︱ ᠰᠦᠨ ᠰᠢᠳᠤ ᠪᠠᠷ ᠰᠡᠳᠦᠪᠯᠡᠭᠰᠡᠨ ᠰᠤᠶᠤᠯ ᠪᠤᠯᠪᠠᠰᠤᠨ ᠤ ᠲᠤᠬᠠᠢ ᠡᠷᠬᠢᠴᠡᠭᠦᠯᠦᠯ·ᠲᠡᠯᠡᠬᠡᠢ ᠵᠢᠨ ᠨᠤᠮ ᠤᠡᠭᠰᠢᠬᠤ ᠡᠳᠦᠷ ᠤᠨ ᠲᠤᠰᠬᠠᠢ ᠲᠡᠮᠲᠡᠭᠯᠡᠯ
ᠲᠡᠯᠡᠬᠡᠢ ᠵᠢᠨ ᠨᠤᠮ ᠤᠡᠭᠰᠢᠬᠤ ᠡᠳᠦᠷ ᠡᠴᠡ ᠡᠮᠦᠨᠡᠬᠡᠨ ᠪᠠᠶᠢᠵᠤ ᠪᠢᠯᠡ᠃ ᠪᠢᠷᠴᠢᠨ ᠰᠢᠷᠠᠠᠤᠰᠤᠨ ᠭᠤᠤᠯ ᠤᠨ ᠬᠦᠪᠡᠭᠡᠨ᠎ᠡ ᠬᠠᠪᠤᠷ ᠤᠨ ᠠᠶᠢᠵᠠᠮ ᠢ ᠴᠢᠡᠭᠨᠠᠨ ᠵᠤᠭᠰᠤᠵᠤ ᠪᠠᠶᠢᠯ᠎ᠠ᠃ ᠨᠢᠭᠡ ᠵᠠᠯᠠᠭᠤᠬᠠᠨ ᠪᠦᠰᠡᠬᠦᠢ ᠭᠤᠤᠯ ᠤᠨ ᠬᠦᠪᠡᠭᠡ ᠪᠡᠷ ᠠᠯᠬᠤᠯᠠᠵᠤ ᠪᠠᠶᠢᠭᠰᠠᠨ ᠢᠶᠡᠨ ᠶᠠᠭᠤ ᠨᠢᠭᠡ ᠵᠢ ᠠᠵᠢᠶᠠᠵᠤ ᠬᠠᠷᠠᠭᠰᠠᠨ ᠪᠤᠯᠤᠯᠳᠠᠢ ᠪᠡᠶ᠎ᠡ ᠪᠦᠬᠦᠢᠢᠨ ᠭᠠᠷ ᠳᠠᠭᠠᠨ ᠪᠠᠷᠢᠵᠤ ᠪᠠᠶᠢᠭᠰᠠᠨ ᠶᠠᠭᠤᠮ᠎ᠠ ᠪᠠᠨ ᠪᠤᠯᠠᠵᠤ ᠪᠠᠶᠢᠭ᠎ᠠ ᠨᠢ ᠬᠠᠷᠠᠭᠳᠠᠨ᠎ᠠ᠃ ᠰᠤᠨᠢᠭᠤᠴᠢ ᠵᠠᠡᠭ ᠡᠴᠡ ᠪᠤᠯᠤᠭᠠᠳ ᠲᠡᠷᠭᠡᠳᠡ ᠨᠢ ᠬᠦᠷᠦᠭᠡᠳ ᠤᠴᠢᠪᠠᠯ᠂ ᠲᠡᠷᠡ ᠪᠦᠰᠡᠬᠦᠢ ᠬᠡᠤᠭᠡᠳ ᠤᠨ ᠢᠶᠡᠨ ᠰᠦᠨ ᠰᠢᠳᠤ ᠵᠢ ᠮᠤᠷᠢᠨ ᠲᠤᠭᠤᠷᠠᠢ ᠵᠢᠨ ᠤᠷᠤᠮ ᠳ᠋ᠤ ᠬᠦᠡᠭᠭᠡᠭᠡᠨ ᠪᠤᠯᠠᠵᠤ ᠲᠠᠯᠪᠢᠭᠰᠠᠨ ᠪᠠᠶᠢᠯ᠎ᠠ᠃ ᠡᠭᠦᠨ ᠢ ᠬᠠᠷᠠᠭᠠᠳ ᠤᠯᠠᠮ ᠭᠠᠶᠢᠬᠠᠵᠤ᠂ ᠤᠴᠢᠷ ᠰᠢᠯᠳᠠᠭᠠᠨ ᠢ ᠨᠢ ᠠᠰᠠᠭᠤᠭᠠᠳ᠂ ᠡᠨᠡ ᠪᠤᠯ ᠡᠷᠳᠡᠨ ᠡᠴᠡ ᠤᠯᠠᠮᠵᠢᠯᠠᠵᠤ ᠢᠷᠡᠭᠰᠡᠨ ᠵᠠᠡᠭᠰᠢᠯ᠂ ᠡᠡᠭᠭᠦᠷᠡᠢ ᠦᠷ᠎ᠡ ᠵᠢᠨ ᠢᠶᠡᠨ ᠰᠢᠳᠦ ᠵᠢ ᠠᠵᠢᠨᠠᠢ ᠬᠦᠯᠦᠭ ᠤᠨ ᠬᠢ ᠰᠢᠭ ᠴᠠᠭᠠᠨ ᠪᠦᠭᠡᠳ ᠪᠦᠬᠡᠯᠢᠭ ᠪᠤᠯᠤᠭᠠᠰᠠᠢ ᠬᠡᠵᠤ ᠬᠦᠰᠡᠵᠤ ᠪᠡᠯᠭᠡᠰᠢᠶᠡᠵᠤ ᠪᠠᠶᠢᠭ᠎ᠠ ᠬᠡᠳᠡᠭ ᠢ ᠮᠡᠳᠡᠯ᠎ᠡ᠃
ᠶᠡᠷᠡᠨ ᠲᠦᠷᠪᠡᠨ ᠵᠢᠯ ᠤᠨ ᠡᠮᠦᠨ᠎ᠡ᠂ ᠶᠠᠭ ᠡᠨᠡ ᠭᠠᠵᠠᠷ ᠲᠸ᠋ ᠹᠷᠠᠨᠽᠢ ᠢᠢᠨ ᠡᠷᠳᠡᠮᠳᠡᠨ ᠳ᠋ᠧ ᠿᠢ ᠵᠢᠨ ᠪᠤᠯᠤᠨ ᠰᠠᠡᠭ ᡁᠢ ᠬᠤᠸᠠ ᠬᠡᠤᠬᠡᠳ ᠤᠨ ᠡᠭᠦᠳᠡᠨ ᠰᠢᠳᠤᠨ ᠤ ᠴᠢᠯᠠᠭᠤᠵᠢᠮᠠᠯ ᠢ ᠢᠯᠡᠷᠡᠭᠦᠯᠵᠤ᠂ ᠲᠡᠯᠡᠬᠡᠢ ᠵᠢᠨ ᠬᠠᠭᠤᠴᠢ ᠰᠤᠳᠤᠯᠤᠯ ᠤᠨ ᠬᠦᠷᠢᠶ᠎ᠡ ᠴᠠᠷᠠᠭ᠎ᠠ ᠵᠢ ᠲᠤᠡᠭᠰᠤᠯᠭᠠᠬᠰᠠᠨ ᠬᠡᠳᠡᠭ ᠢ ᠡᠨᠡ ᠪᠦᠰᠡᠬᠦᠢ ᠮᠡᠳᠡᠳᠡᠭ ᠪᠤᠯ ᠤᠤ︖
ᠮᠢᠡᠭᠭᠠᠨ ᠵᠢᠯ ᠤᠯᠠᠮᠵᠢᠯᠠᠬᠰᠠᠨ ᠪᠡᠯᠬᠡᠰᠢᠶᠡᠯ ᠤᠨ ᠵᠠᠡᠭᠰᠢᠯ ᠬᠢᠬᠡᠳ ᠬᠠᠭᠤᠴᠢ ᠰᠤᠳᠤᠯᠤᠯ ᠤᠨ ᠲᠡᠤᠬᠡ ᠵᠢ ᠦᠬᠡᠷᠡᠴᠢᠯᠡᠨ ᠪᠢᠴᠢᠭᠰᠡᠨ ᠮᠤᠨᠳᠠᠭ ᠢᠯᠡᠷᠡᠭᠦᠯᠦᠯᠳᠡ ᠨᠢ ᠡᠨᠡ ᠮᠦᠴᠡ ᠳ᠋ᠤ ᠰᠦᠨ ᠰᠢᠳᠤ ᠪᠠᠷ ᠬᠤᠯᠪᠤᠬᠳᠠᠵᠤ᠂ ᠰᠢᠷᠬᠤᠰᠤᠨ ᠭᠤᠤᠯ ᠤᠨ ᠬᠦᠪᠡᠭᠡᠨ ᠳ᠋ᠤ ᠲᠠᠭᠤ ᠦᠭᠡᠢ ᠶᠠᠷᠢᠯᠴᠠᠭ᠎ᠠ ᠵᠢ ᠪᠡᠶᠡᠯᠡᠭᠦᠯᠦᠨᠡᠮ᠃
ᠠᠽᠢᠶ᠎ᠠ ᠲᠢᠪ ᠤᠨ ᠬᠠᠭᠤᠴᠢᠨ ᠴᠢᠯᠠᠭᠤᠨ ᠪᠠᠭᠠᠵᠢ ᠵᠢᠨ ᠲᠡᠤᠬᠡ ᠵᠢ ᠦᠬᠡᠷᠡᠴᠢᠯᠡᠵᠤ ᠪᠢᠴᠢᠭᠰᠡᠨ ᠨᠢ
ᠰᠢᠷᠬᠤᠰᠤᠨ ᠭᠤᠤᠯ ᠱᠠᠨᠰᠢ ᠮᠣᠵᠢ ᠢᠢᠨ ᠳ᠋ᠢᠩᠪᠢᠶᠠᠨ ᠰᠢᠶᠠᠨ ᠤ ᠪᠠᠢ ᠢᠥᠢ ᠱᠠᠨ ᠠᠭᠤᠯᠠ ᠢᠢᠨ ᠬᠤᠶᠢᠳᠣ ᠪᠡᠯ ᠳᠠᠬᠢ ︽ᠰᠢᠷ᠎ᠠ ᠣᠰᠣ ᠭᠤᠣᠯ ᠤᠨ ᠪᠣᠯᠠᠭ︾ ᠡᠴᠡ ᠡᠬᠢ ᠠᠪᠴᠤ ᠵᠡᠭᠦᠨ ᠬᠤᠶᠢᠰᠢ ᠣᠷᠣᠰᠣᠨ᠂ ᠣᠳᠤᠭ ᠤᠨ ᠡᠮᠣᠨᠡᠳᠣ ᠬᠤᠰᠢᠭᠤᠨ ᠤ ᠵᠡᠭᠦᠨ ᠡᠮᠦᠨᠡᠭᠦᠷ ᠵᠡᠬᠦᠨᠰᠢ ᠣᠷᠣᠰᠴᠣ᠂ ᠦᠣᠰᠢᠨ ᠬᠤᠰᠢᠭᠤᠨ ᠤ ᠡᠮᠦᠨᠡᠭᠦᠷ ᠪᠠᠳᠣ ᠢᠢᠨ ᠲᠣᠬᠤᠢ ᠢᠢᠨ ᠣᠷᠴᠢᠮ ᠮᠣᠷᠣᠶᠢᠵᠣ᠂ ᠲᠠᠬᠢᠨ ᠱᠠᠨᠰᠢ ᠮᠣᠵᠢ ᠵᠢᠨ ᠬᠢᠵᠠᠭᠠᠷ ᠲᠸ᠋ ᠣᠷᠣᠨ᠂ ᠵᠡᠭᠦᠨᠰᠢ ᠤᠷᠤᠰᠴᠤ ᠬᠠᠳᠣᠨ ᠭᠤᠣᠯ ᠳᠤ ᠴᠢᠳᠬᠤᠳᠠᠭ᠃ ᠤᠯᠠᠨ ᠤ ᠮᠡᠳᠡᠭᠡᠵᠢ ᠪᠠᠷ ᠰᠢᠷᠬᠤᠰᠤᠨ ᠭᠤᠤᠯ ᠢ ᠪᠠᠰᠠ︽ᠤᠳᠠ ᠵᠢᠨ ᠭᠤᠤᠯ︾ᠬᠡᠮᠡᠵᠤ᠂ ᠲᠤᠬᠠᠢ ᠵᠢᠨ ᠭᠠᠵᠠᠷ ᠤᠨ ᠬᠦᠮᠦᠰ ︽ᠭᠠᠯᠵᠠᠭᠤ ᠰᠢᠷᠬᠤᠰᠤ︾ ᠬᠡᠵᠤ ᠴᠸ᠋ ᠬᠡᠯᠡᠳᠡᠭ᠃ 1922 ᠣᠨ ᠳᠤ ᠹᠷᠠᠨᠽᠢ ᠢᠢᠨ ᠡᠷᠳᠡᠨ ᠤ ᠠᠮᠢᠳᠣ ᠪᠣᠳᠠᠰ ᠤᠨ ᠡᠷᠳᠡᠮᠳᠡᠨ ᠰᠠᠡᠭ ᡁᠢ ᠬᠤᠸᠠ ᠪᠤᠯᠤᠨ ᠳ᠋ᠧ ᠿᠢ ᠵᠢᠨ ᠬᠤᠶᠠᠭᠤᠯᠠ ᠪᠠᠨ ᠮᠠᠯᠴᠢᠨ ᠸᠠᠡᠭᠴᠤᠭ ᠤᠨ ᠭᠠᠵᠠᠷᠴᠢᠯᠠᠭᠠ ᠪᠡᠷ ᠰᠢᠷᠬᠤᠰᠣᠨ ᠭᠤᠣᠯ ᠤᠨ ᠶᠡᠭᠡ ᠲᠣᠬᠤᠢ ᠬᠡᠮᠡᠬᠦ ᠭᠠᠵᠠᠷ ᠡᠴᠡ ᠡᠷᠳᠡᠨ ᠤ ᠬᠦᠮᠦᠨ ᠲᠦᠷᠦᠯᠬᠢᠳᠡᠨ ᠤ ᠪᠠᠭᠤᠷᠢ ᠵᠢ ᠤᠯᠵᠤ ᠢᠯᠡᠷᠡᠬᠦᠯᠦᠭᠰᠡᠨ ᠠᠵᠢ᠃ ᠳ᠋ᠧ ᠿᠢ ᠵᠢᠨ ᠣᠯᠣᠭᠰᠠᠨ ᠦᠯᠢᠭᠡᠷ ᠶᠠᠡᠭᠵᠤ ᠪᠠᠨ ᠲᠢᠭᠯᠡᠬᠦ ᠵᠠᠭᠤᠷ᠎ᠠ ᠲᠡᠮᠡᠭᠡᠨ ᠬᠢᠷᠭᠤᠣᠯ ᠤᠨ ᠦᠨᠳᠡᠭᠡ ᠢᠢᠨ ᠬᠠᠯᠢᠰᠣᠨ ᠤ ᠲᠣᠳᠣᠷ᠎ᠠ ᠠᠴᠠ ᠰᠠᠨᠠᠮᠰᠠᠷ ᠦᠭᠡᠢ ᠪᠠᠷ ᠨᠢᠭᠡᠨ ᠬᠦᠮᠦᠨ ᠤ ᠰᠢᠳᠣ ᠢᠢ ᠣᠯᠪᠠ᠃ ᠲᠤᠬᠠᠢ ᠵᠢᠨ ᠦᠶ᠎ᠡ ᠵᠢᠨ ᠪᠡᠭᠡᠵᠢᠩ ᠤᠨ ᠰᠢᠶᠧ ᠾᠧ ᠡᠮᠨᠡᠯᠭᠡ ᠢᠢᠨ ᠬᠤᠷᠢᠶᠠᠨ ᠤ ᠠᠨᠠᠭᠠᠬᠤ ᠣᠬᠠᠭᠠᠨ ᠤ ᠰᠠᠯᠪᠣᠷᠢ ᠢᠢᠨ ᠡᠷᠬᠢᠯᠡᠭ᠍ᠴᠢ ᠪᠦ ᠳ᠋ᠠ ᠱᠧᠡᠭ ᠡᠨᠡ ᠰᠢᠳᠦ ᠵᠢ ᠰᠤᠳᠤᠯᠵᠤ᠂ ᠲᠤᠰ ᠰᠢᠳᠣ ᠪᠤᠯ ᠨᠠᠢᠮᠠ ᠶᠢᠰᠦᠨ ᠨᠠᠰᠤᠨ ᠤ ᠬᠡᠣᠬᠡᠳ ᠤᠨ ᠵᠡᠭᠦᠨ ᠳᠡᠭᠡᠳᠦ ᠲᠠᠯ᠎ᠠ ᠢᠢᠨ ᠡᠭᠦᠳᠡᠨ ᠰᠢᠳᠣ ᠬᠡᠮᠡᠨ ᠲᠤᠲᠤᠯᠠᠵᠤ᠂ ︽ᠣᠷᠳᠣᠰ ᠰᠢᠳᠦ︾ ᠬᠡᠵᠣ ᠨᠡᠷᠡᠯᠡᠵᠡᠢ᠃ ᠡᠶᠢᠨ ᠬᠦ ᠲᠡᠯᠡᠬᠡᠢ ᠳ᠋ᠡᠬᠢᠨ ᠢ ᠲᠤᠡᠭᠰᠤᠯᠭᠠᠬᠰᠠᠨ ᠨᠢᠬᠡᠨ ᠳ᠋ᠦᠡᠭᠨᠡᠯᠳᠡ ᠪᠤᠢ ᠪᠤᠯᠤᠬᠰᠠᠨ ᠪᠠᠶᠢᠨ᠎ᠠ᠄ ᠠᠽᠢᠶ᠎ᠠ ᠲᠢᠪ ᠤᠨ ᠵᠡᠭᠦᠨ ᠬᠡᠰᠡᠭ ᠲᠸ᠋ ᠬᠠᠭᠤᠴᠢᠨ ᠴᠢᠯᠠᠭᠤᠨ ᠪᠠᠭᠠᠵᠢ ᠵᠢᠨ ᠦᠶ᠎ᠡ ᠵᠢᠨ ᠬᠦᠮᠦᠨ ᠲᠦᠷᠦᠯᠬᠢᠳᠡᠨ ᠤ ᠠᠵᠢᠯᠯᠠᠭ᠎ᠠ ᠤᠷᠤᠰᠢᠵᠤ ᠪᠠᠶᠢᠵᠠᠢ᠃ ᠡᠨᠡ ᠨᠢ ︽ ᠲᠣᠮᠳᠠᠳᠣ ᠣᠯᠣᠰ ᠲᠤ ᠬᠠᠭᠤᠴᠢᠨ ᠴᠢᠯᠠᠭᠤᠨ ᠪᠠᠭᠠᠵᠢ ᠵᠢᠨ ᠲᠡᠤᠬᠡ ᠪᠠᠶᠢᠬᠤ ᠦᠭᠡᠢ︾ ᠬᠡᠰᠡᠨ ᠨᠤᠳᠠᠯᠠᠯᠳᠠ ᠵᠢ ᠡᠴᠦᠰᠯᠡᠭᠦᠯᠪᠡ᠃
ᠬᠤᠷᠢᠨ ᠵᠢᠯ ᠤᠨ ᠳᠠᠷᠠᠭ᠎ᠠ ᠳᠣᠮᠳᠠᠳᠣ ᠣᠯᠣᠰ ᠤᠨ ᠬᠠᠭᠤᠴᠢ ᠰᠤᠳᠤᠯᠤᠭᠠᠴᠢ ᠫᠸᠢ ᠸᠧᠨ ᠵᠦᠩ ᠬᠠᠮᠤᠭ ᠤᠨ ᠲᠡᠷᠢᠭᠦᠨ ᠳᠤ ︽ᠪᠣᠷᠣᠳᠣᠬᠤᠢ ᠢᠢᠨ ᠬᠦᠮᠦᠨ︾᠂ ︽ᠪᠣᠷᠣᠳᠣᠬᠤᠢ ᠢᠢᠨ ᠰᠢᠳᠦ︾ ᠭᠡᠬᠦ ᠬᠤᠶᠠᠷ ᠦᠭᠡ ᠢᠢ ᠬᠡᠷᠡᠭ᠍ᠯᠡᠵᠦ ᠪᠢᠯᠡ᠃ ᠲᠡᠭᠦᠨ ᠤ ᠰᠣᠷᠣᠭᠴᠢ ᠵᠢᠶᠠ ᠯᠠᠨ ᠫᠦᠸᠧ ᠤᠯᠠᠮ ᠨᠢᠬᠡ ᠠᠯᠬᠤᠮ ᠰᠤᠳᠤᠯᠤᠯᠳᠠ ᠬᠢᠵᠤ᠂ ︽ᠪᠤᠷᠤᠳᠤᠬᠤᠢ ᠵᠢᠨ ᠬᠦᠮᠦᠨ︾ ᠤ᠋ ᠮᠠᠡᠭᠨᠠᠢ ᠵᠢᠨ ᠶᠠᠰᠤ ᠨᠢ ᠲᠡᠭᠰᠢᠬᠡᠨ᠂ ᠬᠠᠮᠠᠷ ᠤᠨ ᠶᠠᠰᠤ ᠨᠢ ᠬᠦᠳᠦᠢᠢᠵᠤ᠂ ᠭᠠᠪᠠᠯᠠ ᠵᠢᠨ ᠶᠠᠰᠤᠨ ᠤ ᠬᠠᠨ᠎ᠠ ᠨᠢ ᠨᠡᠯᠢᠶᠡᠳ ᠵᠤᠵᠠᠭᠠᠨ ᠵᠡᠷᠭᠡ ᠤᠨᠴᠠᠯᠢᠭ ᠢ ᠢᠯᠡᠷᠡᠬᠦᠯᠵᠡᠢ᠃ ᠡᠳᠡᠭᠡᠷ ᠤᠨᠴᠠᠯᠢᠭ ᠨᠢ ᠵᠸᠤ ᠺᠸᠤ ᠳ᠋ᠢᠶᠡᠨ ᠤ ︽ᠪᠡᠭᠡᠵᠢᠡᠭ ᠬᠦᠮᠦᠨ︾ ᠲᠠᠢ ᠲᠡᠭᠡᠳᠦ ᠬᠡᠮᠵᠢᠶ᠎ᠡ ᠪᠠᠷ ᠨᠢᠬᠡᠳᠦᠯᠳᠡᠢ ᠪᠠᠶᠢᠵᠤ᠂ ᠴᠦᠮ ᠲᠤᠮᠳᠠᠳᠤ ᠤᠯᠤᠰ ᠤᠨ ᠤᠳᠤ ᠵᠢᠨ ᠬᠦᠮᠦᠨ ᠤ ᠤᠳᠤᠮ ᠤᠬᠰᠠᠭ᠎ᠠ ᠵᠢᠨ ᠲᠡᠭᠡᠳᠦᠰ ᠪᠤᠯᠤᠨ᠎ᠠ ᠬᠡᠵᠤ ᠡᠷᠳᠡᠮᠳᠡᠳ ᠰᠠᠨᠠᠯ ᠨᠢᠭᠡᠳᠴᠡᠢ᠃ ᠬᠡᠪᠡᠴᠦ ᠬᠡᠷᠬᠢᠨ ᠨᠡᠷᠡᠯᠡᠬᠦ ᠲᠤᠬᠠᠢ ᠡᠳᠦᠬᠡ ᠪᠤᠯᠳᠠᠯ᠎ᠠ ᠮᠠᠷᠭᠤᠭᠠᠨ ᠲᠠᠢ ᠪᠠᠶᠢᠬᠰᠠᠭᠠᠷ᠃ ᠰᠢ᠊·ᠮᠦᠷᠡᠨ ︽ᠬᠠᠶᠢᠷᠬᠠᠨ ᠳᠤ ᠪᠢᠴᠢᠭ᠍ᠰᠡᠨ 21 ᠵᠠᠬᠢᠳᠠᠯ︾ ᠳ᠋ᠠᠭᠠᠨ︽ᠪᠤᠷᠤᠳᠤᠬᠤᠢ ᠵᠢᠨ ᠬᠦᠮᠦᠨ︾ ᠬᠡᠮᠡᠨ ᠨᠡᠷᠡᠯᠡᠬᠦ ᠨᠢ ᠪᠠᠭᠤᠷᠢ ᠵᠢᠨ ᠪᠠᠶᠢᠷᠢᠯᠠᠯ ᠢ ᠬᠤᠳᠬᠤᠯᠳᠤᠭᠤᠯᠤᠬᠰᠠᠨ ᠡᠴᠡ ︽ᠲᠤᠰᠬᠠᠢ ᠮᠡᠷᠭᠡᠵᠢᠯ ᠤᠨ ᠪᠤᠰᠤ︾ ᠬᠡᠮᠡᠨ ᠦᠵᠡᠵᠤ᠂ ︽ᠤᠷᠳᠤᠰ ᠬᠦᠮᠦᠨ︾ᠬᠡᠬᠦ ᠤᠤᠯ ᠨᠡᠷ᠎ᠡ ᠵᠢ ᠨᠢ ᠰᠡᠷᠭᠦᠭᠡᠭᠦ ᠵᠢ ᠰᠠᠨᠠᠭᠠᠴᠢᠯᠠᠪᠠ᠃ ᠦᠤᠰᠢᠨ ᠬᠤᠰᠢᠭᠤᠨ ᠤ ᠰᠤᠶᠤᠯ ᠲᠡᠤᠬᠡ ᠵᠢᠨ ᠰᠤᠳᠤᠯᠤᠭᠠᠴᠢ ᠨᠠᠰᠤᠨᠪᠠᠳᠤ ᠪᠠᠰᠠ ᠬᠠᠮᠤᠭ ᠤᠨ ᠰᠢᠨ᠎ᠡ ᠰᠤᠳᠤᠯᠭᠠᠨ ᠳ᠋ᠤ ︽ᠤᠷᠳᠤᠰ ᠬᠦᠮᠦᠨ︾ ᠤ᠋ ᠤᠷᠤᠰᠢᠨ ᠠᠮᠢᠳᠤᠷᠠᠵᠤ ᠪᠠᠶᠢᠬᠰᠠᠨ ᠤᠨ ᠵᠢᠯ ᠢ 14 ᠲᠦᠮᠡᠨ ᠡᠴᠡ 7 ᠲᠦᠮᠡᠨ ᠵᠢᠯ ᠤᠨ ᠡᠮᠦᠨ᠎ᠡ ᠪᠠᠶᠢᠭᠰᠠᠨ ᠢ ᠲᠤᠳᠤᠯᠠᠵᠤ᠂ ᠡᠭᠦᠨ ᠡᠴᠡ ᠡᠮᠦᠨ᠎ᠡ ᠨᠤᠳᠠᠯᠠᠨ ᠲᠤᠬᠲᠠᠭᠠᠬᠰᠠᠨ 3.5 ᠲᠦᠮᠡᠨ ᠵᠢᠯ ᠡᠴᠡ ᠬᠤᠯᠠ ᠡᠷᠳᠡ ᠪᠤᠯᠵᠠᠢ ᠬᠡᠮᠡᠨ ᠵᠢᠭᠠᠵᠤ ᠭᠠᠷᠭᠠᠪᠠ᠃
ᠨᠡᠷ᠎ᠡ ᠨᠢ ᠶᠠᠭᠠᠬᠢᠵᠤ ᠤᠯᠠᠷᠢᠨ ᠬᠤᠪᠢᠷᠠᠬᠰᠠᠨ ᠴᠸ᠋ ᠰᠢᠷᠬᠤᠰᠤᠨ ᠭᠤᠤᠯ ᠪᠤᠯ ᠲᠤᠷᠤᠨᠠᠳᠡᠬᠢᠨ ᠤ ᠬᠦᠮᠦᠨ ᠲᠦᠷᠦᠯᠬᠢᠳᠡᠨ ᠤ ᠦᠯᠦᠬᠡᠢ ᠵᠢᠨ ᠨᠢᠬᠡ ᠪᠤᠯᠬᠤ ᠨᠢ ᠮᠠᠷᠭᠤᠰᠢ ᠦᠭᠡᠢ᠃ ᠡ᠊ᠨᠳᠡ ᠡᠴᠡ ᠤᠯᠳᠠᠬᠰᠠᠨ 600 ᠭᠠᠷᠤᠢ ᠡᠷᠳᠡᠨ ᠤ ᠴᠢᠯᠠᠭᠤᠨ ᠪᠠᠭᠠᠵᠢ ᠵᠢᠨ ᠲᠤᠲᠤᠷᠠᠬᠢ 200 ᠭᠠᠷᠤᠢ ᠨᠢ ᠤᠳᠤ ᠪᠤᠯᠳᠠᠯ᠎ᠠ ᠹᠷᠠᠨᠽᠢ ᠵᠢᠨ ᠫᠠᠷᠢᠰ ᠤᠨ ᠮᠦᠽᠸᠢ ᠳ᠋ᠤ ᠨᠡᠨᠳᠢᠡᠭᠨᠠᠨ ᠬᠠᠳᠠᠭᠠᠯᠠᠬᠳᠠᠵᠤ᠂ ᠬᠦᠮᠦᠨ ᠲᠦᠷᠦᠯᠬᠢᠳᠡᠨ ᠤ ᠬᠠᠮᠳᠤ ᠵᠢᠨ ᠲᠤᠷᠠᠳᠬᠠᠯ ᠤᠨ ᠬᠡᠷᠡᠴᠢ ᠪᠤᠯᠵᠤ ᠪᠤᠢ᠃
ᠪᠡᠯᠭᠡᠳᠡᠯ ᠰᠠᠨᠠᠭ᠎ᠠ ᠠᠬᠤᠢ ᠬᠢᠬᠡᠳ ᠤᠳᠤ ᠦᠶ᠎ᠡ ᠵᠢᠨ ᠠᠮᠢᠳᠤᠷᠠᠯ ᠤᠨ ᠠᠭᠤᠰᠤᠯᠴᠠᠯ
ᠮᠦᠽᠸᠢ ᠳ᠋ᠤ ᠪᠠᠶᠢᠭ᠎ᠠ ᠴᠢᠯᠠᠭᠤᠵᠢᠮᠠᠯ ᠢ ᠴᠠᠭ ᠬᠤᠭᠤᠴᠠᠭᠠᠨ ᠤ ᠦᠯᠢᠬᠡᠷ ᠬᠡᠪ ᠭᠡᠬᠦ ᠳ᠋ᠤ ᠬᠦᠷᠪᠡᠯ᠂ ᠰᠢᠷᠠᠠᠤᠰᠤᠨ ᠭᠤᠤᠯ ᠤᠨ ᠬᠦᠪᠡᠭᠡᠨ᠎ᠡ ᠬᠠᠷᠭᠤᠭᠰᠠᠨ ᠵᠠᠯᠠᠭᠤ ᠪᠦᠰᠡᠬᠦᠢ ᠵᠢᠨ ᠲᠡᠷᠡ ᠬᠦ ᠦᠢᠯᠡ ᠠᠵᠢᠯᠯᠠᠭ᠎ᠠ ᠨᠢ ᠪᠤᠯᠪᠠᠰᠤᠨ ᠤ ᠦᠷᠭᠦᠯᠵᠢᠯᠡᠯ ᠤᠨ ᠬᠡᠷᠡᠴᠢ ᠪᠤᠯᠬᠤ ᠶᠤᠮ ᠰᠠᠨ᠃ ᠤᠷᠳᠤᠰ ᠨᠤᠳᠤᠭ ᠲᠸ᠋᠂ ᠬᠡᠤᠬᠡᠳ ᠤᠨ ᠤᠨᠠᠬᠰᠠᠨ ᠰᠦᠨ ᠰᠢᠳᠤ ᠵᠢ ᠬᠤᠷᠢᠶᠠᠨ ᠬᠠᠳᠠᠭᠠᠯᠠᠵᠤ ᠪᠠᠶᠢᠭᠠᠳ ᠠᠵᠢᠨᠠᠢ ᠬᠦᠯᠦᠭ ᠬᠢᠰᠬᠢᠭᠰᠡᠨ ᠭᠠᠵᠠᠷ ᠲᠸ᠋ ᠪᠤᠯᠠᠵᠤ ᠲᠠᠯᠪᠢᠳᠠᠭ ᠡᠷᠳᠡᠨ ᠤ ᠵᠠᠡᠭᠰᠢᠯ ᠤᠯᠠᠮᠵᠢᠯᠠᠬᠳᠠᠬᠰᠠᠭᠠᠷ ᠢᠷᠡᠵᠡᠢ᠃ ᠡᠨᠡ ᠬᠦ ᠵᠠᠡᠭᠰᠢᠯ ᠨᠢ ᠪᠠᠶᠢᠭᠠᠯᠢ ᠪᠠᠨ ᠲᠡᠭᠡᠳᠦᠯᠡᠬᠦ ᠡᠷᠳᠡᠨ ᠤ ᠰᠤᠶᠤᠯ ᠡᠴᠡ ᠡᠬᠢ ᠡᠭᠦᠰᠦᠯ ᠲᠠᠢ᠃ ᠮᠤᠷᠢ ᠪᠤᠯ ᠲᠠᠯ᠎ᠠ ᠨᠤᠲᠤᠭ ᠤᠨ ᠰᠦᠭ ᠰᠦᠨᠡᠰᠦ᠂ ᠭᠠᠵᠠᠷ ᠰᠢᠷᠤᠢ ᠪᠤᠯ ᠠᠮᠢ ᠨᠠᠰᠤᠨ ᠤ ᠡᠬᠢ ᠪᠤᠯᠠᠭ ᠬᠡᠮᠡᠭᠳᠡᠳᠡᠭ᠃ ᠰᠦᠨ ᠰᠢᠳᠤ ᠵᠢ ᠡᠭᠡ ᠭᠠᠵᠠᠷ ᠲᠸ᠋ ᠡᠭᠡᠭᠦᠯᠦᠨ ᠪᠤᠴᠠᠭᠠᠬᠤ ᠨᠢ ᠨᠢᠭᠡ ᠶᠤᠰᠤᠨ ᠤ ᠲᠠᠯᠠᠷᠬᠠᠯ᠂ ᠮᠦᠨ ᠴᠸ᠋ ᠰᠠᠶᠢᠨ ᠰᠠᠶᠢᠬᠠᠨ ᠬᠦᠰᠡᠯ ᠮᠦᠷᠦᠭᠡᠳᠦᠯ ᠤᠨ ᠲᠤᠬᠠᠢ ᠲᠠᠭᠠᠳᠬᠠᠯ᠂ ᠠᠮᠢ ᠨᠠᠰᠤ ᠵᠢ ᠲᠡᠭᠡᠳᠦᠯᠡᠨ ᠦᠵᠡᠵᠤ ᠪᠠᠶᠢᠭ᠎ᠠ ᠵᠢᠨ ᠢᠯᠡᠷᠡᠯ ᠮᠦᠨ᠃
ᠡᠭᠦᠨ ᠡᠴᠡ ᠭᠠᠳᠠᠨ᠎ᠠ ᠡ᠊ᠨᠳᠡ ᠪᠠᠰᠠ ᠨᠢᠬᠡᠨ ᠤᠯᠠᠮᠵᠢᠯᠠᠯ ᠪᠠᠶᠢᠳᠠᠭ᠂ ᠲᠠᠷᠤᠢ ᠬᠡᠤᠬᠡᠳ ᠤᠨ ᠤᠨᠠᠬᠰᠠᠨ ᠰᠦᠨ ᠰᠢᠳᠤ ᠵᠢ ᠭᠤᠯᠢᠷ ᠲᠸ᠋ ᠬᠤᠯᠢᠨ ᠨᠤᠬᠠᠢ ᠳ᠋ᠠᠭᠠᠨ ᠦᠭᠭᠦ ᠵᠢᠨ ᠲᠠᠭᠠᠤ ︽ᠴᠢ ᠮᠢᠨᠤ ᠦᠷ᠎ᠡ ᠳ᠋ᠤ ᠰᠠᠶᠢᠨ ᠰᠢᠳᠤ ᠪᠠᠨ ᠦᠭ︾ ᠬᠡᠵᠤ ᠬᠡᠯᠡᠳᠡᠭ ᠵᠠᠡᠭᠰᠢᠯ ᠪᠤᠢ᠃ ᠬᠠᠭᠤᠴᠢ ᠰᠤᠳᠤᠯᠤᠭᠠᠴᠢᠳ ᠡᠳᠡᠭᠡᠷ ︽ᠪᠠᠯᠠᠷ ᠡᠷᠳᠡᠨ︾ ᠤ᠋ ᠶᠤᠰᠤ ᠵᠠᠡᠭᠰᠢᠯ ᠢ ᠬᠦᠮᠦᠨ ᠲᠦᠷᠦᠯᠬᠢᠳᠡᠨ ᠤ ︽ᠷᠢᠳᠢ ᠰᠢᠳᠢ ᠵᠢᠨ ᠦᠵᠡᠯᠳᠡ︾ ᠵᠢᠨ ᠦᠯᠡᠳᠡᠭᠳᠡᠯ ᠬᠡᠮᠡᠨ ᠦᠵᠡᠳᠡᠭ᠃ ᠡᠷᠳᠡᠨ ᠤ ᠦᠶ᠎ᠡ ᠵᠢᠨ ᠬᠦᠮᠦᠰ ᠤᠨ ᠪᠠᠶᠢᠭᠠᠯᠢ ᠪᠠ ᠠᠮᠢ ᠨᠠᠰᠤᠨ ᠤ ᠲᠤᠬᠠᠢ ᠤᠶᠢᠯᠠᠭᠠᠯᠳᠠ ᠪᠦᠷᠦᠭ ᠪᠠᠷᠤᠭ ᠲᠤᠯᠠ ᠪᠡᠯᠭᠡᠳᠡᠯ ᠤᠨ ᠴᠢᠨᠠᠷᠳᠠᠢ ᠶᠤᠰᠤᠯᠠᠯ ᠵᠢᠡᠷ ᠲᠠᠮᠵᠢᠨ ᠲᠡᠯᠡᠬᠡᠢ ᠶᠢᠷᠲᠢᠨᠴᠤ ᠲᠠᠢ ᠬᠠᠷᠢᠴᠠᠭ᠎ᠠ ᠪᠠᠶᠢᠭᠤᠯᠵᠤ᠂ ᠢᠪᠡᠭᠡᠯ ᠬᠦᠷᠲᠡᠬᠦ ᠵᠢ ᠲᠠᠭᠠᠳᠬᠠᠳᠠᠭ ᠪᠠᠶᠢᠪᠠ᠃ ᠵᠠᠯᠠᠭᠤ ᠪᠦᠰᠡᠬᠦᠢ ᠵᠢᠨ ᠬᠡᠤᠭᠡᠳ ᠤᠨ ᠢᠶᠡᠨ ᠤᠨᠠᠭᠰᠠᠨ ᠰᠢᠳᠤ ᠵᠢ ᠪᠤᠯᠠᠵᠤ ᠪᠠᠶᠢᠬᠤ ᠨᠢ ᠰᠠᠨᠠᠮᠰᠠᠷ ᠦᠭᠡᠢ ᠦᠢᠯᠡ ᠠᠵᠢᠯᠯᠠᠭ᠎ᠠ ᠪᠢᠰᠢ᠂ ᠬᠠᠷᠢᠨ ᠬᠡᠳᠦᠨ ᠲᠦᠮᠡᠨ ᠵᠢᠯ ᠤᠨ ᠡᠮᠦᠨᠡᠬᠢ ᠬᠦᠮᠦᠨ ᠲᠦᠷᠦᠯᠬᠢᠳᠡᠨ ᠤ ᠰᠡᠳᠬᠢᠬᠦᠢ ᠵᠢᠨ ᠬᠡᠯᠪᠡᠷᠢ ᠵᠢ ᠤᠳᠤ ᠦᠶ᠎ᠡ ᠳ᠋ᠤ ᠴᠤᠤᠷᠢᠶᠠᠳᠤᠭᠤᠯᠵᠤ ᠪᠠᠶᠢᠭ᠎ᠠ ᠨᠢ ᠡᠨᠡ ᠪᠢᠯᠡ᠃
ᠲᠦᠮᠡᠨ ᠵᠢᠯ ᠤᠨ ᠡᠮᠦᠨᠡᠬᠢ ᠲᠠᠯ᠎ᠠ ᠨᠤᠳᠤᠭ ᠤᠨ ᠬᠠᠭᠠᠯᠭ᠎ᠠ ᠵᠢ ᠲᠤᠭᠰᠢᠭᠰᠠᠨ ᠨᠢ
ᠰᠢᠷᠬᠤᠰᠤᠨ ᠪᠠᠭᠤᠷᠢ ᠵᠢᠨ ᠮᠦᠽᠸᠢ ᠳ᠋ᠤ ᠭᠤᠷᠪᠠᠨ ᠬᠤᠷᠤᠭᠤᠳᠤ ᠮᠤᠷᠢᠨ ᠤ ᠴᠢᠯᠠᠭᠤᠵᠢᠮᠠᠯ ᠲᠠᠯᠪᠢᠭᠠᠰᠤᠳᠠᠢ᠃ ᠲᠡᠭᠦᠨ ᠤ ᠪᠡᠶ᠎ᠡ ᠪᠢᠯᠳᠠᠷ ᠨᠢ ᠤᠳᠤᠬᠢ ᠮᠤᠷᠢᠨ ᠤ ᠬᠢᠷᠢ ᠦᠨᠳᠦᠷ ᠪᠢᠰᠢ ᠪᠤᠯᠪᠠᠴᠤ ᠦᠨᠦᠳᠦᠷ ᠤᠨ ᠪᠦᠬᠦᠢᠢᠯᠡ ᠮᠤᠷᠢᠨ ᠤ ᠡᠪᠦᠬᠡ ᠲᠡᠭᠡᠳᠦᠰ ᠨᠢ ᠮᠦᠨ ᠬᠡᠵᠤ ᠡᠷᠳᠡᠮᠳᠡᠳ ᠨᠤᠳᠠᠯᠠᠬᠰᠠᠨ ᠪᠠᠶᠢᠨ᠎ᠠ᠃ ᠡᠨᠡ ᠬᠦ ᠴᠢᠯᠠᠭᠤᠵᠢᠮᠠᠯ ᠨᠢ ᠦᠡᠭᠭᠡᠷᠡᠨ ᠤᠳᠤᠬᠰᠠᠨ ᠤᠨ ᠴᠠᠭ ᠤᠨ ᠲᠠᠮᠠᠭ᠎ᠠ ᠪᠤᠯᠵᠤ᠂ ᠲᠠᠯ᠎ᠠ ᠨᠤᠲᠤᠭ ᠤᠨ ᠮᠤᠷᠢᠨ ᠤ ᠲᠤᠬᠠᠢ ᠬᠠᠮᠤᠭ ᠤᠨ ᠡᠷᠳᠡᠨ ᠤ ︽ᠢᠮ ᠲᠡᠮᠲᠡᠭ︾ ᠪᠤᠯᠪᠠ᠃ ᠮᠡᠷᠭᠡᠵᠢᠯᠳᠡᠳ ᠰᠤᠳᠤᠯᠭᠠᠨ ᠢᠶᠡᠷ ᠲᠠᠮᠵᠢᠭᠠᠳ᠂ ᠭᠤᠷᠪᠠᠨ ᠬᠤᠷᠤᠭᠤᠳᠤ ᠮᠤᠷᠢ ᠨᠢ ᠪᠠᠯᠠᠷ ᠡᠷᠳᠡᠨ ᠤ ᠲᠡᠤᠬᠡᠨ ᠳ᠋ᠤ ᠬᠦᠰᠢᠶ᠎ᠡ ᠲᠡᠮᠲᠡᠭ ᠤᠨ ᠴᠢᠨᠠᠷᠳᠠᠢ ᠬᠦᠨᠵᠡᠭᠡᠢ ᠤᠳᠬ᠎ᠠ ᠠᠭᠤᠯᠭ᠎ᠠ ᠲᠠᠢ ᠬᠡᠳᠡᠭ ᠢ ᠬᠡᠷᠡᠴᠢᠯᠡᠭᠰᠡᠨ ᠪᠠᠶᠢᠨ᠎ᠠ᠃ ᠡᠶᠢᠨ ᠬᠦ ᠲᠠᠯ᠎ᠠ ᠨᠤᠲᠤᠭ ᠪᠤᠯᠤᠨ ᠠᠳᠤᠭᠤᠨ ᠤ ᠬᠤᠪᠢ ᠪᠠᠷᠢᠯᠳᠤᠯᠭ᠎ᠠ ᠮᠢᠡᠭᠭ᠎ᠠ ᠲᠦᠮᠡᠨ ᠵᠢᠯ ᠦᠷᠭᠦᠯᠵᠢᠯᠡᠵᠤ᠂ ᠬᠤᠵᠢᠮ ᠨᠢ ᠮᠤᠷᠢᠨ ᠨᠢᠷᠤᠭᠤᠨ ᠲᠡᠭᠡᠷᠡᠬᠢ ᠰᠤᠶᠤᠯ ᠪᠤᠯᠪᠠᠰᠤᠨ ᠪᠤᠢ ᠪᠤᠯᠵᠠᠢ᠃
ᠴᠢᠯᠠᠭᠤᠵᠢᠮᠠᠯ ᠤᠨ ᠡᠮᠦᠨ᠎ᠡ ᠵᠤᠬᠰᠤᠬᠤ ᠭᠱᠠᠨ᠎ᠠ ᠶᠡᠬᠡ ᠡᠷᠳᠡᠨ ᠤ ᠠᠳᠤᠭᠤᠨ ᠲᠦᠪᠡᠷᠭᠡᠨ ᠰᠤᠨᠤᠰᠳᠠᠬᠤ ᠰᠢᠬ ᠪᠤᠯᠪᠠ ︱ ᠲᠡᠷᠡ ᠲᠠᠭᠤᠨ ᠰᠢᠷᠬᠤᠰᠤᠨ ᠭᠤᠤᠯ ᠤᠨ ᠤᠯᠠᠨ ᠨᠤᠭᠤᠯᠤᠭ᠎ᠠ ᠪᠠ ᠪᠤᠯᠤᠡᠭ ᠲᠤᠬᠤᠢ ᠵᠢ ᠨᠡᠪᠲᠡᠯᠤᠭᠡᠳ ᠲᠦᠳᠡᠯ ᠦᠭᠡᠢ ᠬᠤᠯᠠᠳᠴᠦ ᠤᠳᠪᠠ᠃ ᠰᠢᠷᠠᠠᠤᠰᠤᠨ ᠭᠤᠤᠯ ᠰᠢᠪᠡᠨᠡᠨ ᠰᠢᠪᠡᠨᠡᠭᠰᠡᠭᠡᠷ ᠁
ᠲᠦᠮᠡᠨ ᠪᠤᠳᠠᠰ ᠲᠡᠮᠡᠤᠯᠬᠦ ᠵᠠᠮ ᠵᠢᠡᠨ ᠡᠷᠢᠯᠬᠢᠯᠡᠨ᠎ᠡ
ᠪᠢᠷᠴᠢᠨ ᠰᠢᠷᠬᠤᠰᠤᠨ ᠭᠤᠤᠯ ᠤᠨ ᠬᠦᠪᠡᠭᠡᠨ ᠳ᠋ᠤ ᠪᠠᠰᠠ ᠨᠢᠬᠡᠨ ᠲᠤᠮᠤᠭ ᠰᠤᠨᠤᠰᠤᠯ᠎ᠠ᠃ ᠡᠷᠳᠡ ᠤᠷᠢᠳᠤ ᠵᠢᠨ ᠴᠠᠭ ᠲᠸ᠋ ᠣᠯᠠᠨ ᠵᠢᠯ ᠪᠠᠶᠢᠯᠳᠣᠵᠣ ᠶᠠᠪᠣᠭᠰᠠᠨ ᠨᠢᠭᠡᠨ ᠴᠡᠷᠢᠭ ᠬᠡᠷ ᠲᠡᠬᠡᠨ ᠬᠠᠷᠢᠬᠤ ᠪᠠᠷ ᠮᠤᠷᠢ ᠪᠠᠨ ᠤᠨᠤᠵᠤ ᠲᠠᠪᠬᠢᠭᠠᠳ ᠬᠡᠬᠡᠷ᠎ᠡ ᠲᠠᠯ᠎ᠠ ᠵᠢᠨ ᠲᠤᠮᠳᠠ ᠵᠦᠭ ᠴᠢᠭ ᠵᠢᠡᠨ ᠠᠯᠳᠠᠵᠠᠢ᠃ ᠰᠠᠷ᠎ᠠ ᠲᠠᠢ ᠰᠦᠨᠢ ᠲᠡᠭᠦᠨ ᠤ ᠠᠷᠤ ᠳ᠋ᠤ ᠲᠠᠭᠤ ᠭᠠᠷᠴᠤ ᠪᠠᠶᠢᠬᠤ ᠰᠢᠬ ᠰᠠᠨᠠᠬᠳᠠᠭᠠᠳ ᠪᠠᠶᠢᠬᠤᠯᠠᠷ ᠡᠷᠬᠢᠵᠤ ᠬᠠᠷᠠᠬᠤ ᠳ᠋ᠤ ᠨᠢᠬᠡᠨ ᠲᠦᠭᠡᠷᠢᠭᠰᠡᠨ ᠭᠤᠤᠯ ᠠᠷᠤ ᠡᠴᠡ ᠨᠢ ᠰᠡᠮᠬᠡᠨ ᠲᠠᠭᠠᠵᠤ᠂ ᠲᠡᠭᠦᠨ ᠢ ᠨᠢᠬᠡ ᠠᠯᠬᠤᠮ ᠴᠸ᠋ ᠲᠠᠪᠠᠬᠤ ᠦᠭᠡᠢ ᠪᠠᠶᠢᠯ᠎ᠠ᠃ ᠴᠡᠷᠢᠭ ᠡᠷ᠎ᠡ ᠢᠢᠨ ᠦᠷᠦ ᠵᠢᠷᠦᠬᠡ ᠬᠡᠨᠡᠳᠳᠡ ᠪᠠᠷ ᠡᠮᠵᠡᠭ᠍ᠯᠡᠵᠦ ᠦᠪᠡᠷ ᠤᠨ ᠡᠷᠬᠡ ᠦᠭᠡᠢ ᠲᠡᠭ᠍ᠷᠢ ᠳᠤ ᠬᠠᠨᠳᠣᠨ᠄︽ᠳᠡᠭᠡᠳᠦ ᠲᠡᠭ᠍ᠷᠢ ᠮᠢᠨᠢ ᠡ᠂ ᠲᠦᠭᠡᠷᠢᠭ᠍ᠰᠡᠨ ᠬᠦᠮᠦᠨ ᠳᠤ ᠬᠡᠷ ᠨᠣᠳᠤᠭ ᠢ ᠨᠢ ᠣᠯᠭᠤᠨ ᠬᠠᠶᠢᠷᠠᠯᠠᠵᠣ᠂ ᠲᠦᠭᠡᠷᠢᠭ᠍ᠰᠡᠨ ᠭᠤᠣᠯ ᠳᠤ ᠵᠠᠮ ᠮᠦᠷ ᠢ ᠨᠢ ᠵᠢᠭᠠᠵᠣ ᠬᠠᠶᠢᠷᠠᠯᠠᠬᠤ ᠪᠣᠯᠪᠠ ᠦᠦ ︾ ᠬᠡᠵᠣ ᠭᠤᠶᠣᠯᠳᠠ ᠠᠶᠢᠯᠠᠳᠬᠠᠪᠠ᠃
ᠢᠩᠬᠢᠵᠣ ᠠᠶᠢᠯᠠᠳᠬᠠᠳᠠᠯᠠ ᠨᠡᠳᠦᠢᠢᠨ ᠰᠡᠭᠦᠢᠢᠭ᠍ᠰᠡᠨ ᠲᠣᠮᠣ ᠨᠢᠷᠣᠭᠤ ᠬᠤᠶᠠᠷ ᠲᠡᠶᠢᠰᠢ ᠪᠠᠨ ᠰᠠᠯᠪᠣᠷᠢᠯᠠᠨ ᠠᠮᠠ ᠭᠠᠷᠪᠠ᠃ ᠲᠡᠷᠡ ᠬᠦ ᠡᠷᠡᠭᠡᠯᠵᠡᠨ ᠳᠡᠳᠡᠭᠠᠯᠵᠠᠵᠣ ᠪᠠᠶᠢᠭᠰᠠᠨ ᠭᠤᠣᠯ ᠭᠱᠠᠨ ᠵᠠᠭᠤᠷ᠎ᠠ ᠰᠢᠪᠳᠣ ᠳᠠᠭᠠᠷᠢᠨ ᠣᠷᠣᠭᠰᠢ ᠪᠠᠨ ᠣᠷᠣᠰᠴᠣ ᠠᠪᠣᠷᠭᠤ ᠦᠷᠭᠡᠨ ᠭᠤᠣᠯ ᠪᠣᠯᠣᠭᠠᠳ ᠨᠢᠳᠦ ᠢᠷᠮᠡᠬᠦ ᠢᠢᠨ ᠵᠠᠭᠤᠷ᠎ᠠ ᠴᠡᠷᠢᠭ ᠡᠷ᠎ᠡ ᠢᠢ ᠢᠪᠡᠵᠣ ᠵᠠᠶᠢᠯᠠᠭᠤᠯᠣᠭᠠᠳ ᠭᠤᠣᠯ ᠤᠨ ᠬᠤᠶᠢᠳᠣ ᠲᠠᠯ᠎ᠠ ᠢᠢᠨ ᠡᠷᠬᠢᠨ ᠳᠡᠭᠡᠷ᠎ᠡ ᠬᠠᠶᠠᠪᠠ᠃ ᠴᠡᠷᠢᠭ ᠡᠷ᠎ᠡ ᠰᠣᠴᠢᠵᠣ ᠪᠠᠯᠠᠳᠠᠨ ᠪᠡᠶ᠎ᠡ ᠡᠷᠭᠢᠳᠡᠯ᠎ᠡ ᠬᠠᠷᠢᠨ ᠠᠭᠳᠠ ᠬᠦᠯᠦᠭ ᠲᠠᠢ ᠪᠠᠨ ᠴᠤᠭ ᠬᠠᠷᠢᠬᠤ ᠵᠦᠭ ᠢᠶᠠᠨ ᠤᠯᠤᠬᠰᠠᠨ ᠭᠡᠨ᠎ᠡ᠃
ᠡᠨᠡ ᠨᠢ ᠬᠡᠳᠦᠢᠪᠡᠷ ᠲᠤᠮᠤᠭ ᠶᠠᠷᠢᠶ᠎ᠠ ᠲᠡᠳᠦᠢ ᠴᠸ᠋ ᠬᠠᠷᠢᠨ ᠬᠦᠮᠦᠨ ᠪᠠ ᠭᠤᠤᠯ ᠤᠰᠤᠨ ᠤ ᠨᠢᠬᠡᠨ ᠬᠤᠯᠪᠤᠭᠠᠰᠤ ᠪᠤᠯᠵᠤ ᠪᠠᠶᠢᠳᠠᠭ᠃ ᠰᠢᠷᠬᠤᠰᠤᠨ ᠭᠤᠤᠯ ᠨᠢ ᠪᠠᠢ ᠢᠤᠢ ᠱᠠᠨ ᠠᠭᠤᠯᠠᠨ ᠤ ᠬᠤᠶᠢᠳᠤ ᠡ᠊ᠡᠭᠭᠡᠷ ᠡᠴᠡ ᠡᠬᠢ ᠠᠪᠴᠤ ᠮᠢᠡᠭ ᠤᠯᠤᠰ ᠤᠨ ᠦᠶ᠎ᠡ ᠵᠢᠨ ᠤᠷᠳᠤ ᠴᠠᠭᠠᠨ ᠬᠡᠷᠡᠮ ᠢ ᠲᠤᠭᠤᠯᠤᠨ ᠵᠢᠡᠭᠪᠢᠶᠡᠨ᠂ ᠤᠲᠤᠭ ᠤᠨ ᠡᠮᠦᠨᠡᠳᠤ ᠬᠤᠰᠢᠭᠤ᠂ ᠦᠤᠰᠢᠨ ᠬᠤᠰᠢᠭᠤ ᠪᠠᠷ ᠤᠷᠤᠰᠤᠨ ᠦᠡᠭᠭᠡᠷᠡᠵᠤ᠂ ᠪᠠᠳᠤ ᠵᠢᠨ ᠲᠤᠬᠤᠢ ᠪᠠᠷ ᠵᠡᠭᠦᠨᠰᠢ ᠡᠷᠬᠢᠵᠤ ᠦᠪᠡᠷ ᠤᠨ ᠴᠢᠭᠯᠡᠯ ᠵᠢᠡᠨ ᠡᠷᠢᠯᠬᠢᠯᠡᠵᠤ ᠵᠠᠮᠨᠠᠨᠠᠮ᠃
ᠭᠤᠤᠯ ᠮᠦᠷᠡᠨ ᠬᠤᠯᠠ ᠵᠢᠨ ᠬᠡᠴᠡᠭᠦᠦ ᠠᠶᠠᠨ ᠳ᠋ᠠᠭᠠᠨ ᠮᠢᠡᠭᠭᠠᠨ ᠨᠤᠭᠤᠯᠤᠭ᠎ᠠ ᠲᠦᠮᠡᠨ ᠪᠠᠷᠳᠠᠭ᠎ᠠ ᠵᠢ ᠲᠤᠭᠤᠯᠤᠨ ᠲᠠᠬᠢᠷᠯᠠᠨ ᠲᠠᠪᠠᠯᠭᠠᠯᠠᠵᠤ᠂ ᠤᠨ ᠴᠠᠭ ᠤᠨ ᠤᠯᠠᠷᠢᠯ ᠬᠤᠪᠢᠷᠠᠯᠳᠠ ᠳ᠋ᠤ ᠦᠪᠡᠷ ᠤᠨ ᠢᠶᠡᠨ ᠬᠡᠬᠦ ᠠᠶᠠᠨ ᠢᠶᠡᠨ ᠦᠷᠬᠦᠯᠵᠢᠯᠡᠬᠦᠯᠦᠭᠰᠡᠭᠡᠷ ᠁
︽ᠡᠭᠡ ᠭᠠᠵᠠᠷ ᠤᠨ ᠨᠤᠮ︾ ᠢ ᠤᠡᠭᠰᠢᠬᠤᠢ
ᠲᠡᠯᠡᠬᠡᠢ ᠵᠢᠨ ᠨᠤᠮ ᠤᠡᠭᠰᠢᠬᠤ ᠡᠳᠦᠷ ᠬᠦᠷᠴᠤ ᠢᠷᠡᠬᠦ ᠲᠠᠰᠢᠷᠠᠮ ᠵᠢᠡᠷ᠂ ᠭᠠᠵᠠᠷ ᠨᠤᠲᠤᠭ ᠤᠨ ᠲᠤᠬᠠᠢ ᠭᠠᠶᠢᠬᠠᠮᠰᠢᠬᠳᠠᠢ︽ᠦᠰᠦᠭ ᠦᠭᠡᠢ ᠨᠤᠮ︾ ︱ ᠰᠢᠷᠬᠤᠰᠤᠨ ᠭᠤᠤᠯ ᠤᠨ ᠬᠦᠪᠡᠭᠡ ᠪᠠᠷ ᠠᠯᠬᠤᠵᠤ᠂ ᠲᠡᠭᠦᠨ ᠢ ᠪᠡᠶ᠎ᠡ ᠰᠡᠳᠬᠢᠯ ᠵᠢᠡᠷ ᠵᠢᠡᠨ ᠤᠡᠭᠰᠢᠨ ᠮᠡᠳᠡᠷᠡᠵᠤ ᠶᠠᠪᠤᠯ᠎ᠠ᠃ ᠡᠨᠡ ᠬᠦ ︽ᠨᠤᠮ︾ ᠤ᠋ᠨ︽ᠨᠢᠬᠡᠳᠦᠬᠡᠷ ᠪᠦᠯᠦᠭ︾ ᠪᠤᠯ 14 ᠲᠦᠮᠡᠨ ᠵᠢᠯ ᠤᠨ ᠡᠮᠦᠨᠡᠬᠢ ᠡᠷᠳᠡᠨ ᠤ ᠬᠦᠮᠦᠨ ᠲᠦᠷᠦᠯᠬᠢᠳᠡᠨ ᠤ ᠰᠢᠳᠤ ᠵᠢᠨ ᠲᠡᠮᠲᠡᠭᠯᠡᠯ︔ ︽ᠬᠤᠶᠠᠳᠤᠭᠠᠷ ᠪᠦᠯᠦᠭ︾ ᠨᠢ ᠭᠤᠷᠪᠠᠨ ᠬᠤᠷᠤᠭᠤᠳᠤ ᠮᠤᠷᠢᠨ ᠤ ᠠᠷᠤᠭ ᠶᠠᠰᠤᠨ ᠳ᠋ᠤ ᠰᠡᠶᠢᠯᠦᠭᠳᠡᠵᠡᠢ︔ ︽ᠭᠤᠷᠪᠠᠳᠤᠭᠠᠷ ᠪᠦᠯᠦᠭ︾ ᠨᠢ ᠦᠶ᠎ᠡ ᠵᠢᠨ ᠦᠶ᠎ᠡ ᠤᠯᠠᠮᠵᠢᠯᠠᠵᠤ ᠶᠠᠷᠢᠬᠳᠠᠭᠰᠠᠨ ᠲᠤᠮᠤᠭ ᠶᠠᠷᠢᠶᠠᠨ ᠳ᠋ᠤ ᠨᠢᠭᠤᠴᠠᠯᠠᠬᠳᠠᠪᠠ︔︽ᠲᠦᠷᠪᠡᠳᠦᠬᠡᠷ ᠪᠦᠯᠦᠭ︾ᠨᠢ ᠰᠢᠷᠠᠠᠤᠰᠤᠨ ᠭᠤᠤᠯ ᠤᠨ ᠬᠦᠪᠡᠭᠡᠨ ᠳ᠋ᠡᠬᠢ ᠵᠠᠯᠠᠭᠤ ᠪᠦᠰᠡᠬᠦᠢ ᠵᠢᠨ ᠰᠢᠳᠤ ᠪᠤᠯᠠᠬᠰᠠᠨ ᠬᠦᠷᠦᠰᠦ ᠰᠢᠷᠤᠢ ᠳ᠋ᠤ ᠰᠢᠡᠭᠭᠡᠨᠡ᠃
ᠰᠢ᠊ · ᠮᠦᠷᠡᠨ ︽ᠬᠠᠶᠢᠷᠬᠠᠨ ᠳᠤ ᠪᠢᠴᠢᠭ᠍ᠰᠡᠨ 21 ᠵᠠᠬᠢᠳᠠᠯ︾ᠳ᠋ᠠᠭᠠᠨ︽ᠬᠠᠭᠤᠴᠢ ᠰᠣᠳᠣᠯᠣᠭᠴᠢ ᠡᠷᠳᠡᠮᠳᠡᠳ ᠣᠳᠣ ᠠᠴᠠ ᠲᠠᠪᠣᠨ ᠲᠦᠮᠡ ᠠᠴᠠ ᠭᠤᠷᠪᠠᠨ ᠲᠦᠮᠡ ᠲᠠᠪᠣᠨ ᠮᠢᠩᠭᠠᠨ ᠵᠢᠯ ᠤᠨ ᠡᠮᠦᠨᠡᠬᠢ ᠬᠠᠭᠤᠴᠢᠨ ᠴᠢᠯᠠᠭᠤᠨ ᠪᠠᠭᠠᠵᠢ ᠵᠢᠨ ᠰᠡᠭᠦᠯᠴᠢ ᠢᠢᠨ ᠦᠶ᠎ᠡ ᠢᠢᠨ ᠬᠦᠮᠦᠨ ᠲᠦᠷᠦᠯᠬᠢᠳᠡᠨ ᠤ ᠠᠵᠢᠯᠯᠠᠭᠠᠨ ᠤ ᠪᠠᠭᠤᠷᠢ ᠦᠯᠡᠳᠡᠭ᠍ᠳᠡᠯ ᠢ ᠡ᠊ᠨᠳᠡ ᠠᠴᠠ ᠮᠠᠯᠳᠠᠨ ᠢᠯᠡᠷᠡᠭᠦᠯᠦᠭ᠍ᠰᠡᠨ ᠶᠣᠮ ᠁ ᠶᠠᠭᠠᠬᠢᠵᠤ ᠬᠡᠯᠡᠭᠰᠡᠨ ᠴᠸ᠋᠂ ︿ᠤᠷᠳᠤᠰ ᠰᠢᠳᠤ﹀ᠬᠡᠮᠡᠭᠳᠡᠭᠰᠡᠨ ᠬᠡᠤᠬᠡᠳ ᠤᠨ ᠵᠡᠭᠦᠨ ᠲᠡᠭᠡᠷ᠎ᠡ ᠡᠭᠦᠳᠡᠨ ᠰᠢᠳᠤᠨ ᠤ ᠴᠢᠯᠠᠭᠤᠵᠢᠮᠠᠯ ᠢ ᠤᠳᠤ ᠹᠷᠠᠨᠽᠢ ᠵᠢᠨ ᠫᠠᠷᠢᠰ ᠤᠨ ᠮᠦᠽᠸᠢ ᠳ᠋ᠤ ᠬᠠᠳᠠᠭᠠᠯᠠᠵᠤ ᠪᠠᠶᠢᠨ᠎ᠠ︾ ᠬᠡᠵᠤ ᠪᠢᠴᠢᠵᠡᠢ᠃
ᠲᠡᠷᠡᠴᠢᠯᠡᠨ ᠲᠡᠭᠦᠨ ᠤ ᠪᠢᠷ ᠤᠨ ᠲᠤᠤᠷᠠᠬᠢ ︽ᠭᠠᠯᠵᠠᠭᠤ ᠰᠢᠷᠬᠤᠰᠤ︾ ᠡᠳᠦᠬᠡ ᠮᠦᠨ ᠯᠠ ᠤᠷᠳᠤᠰ ᠤᠨ ᠦᠨᠳᠦᠷᠯᠢᠭ ᠵᠢᠡᠷ ᠲᠠᠬᠢᠷᠯᠠᠨ ᠤᠷᠤᠰᠴᠤ᠂ ᠦᠡᠭᠭᠡᠷᠡᠨ ᠤᠳᠤᠬᠰᠠᠨ ᠤᠨ ᠵᠢᠯ ᠤᠳ ᠢ ᠬᠦᠲᠦᠯᠵᠤ᠂ ᠦᠨᠢ ᠮᠦᠡᠭᠭᠡ ᠵᠢᠨ ᠪᠤᠯᠪᠠᠰᠤᠨ ᠢ ᠦᠯᠡᠳᠡᠬᠡᠵᠤ ᠤᠷᠬᠢᠨ᠎ᠠ᠃
ᠨᠤᠮ ᠡᠴᠡ ᠦᠰᠦᠭ ᠪᠢᠴᠢᠭ ᠢ ᠤᠡᠭᠰᠢᠳᠠᠭ ᠪᠤᠯ ᠰᠢᠷᠬᠤᠰᠤᠨ ᠡᠴᠡ ᠬᠦᠷᠦᠰᠦᠳᠤ ᠲᠡᠯᠡᠬᠡᠢ ᠵᠢ ᠲᠠᠨᠢᠨ ᠮᠡᠳᠡᠷᠡᠨ᠎ᠡ᠃ ᠡ᠊ᠨᠳᠡ ᠲᠦᠭᠡᠷᠢᠭᠰᠡᠨ ᠭᠤᠤᠯ ᠴᠢᠭᠯᠡᠯ ᠵᠢᠡᠨ ᠤᠯᠵᠤ ᠤᠷᠤᠰᠤᠯ᠎ᠠ᠂ ᠲᠡᠨᠦᠭᠰᠡᠨ ᠬᠦᠮᠦᠨ ᠵᠠᠮ ᠵᠢᠡᠨ ᠤᠯᠵᠤ ᠨᠤᠲᠤᠬᠰᠢᠯᠠ᠃ ᠬᠠᠷᠢᠨ ᠰᠦᠨ ᠰᠢᠳᠤ ᠵᠢ ᠡᠭᠡ ᠭᠠᠵᠠᠷ ᠲᠸ᠋ ᠡᠭᠡᠭᠦᠯᠦᠨ ᠪᠤᠴᠠᠭᠠᠬᠤ ᠪᠤᠯ ᠠᠷᠪᠠᠨ ᠲᠦᠷᠪᠡᠨ ᠲᠦᠮᠡᠨ ᠵᠢᠯ ᠤᠨ ᠡᠮᠦᠨ᠎ᠡ ᠡᠴᠡ ᠦᠨᠦᠳᠦᠷ ᠪᠤᠯᠳᠠᠯ᠎ᠠ ᠶᠡᠷᠦ ᠡᠴᠡ ᠲᠠᠰᠤᠷᠠᠭ᠎ᠠ ᠦᠭᠡᠢ ᠡᠨᠡ ᠨᠤᠲᠤᠭ ᠤᠨ ᠴᠤᠤᠷᠢᠶ᠎ᠠ ᠪᠠᠶᠢᠭ᠎ᠠ ᠶᠤᠮ ᠰᠠᠨ᠃
ᠪᠢᠷᠴᠢᠨ ᠤ ᠡᠪᠦᠷ ᠲᠡᠮᠲᠡᠭᠯᠡᠯ᠄
ᠰᠢᠷᠬᠤᠰᠤᠨ ᠪᠠᠭᠤᠷᠢ ᠵᠢᠨ ᠮᠦᠽᠸᠢ ᠳ᠋ᠤ ︽ᠤᠷᠳᠤᠰ ᠰᠢᠳᠤ︾ᠵᠢᠨ ᠬᠠᠭᠤᠯᠪᠤᠷᠢ ᠰᠢᠳᠤ ᠤᠯᠠᠨ ᠤ ᠡᠮᠦᠨ᠎ᠡ ᠲᠡᠯᠬᠡᠭᠳᠡᠨᠡ᠃ ᠬᠡᠳᠦᠢᠢᠪᠡᠷ ᠦᠨᠡᠨ ᠰᠢᠳᠤ ᠨᠢ ᠫᠠᠷᠢᠰ ᠲᠸ᠋ ᠪᠠᠶᠢᠭ᠎ᠠ ᠴᠸ᠋ ᠲᠡᠭᠦᠨ ᠤ ᠰᠡᠭᠦᠳᠡᠷ ᠨᠢ ᠨᠤᠲᠤᠭ ᠲᠠᠭᠠᠨ ᠦᠯᠡᠳᠡᠪᠡ᠃
ᠵᠠᠯᠠᠭᠤ ᠪᠦᠰᠡᠬᠦᠢ ᠵᠢᠨ ᠪᠤᠯᠠᠬᠰᠠᠨ ᠰᠦᠨ ᠰᠢᠳᠤ ᠨᠢ ᠠᠯᠤᠰ ᠢᠷᠡᠭᠡᠳᠦᠢ ᠳ᠋ᠤ ᠠᠯᠢ ᠨᠢᠭᠡᠨ ᠬᠠᠭᠤᠴᠢ ᠰᠤᠳᠤᠯᠤᠭᠠᠴᠢ ᠵᠢᠨ ᠢᠯᠡᠷᠡᠭᠦᠯᠦᠯᠳᠡ ᠪᠤᠯᠵᠤ ᠴᠸ᠋ ᠮᠠᠭᠠᠳ᠃ ᠲᠡᠳᠡ ᠮᠠᠨᠢ ᠤᠳᠤ ᠦᠶ᠎ᠡ ᠵᠢᠨ ᠶᠤᠰᠤ ᠵᠠᠡᠭᠰᠢᠯ ᠪᠠ ᠪᠡᠯᠭᠡᠳᠡᠯ ᠰᠠᠨᠠᠭ᠎ᠠ ᠠᠬᠤᠢ ᠵᠢ ᠬᠡᠷᠬᠢᠨ ᠲᠠᠶᠢᠯᠪᠤᠷᠢᠯᠠᠳᠠᠭ ᠪᠤᠯ︖ ᠠᠮᠢ ᠨᠠᠰᠤᠨ ᠤ ᠲᠤᠬᠠᠢ ᠲᠡᠭᠡᠳᠤᠯᠡᠯ᠂ ᠤᠯᠠᠮᠵᠢᠯᠠᠯ ᠵᠠᠯᠭᠠᠮᠵᠢᠯᠠᠯ ᠤᠨ ᠲᠤᠬᠠᠢ ᠪᠠᠷᠢᠮᠳᠠᠯᠠᠯ ᠢ ᠤᠶᠢᠯᠠᠭᠠᠵᠤ ᠴᠢᠳᠠᠳᠠᠭ ᠪᠤᠯ︖ ᠪᠢᠳᠠ ᠬᠦᠷᠦᠰᠦ ᠲᠡᠯᠡᠬᠡᠢ ᠳ᠋ᠤ ᠤᠯᠠ ᠮᠦᠷ ᠵᠢᠡᠨ ᠦᠯᠡᠳᠡᠭᠡᠵᠤ᠂ ᠬᠦᠷᠦᠰᠦ ᠲᠡᠯᠡᠬᠡᠢ ᠪᠢᠳᠠᠨ ᠤ ᠪᠡᠶ᠎ᠡ ᠲᠡᠭᠡᠷ᠎ᠡ ᠢᠮ ᠲᠠᠮᠠᠭ᠎ᠠ ᠪᠠᠨ ᠲᠠᠮᠠᠭᠠᠯᠠᠵᠤ ᠪᠤᠢ᠃ ᠨᠤᠮ ᠤᠡᠭᠰᠢᠬᠤ ᠨᠢ ᠬᠦᠮᠦᠨ ᠤ ᠤᠯᠠ ᠮᠦᠷ ᠢ ᠬᠦᠷᠦᠰᠦ ᠲᠡᠯᠡᠬᠡᠢ ᠵᠢᠨ ᠢᠮ ᠲᠠᠮᠠᠭᠠᠨ ᠳ᠋ᠤ ᠰᠢᠡᠭᠭᠡᠭᠡᠨ᠂ ᠦᠬᠡ ᠦᠰᠦᠭ ᠤᠨ ᠲᠤᠲᠤᠷ᠎ᠠ ᠦᠨᠢᠳᠡ ᠠᠭᠤᠰᠤᠯᠴᠠᠭᠤᠯᠤᠨ ᠮᠦᠡᠭᠭᠡᠷᠡᠭᠦᠯᠦᠨᠡ᠃ ᠡᠨᠡ ᠪᠤᠯ ᠪᠤᠯᠪᠠᠰᠤᠨ ᠤ ᠤᠳᠬ᠎ᠠ ᠴᠢᠨᠠᠷ ᠪᠤᠶᠤ᠃
