᠠᠷᠢᠯᠴᠠᠨ ᠴᠢᠮᠡᠭᠡ ᠲᠡᠮᠵᠢᠭᠤᠯᠳᠠᠭ ᠪᠠᠶᠢᠭᠰᠠᠨ᠃ ᠲᠡᠭᠡᠭᠡᠳ ᠯᠠ ᠬᠤᠨᠢ ᠮᠠᠯ ᠢᠶᠠᠨ ᠡᠷᠳᠡᠭᠡᠨ ᠬᠤᠳᠠᠯᠠᠭᠤᠯᠵᠤ᠂ ᠭᠡᠤᠭᠡᠳ ᠪᠠᠭᠠᠴᠤᠳ ᠨᠢ ᠪᠤᠳᠠᠭ᠎ᠠ ᠪᠠᠨ ᠲᠤᠲᠠᠭᠤ ᠲᠤᠷᠭᠤᠨ ᠢᠳᠠᠴᠢᠭᠡᠭᠡᠳ ᠺᠢᠨᠣ᠋ ᠦᠵᠡᠭᠦ ᠴᠠᠭ ᠠᠴᠠ ᠬᠤᠵᠢᠭᠳᠠᠬᠤ ᠡᠴᠡ ᠠᠶᠤᠵᠤ ᠶᠡᠭᠡᠴᠦᠳ ᠢᠶᠠᠨ ᠲᠠᠭᠢᠨ ᠲᠠᠪᠲᠠᠨ ᠱᠠᠭᠠᠷᠳᠠᠨ ᠪᠠᠶᠢᠵᠤ᠂ ᠮᠤᠷᠢ ᠤᠨᠤᠭ᠎ᠠ᠂ ᠬᠠᠰᠠᠭ ᠲᠡᠷᠭᠡ ᠡᠰᠡᠭᠦᠯ᠎ᠡ ᠶᠠᠪᠠᠭᠠᠨ ᠨᠢᠴᠦᠭᠦᠨ ᠢᠶᠠᠷ ᠠᠷᠪᠠ ᠬᠤᠷᠢ ᠠᠴᠠ ᠭᠤᠴᠢ ᠲᠦᠴᠢᠨ ᠭᠠᠵᠠᠷ ᠤᠨ ᠠᠶᠠᠨ ᠬᠦᠭᠡᠭᠡᠵᠦ᠂ ᠡᠪᠤᠯ ᠨᠢ ᠳᠠᠭᠠᠷᠠᠵᠤ ᠪᠡᠭᠡᠷᠡᠵᠤ᠂ ᠵᠤᠨ ᠨᠢ ᠢᠯᠠᠭ᠎ᠠ ᠰᠢᠮᠠᠭᠤᠯ ᠳᠤ ᠬᠠᠳᠬᠤᠭᠳᠠᠨ᠂ ᠭᠡᠳᠤᠢ ᠵᠦᠳᠡᠷᠡᠯᠲᠡᠢ ᠵᠠᠮ ᠬᠦᠭᠡᠭᠡᠭᠰᠡᠨ ᠴᠤ ᠺᠢᠨᠣ᠋ ᠦᠵᠡᠭᠦ ᠨᠢ ᠶᠤᠰᠤᠳᠠᠢ ᠵᠢᠷᠭᠠᠯᠳᠠᠢ ᠪᠠᠶᠢᠭᠰᠠᠨ᠃
ᠲᠤᠬᠠᠢ ᠵᠢᠨ ᠦᠶ᠎ᠡ ᠳᠤ︽ᠠᠯᠢᠮ᠎ᠠ︾᠂ ︽ᠡᠵᠢ ᠨᠠᠭᠤᠷ︾ ᠭᠡᠬᠦ ᠮᠡᠲᠤ ᠢᠢᠨ ᠴᠦᠭᠡᠨ ᠲᠤᠭᠠᠨ ᠤ ᠯᠠ ᠮᠤᠩᠭᠤᠯ ᠭᠡᠯᠡᠨ ᠤ ᠺᠢᠨᠣ᠋ ᠪᠠᠶᠢᠭᠰᠠᠨ᠂ ᠪᠤᠰᠤᠳ ᠵᠠᠷᠢᠮ ᠺᠢᠨᠣ᠋ ᠢᠢ ᠮᠠᠯᠴᠢᠳ ᠦᠢᠯᠠᠭᠠᠬᠤ ᠦᠭᠡᠢ ᠪᠠᠶᠢᠭᠰᠠᠨ ᠴᠤ ᠵᠢᠷᠤᠭ ᠲᠦᠷᠰᠦ ᠡᠴᠡ ᠨᠢ ᠯᠠ ᠤᠶᠢᠯᠠᠭᠠᠵᠤ᠂ ᠣᠶᠤᠨ ᠤ ᠴᠠᠩᠭᠠᠭ᠎ᠠ ᠪᠠᠨ ᠲᠠᠶᠢᠯᠳᠠᠭ ᠪᠠᠶᠢᠯ᠎ᠠ᠃ ᠨᠠᠰᠤ ᠪᠠᠭ᠎ᠠ ᠨᠢ ᠭᠡᠳᠤᠨ ᠡᠳᠤᠷ ᠬᠦᠯ ᠬᠦᠭᠡᠷᠴᠡᠭ ᠪᠤᠯᠵᠤ ᠬᠦᠭ᠍ᠰᠡᠵᠦ ᠪᠠᠶᠢᠭᠠᠳ ᠶᠠᠭ ᠺᠢᠨᠤ᠋ ᠦᠵᠡᠭᠦ ᠳᠤ ᠲᠡᠮᠡᠢ ᠤᠳᠠᠯ ᠦᠭᠡᠢ ᠤᠨᠲᠠᠭᠠᠳ ᠦᠭ᠍ᠴᠢᠭᠡᠳᠡᠭ᠃ ᠺᠢᠨᠤ᠋ ᠲᠠᠭᠤᠰᠬᠤ ᠪᠤᠯᠬᠤ ᠳᠤ ᠶᠡᠭᠡᠴᠦᠳ ᠤᠨ ᠲᠠᠭᠤᠳᠠᠬᠤ ᠪᠠᠷ ᠰᠠᠶ᠋ᠢ ᠤᠨᠳᠠᠭᠠᠳ ᠦᠡᠭᠭᠡᠷᠡᠭᠰᠡᠨ ᠵᠢᠡᠨ ᠮᠡᠳᠡᠷᠡᠵᠦ ᠶᠡᠭᠡᠳᠡ ᠬᠠᠷᠠᠮᠰᠠᠳᠠᠭ ᠪᠠᠶᠢᠵᠤ ᠪᠢᠯᠡ᠃
ᠮᠢᠨᠦ ᠬᠠᠮᠤᠭ ᠠᠴᠠ ᠬᠠᠷᠠᠮᠰᠠᠳᠠᠭ ᠨᠢ ᠨᠢᠭᠡ ᠤᠳᠠᠭ᠎ᠠ ︽ᠬᠦᠭᠦᠷᠭᠡ︾ ᠭᠡᠬᠦ ᠮᠤᠩᠭᠤᠯ ᠭᠡᠯᠡᠨ ᠤ ᠺᠢᠨᠣ᠋ ᠭᠠᠷᠭᠠᠬᠤ ᠭᠤᠴᠢᠨ ᠭᠠᠵᠠᠷ ᠢ ᠶᠠᠪᠠᠭᠠᠨ ᠨᠢᠴᠤᠭᠦᠨ ᠢᠶᠠᠷ ᠬᠦᠶᠤᠭᠡᠳ ᠤᠴᠢᠬᠤ ᠳᠤ ᠦᠨᠦᠭᠢ ᠺᠢᠨᠣ᠋ ᠭᠠᠷᠭᠠᠳᠠᠭ ᠮᠠᠰᠢᠨ ᠨᠢ ᠡᠪᠳᠡᠷᠡᠴᠢᠭᠡᠭᠡᠳ ᠨᠢᠭᠡ ᠰᠦᠨᠢ ᠨᠠᠭᠠᠰᠢ ᠴᠠᠭᠠᠰᠢ ᠵᠢᠷᠠᠨ ᠭᠠᠵᠠᠷ ᠭᠠᠭᠠᠢ ᠶᠠᠪᠠᠭᠠᠨ ᠠᠶᠠᠯᠠᠬᠤ ᠳᠠᠭᠠᠨ ᠺᠢᠨᠣ᠋ ᠭᠠᠷᠭᠠᠭᠴᠢ ᠳᠤ ᠭᠤᠮᠤᠳᠠᠭᠰᠠᠨ ᠶᠤᠮ᠃ ᠰᠡᠭᠦᠯᠡᠷ ᠨᠢᠭᠡᠨ ᠤᠳᠠᠭᠠᠨ ᠤ ᠠᠵᠠ ᠲᠤᠭᠢᠶᠠᠯ ᠢᠶᠠᠷ ᠲᠤᠰ ᠺᠢᠨᠣ᠋ ᠢᠢ ᠭᠢᠳᠠᠳ ᠬᠡᠯᠡ ᠪᠠᠷ ᠭᠠᠷᠭᠠᠬᠤ ᠵᠢ ᠦᠵᠡᠭᠡᠳ ᠰᠠᠶ᠋ᠢ ᠯᠠ ᠲᠠᠶᠢᠪᠤᠰᠢᠷᠠᠭᠰᠠᠨ ᠶᠤᠮ᠃
ᠮᠠᠨ ᠤ ᠬᠤᠰᠢᠭᠤᠨ ᠤ ᠲᠦᠪ ᠰᠢᠨᠡᠪᠠᠯᠭᠠᠰᠤ ᠢᠢᠨ ᠵᠠᠭᠡᠯᠢ ᠭᠤᠳᠤᠮᠵᠢ ᠪᠠᠷ ᠦᠨᠳᠦᠷ ᠠᠰᠠᠷ ᠰᠦᠨᠳᠡᠷᠯᠡᠨ ᠴᠠᠷᠳᠠᠮᠠᠯ ᠵᠠᠮ ᠢᠶᠠᠷ ᠨᠢ ᠵᠤᠶᠢᠯ ᠪᠦᠷᠢ ᠢᠢᠨ ᠲᠡᠷᠭᠡ ᠦᠩᠭᠡ ᠢᠯᠭᠠᠷᠠᠨ ᠲᠡᠪᠭᠢᠯᠳᠦᠨᠠ᠃ ᠨᠠᠶᠠᠭᠠᠳ ᠤᠨ ᠤ ᠡᠴᠤᠰ ᠲᠤ ᠪᠢ ᠠᠩᠬ᠎ᠠ ᠲᠤᠮᠳᠠᠲᠤ ᠳᠤ ᠤᠷᠤᠬᠤ ᠦᠶ᠎ᠡ ᠳᠤ ᠡᠶᠢᠮᠦ ᠤᠯᠠᠨ ᠲᠡᠷᠭᠡ ᠪᠠᠶᠢᠭᠰᠠᠨ ᠦᠭᠡᠢ᠂ ᠡᠳᠦᠷ ᠲᠤ ᠨᠢᠭᠡ ᠬᠤᠶᠠᠷ ᠲᠤᠭᠢᠶᠠᠯᠳᠤᠬᠤ ᠠᠶᠠᠨᠴᠢᠨ ᠤ ᠲᠡᠷᠭᠡᠨ ᠠᠴᠠ ᠪᠠᠨ ᠪᠠᠭᠤᠭᠠᠳ ᠠᠯᠤᠬ᠎ᠠ ᠭᠡᠯᠪᠡᠷᠢ ᠢᠢᠨ ᠵᠢᠵᠢᠭ᠍ᠭᠡᠨ ᠵᠡᠭᠡᠯᠢ ᠪᠠᠷ ᠨᠢ ᠬᠦᠨᠵᠢᠯᠡ ᠲᠡᠪᠢᠰᠭᠡᠷ ᠵᠢᠡᠨ ᠡᠭᠦᠷᠴᠤ ᠲᠡᠪᠡᠷᠢᠵᠤ ᠲᠡᠭᠦᠵᠢᠯᠡᠨ ᠶᠠᠪᠠᠭᠠᠨ ᠨᠢᠴᠦᠭᠦᠨ ᠲᠠᠮᠤ ᠪᠠᠨ ᠦᠵᠡᠵᠦ ᠵᠡᠭᠦᠨ ᠪᠡᠶ᠎ᠡ ᠳᠤ ᠪᠠᠶᠢᠭ᠎ᠠ ᠲᠤᠮᠳᠠᠲᠤ ᠰᠤᠷᠭᠠᠭᠤᠯᠢ ᠳᠤ ᠬᠦᠷᠴᠦ ᠪᠠᠶᠢᠭᠰᠠᠨ ᠶᠤᠮ᠃
ᠶᠡᠷᠡᠭᠡᠳ ᠤᠨ ᠤ ᠡᠭᠢᠨ ᠪᠤᠯᠬᠤ ᠳᠤ ᠬᠠᠶᠠ ᠨᠢᠭᠡ ᠭᠤᠷᠪᠠᠨ ᠬᠦᠷᠳᠦᠲᠦ ᠲᠡᠷᠭᠡ ᠭᠠᠷᠴᠤ ᠢᠷᠡᠭ᠍ᠰᠡᠨ ᠪᠤᠯᠪᠠᠴᠤ ᠲᠠᠳᠬᠠᠯ ᠢᠶᠠᠷ ᠶᠠᠪᠠᠭᠠᠨ ᠶᠠᠪᠤᠭᠴᠢ ᠤᠯᠠᠨ᠃ ᠶᠡᠷᠦ ᠨᠢ ᠲᠡᠭᠦᠨ ᠤ ᠦᠨ᠎ᠡ ᠬᠠᠡᠭᠰᠢ ᠭᠡᠭ᠍ᠴᠢ ᠨᠢ ᠶᠡᠷᠤ ᠵᠢᠨ ᠬᠦᠮᠤᠨ ᠰᠠᠭᠤᠵᠦ ᠲᠡᠶᠢᠯᠭᠦ ᠦᠭᠡᠢ ᠭᠡᠯᠡᠬᠦ ᠢᠢᠨ ᠠᠷᠭ᠎ᠠ ᠦᠭᠡᠢ ᠦᠨᠳᠤᠷ ᠪᠠᠶᠢᠯ᠎ᠠ᠃ ᠶᠡᠷᠡᠭᠡᠳ ᠤᠨ ᠤ ᠲᠤᠮᠳᠠᠴᠢ ᠪᠠᠷ ᠪᠠᠯᠭᠠᠰᠤᠨ ᠤ ᠵᠡᠭᠡᠯᠢ ᠭᠤᠳᠤᠮᠵᠢ ᠢᠢ ᠦᠷᠭᠡᠳᠭᠡᠨ ᠪᠠᠶᠢᠭᠤᠯᠤᠭᠰᠠᠨ ᠠᠴᠠ ᠨᠡᠶᠢᠲᠡ ᠢᠢᠨ ᠮᠠᠰᠢᠨ ᠲᠡᠷᠭᠡ ᠭᠠᠷᠭᠠᠭᠰᠠᠨ ᠨᠢ ᠬᠦᠮᠦᠨ ᠴᠦᠭᠡᠨ ᠠᠴᠠ ᠪᠤᠯᠵᠤ ᠬᠠᠮᠢᠭ᠎ᠠ ᠳᠠᠯᠠᠯᠪᠠᠯ ᠲᠡᠨᠳᠡ ᠵᠤᠭᠰᠤᠳᠠᠭ ᠪᠠᠶᠢᠭᠰᠠᠨ ᠨᠢ ᠪᠠᠯᠭᠠᠰᠤᠨ ᠤ ᠪᠠᠨ ᠤᠴᠠᠯᠢᠭ ᠲᠠᠢ ᠨᠠᠶᠢᠳᠠ ᠢᠢᠨ ᠮᠠᠰᠢᠨ ᠲᠡᠷᠭᠡ ᠪᠤᠯᠪᠠ᠃ ᠡᠨᠡ ᠨᠢ ᠬᠦᠮᠦᠰ ᠤᠨ ᠶᠠᠪᠤᠵᠤ ᠰᠠᠭᠤᠬᠤ ᠳᠤ ᠨᠡᠯᠢᠶᠡᠳ ᠲᠦᠭᠦᠮ ᠪᠤᠯᠤᠯ᠎ᠠ᠃ ᠡᠭᠦᠨ ᠤ ᠵᠡᠷᠭᠡᠴᠡᠭᠡ ᠪᠠᠷ ᠬᠤᠪᠢ ᠬᠦᠮᠦᠨ ᠤ ᠭᠤᠷᠪᠠᠨ ᠬᠦᠷᠳᠤᠲᠤ ᠲᠡᠷᠭᠡ ᠤᠯᠠᠰᠢᠷᠠᠨ ᠪᠦᠬᠦ ᠪᠠᠯᠭᠠᠰᠤᠨ ᠤ ᠵᠠᠮ ᠬᠠᠷᠢᠯᠴᠠᠭ᠎ᠠ ᠢᠢ ᠭᠤᠷᠪᠠᠨ ᠬᠦᠷᠳᠤᠲᠦ ᠲᠡᠷᠭᠡ ᠡᠵᠡᠷᠭᠡᠬᠦ ᠪᠤᠯᠤᠯ᠎ᠠ᠃
ᠬᠤᠶᠠᠷ ᠮᠢᠩᠭᠠᠨ ᠤᠨ ᠤ ᠲᠠᠷᠠᠭ᠎ᠠ ᠪᠠᠷ ᠰᠢᠨᠡᠪᠠᠯᠭᠠᠰᠤᠨ ᠤ ᠵᠡᠭᠡᠯᠢ ᠪᠠᠷ ᠭᠤᠶᠤ ᠭᠢᠴᠡ ᠲᠠᠢ ᠲᠡᠺᠰᠢ ᠲᠡᠪᠭᠢᠯᠳᠤᠨ ᠭᠤᠷᠪᠠᠨ ᠬᠦᠷᠳᠦᠲᠦ ᠲᠡᠷᠭᠡ ᠢᠢ ᠠᠮᠠᠷᠠᠭᠠᠵᠤ ᠬᠤᠳᠠ ᠢᠢᠨ ᠲᠦᠷᠢ ᠲᠦᠷᠭᠦ ᠳᠤ ᠰᠢᠨ᠎ᠡ ᠬᠤᠪᠢᠷᠡᠯᠲᠡ ᠢᠢ ᠤᠯᠭᠤᠵᠤ ᠦᠭ᠍ᠭᠦᠯᠡ᠃ ᠠᠷᠪᠠᠭᠠᠳ ᠤᠨ ᠪᠤᠯᠬᠤ ᠳᠤ ᠵᠢᠵᠢᠭ᠍ᠭᠡᠨ ᠪᠠᠯᠭᠠᠰᠤ ᠮᠠᠨᠢ ᠬᠦᠭᠵᠢᠭᠡᠳ ᠲᠠᠨᠢᠭᠳᠠᠰᠢ ᠦᠭᠡᠢ ᠬᠤᠪᠢᠷᠠᠨ ᠦᠷᠭᠡᠨ ᠲᠡᠷᠳᠠᠡᠭ ᠴᠠᠷᠳᠠᠮᠠᠯ ᠵᠠᠮ ᠦᠨᠳᠦᠷ ᠰᠦᠷᠯᠢᠭ ᠠᠰᠠᠷ ᠪᠠᠷᠢᠯᠭ᠎ᠠ ᠵᠢᠭ᠍ᠳᠡᠷᠡᠨ ᠠᠯᠤᠬ᠎ᠠ ᠭᠡᠯᠪᠡᠷᠢᠲᠡᠢ ᠵᠡᠭᠡᠯᠢ ᠨᠢ ᠤᠷᠤᠭᠰᠢ᠂ ᠬᠤᠶᠢᠰᠢ᠂ ᠵᠡᠭᠦᠨᠰᠢ᠂ ᠪᠠᠷᠠᠭᠤᠨᠰᠢ ᠬᠠᠨᠳᠤᠭᠰᠠᠨ ᠤᠯᠠᠨ ᠰᠦᠯᠵᠢᠶ᠎ᠡ ᠵᠡᠭᠡᠯᠢ ᠲᠠᠢ ᠪᠤᠯᠤᠭᠰᠠᠨ ᠮᠦᠷᠳᠡᠭᠡᠨ ᠨᠠᠭᠠᠰᠢ ᠴᠠᠭᠠᠰᠢ ᠰᠦᠯᠵᠢᠯᠳᠦᠨ ᠲᠡᠪᠭᠢᠭᠠ ᠦᠡᠭᠭᠡ ᠪᠦᠷᠢᠳᠦᠭᠰᠡᠨ ᠶᠠᠩᠵᠤ ᠪᠦᠷᠢ ᠢᠢᠨ ᠲᠡᠮᠳᠡᠭᠳᠤ ᠲᠡᠷᠭᠡ ᠨᠢ ᠬᠤᠳᠠ ᠢᠢᠨ ᠨᠢᠭᠡᠨ ᠬᠢᠯᠡᠰ ᠦᠵᠡᠮᠵᠢ ᠪᠤᠯᠤᠨ ᠬᠠᠷᠠᠭᠳᠠᠨ᠎ᠠ᠃
ᠶᠠᠪᠠᠭᠠᠨ ᠨᠢᠴᠦᠭᠦᠨ ᠢᠶᠠᠷ ᠲᠠᠭᠠᠷᠠᠵᠤ ᠪᠡᠭᠡᠷᠡᠨ ᠺᠢᠨᠣ᠋ ᠦᠵᠡᠬᠦ ᠪᠠᠷ ᠠᠶᠠᠯᠠᠵᠤ ᠪᠠᠶᠢᠭᠰᠠᠨ ᠴᠠᠭ ᠦᠶ᠎ᠡ ᠳᠤ᠂ ᠪᠢᠳᠡ ᠶᠡᠷᠦ ᠬᠦᠳᠡᠭᠡ ᠨᠤᠲᠤᠭ ᠲᠤ ᠴᠠᠭᠢᠯᠭᠠᠨ ᠨᠡᠪᠳᠡᠷᠡᠨ᠎ᠡ ᠭᠡᠳᠡᠭ ᠢ ᠰᠠᠨᠠᠵᠤ ᠤᠯᠳᠠᠭ ᠦᠭᠡᠢ ᠪᠠᠶᠢᠯ᠎ᠠ᠃ ᠤᠳᠤ ᠪᠤᠯᠬᠤ ᠳᠤ ᠭᠡᠷ ᠲᠡᠭᠡᠨ ᠬᠠᠯᠠᠭᠤᠨ ᠴᠠᠢ ᠪᠠᠨ ᠤᠭᠤᠴᠢᠯᠠᠨ᠂ ᠬᠠᠮᠤᠭ ᠲᠤᠷᠠᠳᠠᠢ ᠪᠠᠨ ᠵᠤᠭᠤᠭᠯᠠᠨ ᠲᠠᠪᠠᠳᠠᠢ ᠰᠠᠭᠤᠵᠤ ᠠᠯᠢ ᠲᠤᠷᠠᠳᠠᠢ ᠭᠡᠰᠡᠨ ᠰᠤᠨᠢᠨ ᠰᠡᠪᠡᠭᠦᠨ ᠵᠤᠶᠢᠯ ᠢ ᠰᠦᠯᠵᠢᠶᠡᠨ ᠠᠴᠠ ᠦᠵᠡᠵᠦ ᠠᠮᠲᠠᠷᠬᠠᠨ ᠵᠢᠷᠭᠠᠬᠤ ᠪᠤᠯᠵᠠᠢ᠃
ᠭᠡᠤᠭᠡᠳ ᠦᠶ᠎ᠡ ᠳᠤ᠂ ᠶᠡᠭᠡᠴᠦᠦᠯ ᠤᠨ ᠠᠮᠠᠨ ᠠᠴᠠ ᠰᠤᠨᠤᠰᠴᠤ ᠪᠠᠶᠢᠭᠰᠠᠨ ︽ᠰᠠᠷ᠎ᠠ ᠢᠢᠨ ᠭᠠᠵᠠᠷ ᠢ ᠡᠳᠦᠷ ᠢᠶᠠᠷ ᠲᠤᠪᠴᠢᠯᠠᠵᠤ᠂ ᠡᠳᠦᠷ ᠤᠨ ᠭᠠᠵᠠᠷ ᠢ ᠴᠠᠭ ᠢᠶᠠᠷ ᠲᠤᠪᠴᠢᠯᠠᠭᠠᠳ ᠁︾ ᠭᠡᠳᠡᠭ ᠲᠤᠮᠤᠭ ᠦᠯᠢᠭᠡᠷ ᠨᠢ ᠤᠳᠤ ᠦᠨᠡᠨ ᠪᠤᠯᠵᠤ᠂ ᠵᠠᠮ ᠨᠡᠪᠳᠡᠷᠡᠯᠭᠡ᠂ ᠰᠤᠷᠠᠭ ᠴᠢᠮᠡᠭᠡ ᠨᠢᠰᠭᠦ ᠮᠡᠲᠦ ᠭᠦᠭ᠍ᠵᠢᠵᠦ ᠲᠡᠯᠡᠭᠡᠢ ᠳ᠋ᠠᠭᠢᠨ ᠤ ᠰᠤᠨᠢᠨ ᠴᠢᠮᠡᠭᠡ ᠢᠢ ᠲ᠋ᠧᠯᠸᠢᠰ᠂ ᠲᠤᠤᠷ ᠰᠦᠯᠵᠢᠶ᠎ᠡ ᠠᠴᠠ ᠴᠠᠭ ᠲᠠᠷᠤᠢ ᠳᠤᠨᠢ ᠰᠤᠨᠤᠰᠬᠤ ᠪᠤᠯᠤᠭᠰᠠᠨ ᠨᠢ ᠶᠠᠭᠤᠳᠠᠢ ᠭᠠᠶᠢᠬᠠᠮᠰᠢᠭ ᠪᠢᠯᠡ︕
ᠤᠯᠤᠰ ᠤᠨ ᠲᠦᠷᠦ ᠢᠢᠨ ᠪᠤᠳᠤᠯᠭ᠎ᠠ ᠢᠢᠨ ᠲᠤᠶᠠᠭᠠᠯᠠᠯ ᠲᠤᠤᠷ᠎ᠠ ᠮᠠᠨ ᠤ ᠪᠠᠭᠠᠴᠤᠳ ᠭᠡᠤᠭᠡᠳ ᠤᠯᠠᠨ ᠬᠡᠯᠡᠨ ᠤ ᠺᠢᠨᠣ᠋ ᠵᠦᠴᠦᠭᠡ᠂ ᠮᠡᠳᠡᠯᠭᠡ ᠮᠡᠷᠭᠡᠰᠢᠯ ᠢ ᠵᠢᠷᠤᠭᠲᠤ ᠷᠠᠳᠢᠤ᠋᠂ ᠭᠠᠷ ᠤᠲᠠᠰᠤ᠂ ᠺᠤᠮᠫᠢᠥ᠋ᠲ᠋ᠧᠷ ᠵᠢᠡᠷ ᠰᠦᠯᠵᠢᠶᠡᠨ ᠠᠴᠠ ᠤᠯᠵᠤ ᠰᠤᠨᠢᠷᠬᠠᠬᠤ ᠪᠤᠯᠤᠯ᠎ᠠ᠃
ᠠᠷᠠᠳ ᠲᠦᠮᠡᠨ ᠤ ᠰᠤᠶᠤᠯ ᠤᠨ ᠠᠮᠢᠳᠤᠷᠠᠯ ᠬᠦᠭᠵᠢᠭᠡᠳ ᠦᠨᠤᠳᠤᠷ ᠤᠨ ᠡᠨᠡ ᠭᠡᠮᠵᠢᠶᠠᠨ ᠳᠤ ᠬᠦᠷᠤᠨ᠎ᠠ ᠭᠡᠰᠡᠨ ᠢ ᠶᠡᠷᠦ ᠪᠤᠳᠤᠵᠤ ᠤᠯᠤᠭ᠎ᠠ ᠦᠭᠡᠢ᠃ ᠴᠠᠭ ᠦᠶ᠎ᠡ ᠢᠢᠨ ᠭᠦᠭ᠍ᠵᠢᠯᠳᠡ ᠢᠢ ᠴᠢ ᠪᠢᠲᠡ ᠲᠦᠰᠦᠪᠯᠡᠭᠦᠶᠡ ᠪᠡᠷᠭᠡ︕ ᠡᠨᠡ ᠦᠨᠡᠭᠡᠷ ᠲᠤᠬᠠᠢ ᠵᠢᠨ ᠦᠶ᠎ᠠ ᠵᠢᠨ ︽ᠵᠡᠭᠦᠳᠤᠨ ᠳᠦ ᠦᠭᠡᠢ ᠤᠴᠢᠷ ᠡᠭᠦᠳᠡᠨ ᠳᠤ︾ ᠭᠡᠭ᠍ᠴᠢ ᠪᠤᠯᠤᠯ᠎ᠠ᠃