ᠰᠢᠷ᠎ᠠ ᠲᠠᠯ᠎ᠠ  ᠢᠢᠨ ᠡᠬᠢ

 ᠄ 2025-02-18 10:20:32

ᠰᠢᠷ᠎ᠠ ︱ ᠤᠨᠠᠬᠤ ᠳᠤ ᠲᠤᠰᠤᠭᠰᠠᠨ ᠡᠯᠡᠰᠦᠨ ᠤ ᠦᠩᠭᠡ

ᠲᠠᠯ᠎ᠠ ︱ ᠤᠬᠢᠯᠠᠬᠤ ᠳᠤ ᠲᠠᠭᠤᠯᠠᠭᠰᠠᠨ ᠠᠯᠳᠠᠢ ᠢᠢᠨ ᠭᠡᠭᠡᠷ᠎ᠡ

ᠠᠭᠤᠵᠢᠮᠬᠠᠨ ᠠᠮᠢᠰᠬᠤᠯᠯᠠᠬᠤ ᠴᠡᠭᠡᠵᠢᠨ ᠤ ᠮᠢᠨᠢ ᠤᠤᠭᠠᠨ ᠦᠷ

ᠰᠢᠷ᠎ᠠ ︱ ᠭᠤᠪᠢ ᠢᠢᠨ ᠮᠢᠨᠢ ᠬᠤᠯᠠᠨ ᠤ ᠦᠨᠦᠷ

ᠲᠠᠯ᠎ᠠ ︱ ᠲᠡᠭ᠍ᠷᠢ ᠢᠢᠨ ᠮᠢᠨᠢ ᠰᠡᠳᠭᠢᠯ ᠤᠨ ᠠᠳᠠᠭᠠᠷ

ᠰᠢᠵᠢᠷᠳᠡᠨ ᠬᠠᠯᠢᠭᠤᠷᠠᠬᠤ ᠪᠤᠳᠤᠯ ᠤᠨ ᠮᠢᠨᠢ ᠪᠤᠮᠠᠨ ᠲᠤᠰᠤᠯ

ᠰᠢᠷ᠎ᠠ ︱ ᠴᠡᠴᠡᠭᠡᠰ ᠤᠨ ᠮᠢᠨᠢ ᠵᠢᠰᠦᠨ ᠤ ᠵᠢᠷᠤᠭ

ᠲᠠᠯ᠎ᠠ ︱ ᠲᠡᠭᠡᠳᠦᠰ ᠤᠨ ᠮᠢᠨᠢ ᠰᠦᠰᠦᠨ ᠤ ᠬᠦᠷᠦᠭ

ᠬᠦᠳᠡᠩᠳᠦᠨ ᠤᠨᠢᠶᠠᠷᠳᠤᠬᠤ ᠨᠤᠳᠤᠭ ᠤᠨ ᠮᠢᠨᠢ ᠨᠡᠬᠦᠳᠡᠯ ᠪᠠᠷ᠎ᠠ

ᠰᠢᠷ᠎ᠠ ︱ ᠰᠤᠪᠤᠷᠭᠠᠨ ᠤ ᠮᠢᠨᠢ ᠠᠯᠳᠠᠨ ᠭᠠᠨᠵᠢᠷ᠎ᠠ ᠢᠢᠨ ᠲᠠᠭᠤᠨ

ᠲᠠᠯ᠎ᠠ ︱ ᠰᠦᠮ᠎ᠡ ᠢᠢᠨ ᠮᠢᠨᠢ ᠠᠳᠢᠰᠳᠤ ᠨᠤᠮ ᠤᠨ ᠬᠤᠳᠤᠭ

ᠨᠦᠮᠵᠦᠭ᠍ᠯᠡᠨ ᠨᠤᠶᠢᠷᠮᠤᠭᠯᠠᠬᠤ ᠴᠤᠭᠴᠠᠰ ᠤᠨ ᠮᠢᠨᠢ ᠨᠤᠶᠢᠳᠠᠨ ᠰᠡᠬᠦᠳᠡᠷ

ᠰᠢᠷ᠎ᠠ ︱ ᠲᠠᠷᠴᠤᠭ ᠤᠨ ᠭᠤᠤᠯ ᠳᠤ ᠰᠠᠭᠠᠳᠠᠭᠰᠠᠨ ᠭᠡᠭᠡᠨ ᠭᠡᠷᠡᠯ

ᠲᠠᠯ᠎ᠠ ︱ ᠲᠡᠯᠡᠭᠡᠢ ᠢᠢᠨ ᠲᠦᠪ ᠲᠤ ᠪᠠᠶᠢᠷᠢᠯᠠᠭᠰᠠᠨ ᠭᠡᠨᠡᠨ ᠰᠡᠷᠡᠯ

ᠬᠦᠪᠴᠢᠷᠡᠨ ᠴᠢᠩᠭᠠᠷᠠᠬᠤ ᠨᠤᠮᠤᠨ ᠤ ᠮᠢᠨᠢ ᠲᠠᠯᠠᠪᠴᠢᠨ ᠰᠤᠮᠤ

ᠰᠢᠷ᠎ᠠ ᠲᠠᠯ᠎ᠠ

ᠬᠠᠷᠠᠭᠰᠠᠭᠠᠷ ᠬᠠᠷᠠᠭᠰᠠᠭᠠᠷ ᠬᠤᠯᠠᠳᠬᠤ ᠰᠠᠯᠬᠢᠨ ᠤ ᠰᠡᠵᠢᠬᠦᠷ

ᠰᠢᠷ᠎ᠠ ᠲᠠᠯ᠎ᠠ

ᠲᠡᠯᠡᠷᠡᠭ᠍ᠰᠡᠭᠡᠷ ᠲᠡᠯᠡᠷᠡᠭ᠍ᠰᠡᠭᠡᠷ ᠲᠡᠪᠡᠷᠡᠬᠦ ᠦᠶᠡᠷ ᠤᠨ ᠦᠵᠦᠬᠦᠷ᠃